ᠨᠠᠢ᠌ᠮᠠᠨ ᠬᠤᠰᠢᠭᠤᠨ ᠤ ᠨᠢᠭᠦᠯᠡᠰᠦᠩᠭᠦᠢ ᠶ᠋ᠢᠨ ᠶᠡᠷᠦᠩᠬᠡᠢ ᠡᠪᠯᠡᠯ ᠶᠠᠳᠠᠭᠤ ᠶ᠋ᠢ ᠳᠡᠦᠨᠬᠦᠬᠦ ᠳ᠋ᠦ ᠬᠤᠪᠢ ᠨᠡᠮᠡᠷᠢ ᠪᠡᠨ ᠦᠵᠡᠭᠦᠯᠵᠦ ᠪᠤᠢ

ᠣᠩᠰᠢᠭᠰᠠᠨ ᠤᠳᠠᠭ᠎ᠠ ᠄ 6556     ᠨᠡᠶᠢᠳᠡᠯᠡᠭᠰᠡᠨ ᠴᠠᠭ ᠄ 2018/9/16 9:12:49

   ᠨᠠᠢᠮᠠᠨ ᠬᠤᠰᠢᠭᠤᠨ ᠤ ᠨᠢᠭᠦᠯᠡᠰᠦᠩᠭᠦᠢ ᠶ᠋ᠢᠨ ᠶᠡᠷᠦᠩᠬᠡᠢ ᠡᠪᠯᠡᠯ ᠶᠠᠳᠠᠭᠤ ᠶ᠋ᠢ ᠳᠡᠦᠨᠬᠦᠬᠦ ᠨᠡᠶᠢᠭᠡᠮ ᠦᠨ ᠠᠵᠢᠯᠯᠠᠭᠠᠨ ᠳ᠋ᠤ ᠢᠳᠡᠪᠬᠢᠲᠡᠢ ᠣᠷᠤᠯᠴᠠᠨ ᠬᠤᠪᠢᠨ ᠤ ᠣᠨᠴᠠᠯᠢᠬᠳᠣ ᠬᠤᠪᠢ ᠨᠡᠮᠡᠷᠢ ᠪᠡᠨ ᠦᠵᠡᠭᠦᠯᠵᠦ ᠪᠠᠶᠢᠨ᠎ᠠ ᠃ ᠣᠳᠤᠬᠠᠨ ᠳ᠋ᠤ ᠲᠣᠰ ᠡᠪᠯᠡᠯ ᠨᠢ ᠥᠪᠥᠷ ᠮᠤᠩᠭᠤᠯ ᠤᠨ ᠪᠠᠩᠬᠢ ᠪᠣᠯᠣᠨ ᠬᠥᠳᠡᠭᠡ ᠲᠣᠰᠬᠤᠨ ᠤ ᠬᠣᠷᠰᠢᠬᠰᠠᠨ ᠪᠠᠩᠬᠢ ᠲᠠᠢ ᠬᠣᠯᠪᠤᠭᠠᠯᠠᠨ 1200 ᠲᠦᠮᠡᠨ ᠲᠥᠭᠦᠷᠢᠭ ᠦᠨ ᠪᠡᠯᠡᠨ ᠮᠥᠩᠭᠥ ᠶ᠋ᠢᠨ ᠬᠤᠪᠢ ᠣᠷᠤᠭᠤᠯᠵᠤ ᠲᠣᠰ 2 ᠪᠠᠩᠬᠢ 10 ᠳᠠᠬᠢᠨ ᠢᠶᠠᠷ ᠢᠯᠡᠭᠦᠦ ᠵᠢᠭᠡᠯᠡᠯᠭᠡ ᠲᠠᠯᠪᠢᠵᠤ᠂ 6 ᠰᠠᠷ᠎ᠠ ᠶ᠋ᠢᠨ ᠡᠴᠦᠰ ᠪᠣᠯᠲᠠᠯ᠎ᠠ ᠨᠡᠶᠢᠲᠡ 3056 ᠡᠷᠦᠬᠡ ᠳ᠋ᠦ 11561.3 ᠲᠦᠮᠡᠨ ᠲᠥᠭᠦᠷᠢᠭ ᠦᠨ ᠵᠢᠭᠡᠯᠡᠯᠭᠡ ᠲᠠᠯᠪᠢᠵᠤ 9000 ᠭᠠᠷᠤᠢ ᠠᠷᠠᠳ ᠠᠰᠢᠭ ᠬᠦᠷᠲᠡᠵᠡᠢ ᠃ ᠡᠨᠡ ᠵᠢᠯ ᠲᠣᠰ ᠡᠪᠯᠡᠯ ᠨᠢ ᠦᠶᠡᠷ  ᠤᠰᠤᠨ ᠤ ᠭᠠᠮᠰᠢᠭ ᠲᠤ ᠳᠠᠭᠠᠷᠢᠬᠳᠠᠬᠰᠠᠨ 2 ᠲᠣᠰᠬᠤᠨ ᠂ ᠭᠠᠯ ᠤᠨ ᠠᠶᠤᠯ ᠳ᠋ᠤ ᠭᠠᠮᠰᠢᠬᠳᠠᠬᠰᠠᠨ 9 ᠶᠠᠳᠠᠭᠤ ᠡᠷᠦᠬᠡ ᠶ᠋ᠢ ᠴᠠᠭ ᠲᠣᠬᠠᠢ ᠳ᠋ᠦ᠋ᠨᠢ ᠠᠮᠵᠢᠨ ᠲᠤᠰᠠᠯᠠᠵᠤ ᠂ ᠬᠣᠲᠠ ᠬᠥᠳᠡᠭᠡ ᠶ᠋ᠢᠨ ᠳᠣᠤᠷ᠎ᠠ ᠪᠠᠳᠤᠯᠠᠭᠠᠳᠤ ᠡᠷᠦᠬᠡ ᠶ᠋ᠢᠨ ᠬᠥᠨᠳᠦ ᠡᠪᠡᠦᠨᠴᠢᠲᠡᠨ ᠪᠠ ᠲᠠᠷᠢᠶᠠᠯᠠᠩ ᠮᠠᠯ ᠠᠵᠤ ᠠᠬᠤᠢ ᠣᠢ ᠰᠢᠭᠤᠢ ᠤᠰᠤᠨ ᠠᠰᠢᠬᠯᠠᠯᠲᠠ ᠶ᠋ᠢᠨ ᠰᠢᠰᠲ᠋ᠧᠮ ᠦᠨ ᠴᠠᠯᠢᠩ ᠤᠨ ᠲᠠᠷᠢᠶ᠎ᠠ ᠲᠥᠰᠢᠭᠯᠡᠨ ᠠᠮᠢᠳᠤᠷᠠᠵᠤ ᠪᠠᠶᠢᠭ᠎ᠠ ᠬᠥᠨᠳᠦ ᠡᠪᠡᠦᠨᠴᠢᠲᠡᠨ ᠢ ᠭᠣᠤᠯᠳᠠᠯᠭ᠎ᠠ ᠲᠠᠢ ᠲᠤᠰᠠᠯᠠᠨ ᠠᠪᠤᠷᠠᠵᠤ ᠣᠨᠴᠠᠭᠠᠢ ᠬᠠᠷᠠᠭᠠᠯᠵᠠᠯ ᠦᠵᠡᠭᠦᠯᠵᠡᠢ ᠃ ᠪᠠᠰᠠ ᠵᠢᠭᠡᠯᠡᠯᠭᠡ ᠪᠤᠴᠠᠭᠠᠬᠤ ᠴᠢᠳᠠᠪᠤᠷᠢ ᠦᠭᠡᠢ ᠂ ᠠᠵᠤ ᠤᠶᠢᠯᠡᠰ ᠡᠵᠡᠩᠨᠡᠬᠦ ᠴᠢᠳᠠᠪᠬᠢ ᠦᠭᠡᠢ ᠂ ᠠᠵᠢᠯᠯᠠᠵᠤ ᠬᠥᠳᠡᠯᠮᠦᠷᠢᠯᠡᠬᠦ ᠲᠡᠩᠬᠡᠭᠡ ᠦᠭᠡᠢ ᠂ ᠤᠶᠢᠷ᠎ᠠ ᠲᠥᠷᠥᠯ ᠬᠠᠨᠢ ᠨᠠᠶᠢᠵᠠᠰ ᠤᠨ ᠬᠠᠪᠰᠤᠷᠤᠯᠭ᠎ᠠ ᠦᠭᠡᠢ ᠣᠨᠴᠠ ᠬᠦᠴᠢᠷᠲᠡᠢ 352 ᠡᠷᠦᠬᠡ 1041 ᠬᠦᠮᠦᠨ ᠳ᠋ᠦ ᠠᠪᠤᠷᠠᠨ ᠳᠤᠰᠠᠯᠠᠬᠤ ᠮᠥᠩᠭᠥ 69.2 ᠲᠦᠮᠡᠨ ᠲᠥᠭᠦᠷᠢᠭ ᠲᠠᠷᠬᠠᠭᠠᠵᠠᠢ ᠃                             
                                         ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ