ᠬᠠᠤᠯᠢ ᠲᠥᠷᠢᠮ ᠢᠶ᠋ᠡᠷ ᠵᠠᠰᠠᠨ ᠬᠣᠷᠰᠢᠶᠠᠵᠢᠯ ᠵᠣᠭᠠᠴᠠᠯ ᠢᠶᠠᠷ ᠳᠡᠭᠵᠢᠷᠡᠨ ᠬᠥᠭᠵᠢᠭᠡ -- ᠲᠥᠷᠪᠡᠨ ᠣᠪᠣᠭ᠎ᠠ ᠭᠠᠴᠠᠭ᠎ᠠ

ᠣᠩᠰᠢᠭᠰᠠᠨ ᠤᠳᠠᠭ᠎ᠠ ᠄ 7371     ᠨᠡᠶᠢᠳᠡᠯᠡᠭᠰᠡᠨ ᠴᠠᠭ ᠄ 2018/9/15 15:04:53

   ᠪᠠᠶᠠᠨᠲᠠᠯ᠎ᠠ ᠰᠤᠮᠤ ᠶ᠋ᠢᠨ ᠲᠥᠷᠪᠡᠨ ᠣᠪᠣᠭ᠎ᠠ ᠭᠠᠴᠠᠭ᠎ᠠ ᠪᠣᠯ ᠨᠠᠢᠮᠠᠨ ᠬᠤᠰᠢᠭᠤᠨ ᠤ ︿ ︿ ᠠᠷᠠᠣᠨᠴᠢᠯᠠᠯ ᠬᠠᠤᠯᠢ ᠪᠠᠷ ᠵᠠᠰᠠᠬᠤ ᠵᠢᠱᠢᠶ᠎ᠡ ᠦᠵᠡᠭᠦᠯᠬᠦ ᠲᠣᠰᠬᠤᠨ ﹀ ﹀ ᠪᠠᠶᠢᠭ᠎ᠠ ᠶᠤᠮ ᠃
   ᠲᠥᠷᠪᠡᠨ ᠣᠪᠣᠭ᠎ᠠ ᠭᠠᠴᠠᠭ᠎ᠠ ᠨᠢ ᠡᠯᠡᠰᠦᠨ ᠴᠦᠯ ᠦᠨ ᠭᠦᠨ ᠳ᠋ᠦ ᠪᠠᠶᠢᠷᠢᠰᠢᠵᠤ 65 ᠡᠷᠦᠬᠡ 235 ᠬᠦᠮᠦᠨ ᠠᠮᠠ ᠲᠠᠢ ᠮᠤᠩᠭᠤᠯ ᠲᠣᠰᠬᠤᠨ ᠃ ᠤᠶᠢᠷ᠎ᠠ ᠶ᠋ᠢᠨ ᠵᠢᠯ ᠳ᠋ᠦ ᠲᠣᠰ ᠭᠠᠴᠠᠭ᠎ᠠ ︿ ︿ ᠠᠷᠠᠣᠨᠴᠢᠯᠠᠯ ᠬᠠᠤᠯᠢ ᠪᠠᠷ ᠵᠠᠰᠠᠬᠤ ᠵᠢᠱᠢᠶ᠎ᠡ ᠦᠵᠡᠭᠦᠯᠬᠦ ᠲᠣᠰᠬᠤᠨ ﹀ ﹀  ᠢ ᠡᠭᠦᠳᠦᠨ ᠪᠠᠶᠢᠭᠤᠯᠬᠤ ᠠᠵᠠ ᠳᠣᠬᠢᠶᠠᠯ ᠢᠶᠠᠷ ᠣᠯᠠᠨ ᠲᠦᠮᠡᠨ ᠦ ᠠᠵᠢᠯ ᠢ ᠢᠳᠡᠪᠬᠢᠲᠡᠢ ᠥᠷᠨᠢᠭᠦᠯᠦᠨ ᠰᠠᠭᠤᠷᠢ ᠨᠥᠭᠦᠴᠡᠯ ᠢᠶ᠋ᠡᠨ ᠰᠠᠶᠢᠵᠢᠷᠠᠭᠤᠯᠵᠤ ᠲᠣᠰᠬᠤᠨ ᠤ ᠣᠯᠠᠨ ᠢᠶᠡᠨ ᠳᠠᠶᠢᠴᠢᠯᠠᠨ ᠠᠵᠤ ᠠᠬᠤᠢ ᠪᠠᠨ ᠬᠥᠭᠵᠢᠭᠦᠯᠵᠦ ᠠᠷᠠᠳ ᠤᠨ ᠣᠷᠤᠯᠭ᠎ᠠ ᠶ᠋ᠢ ᠨᠡᠮᠡᠭᠳᠡᠭᠦᠯᠦᠨ ᠪᠠᠶᠠᠵᠢᠨ ᠳᠡᠭᠵᠢᠷᠡᠵᠦ ᠂ ᠦᠨᠳᠦᠰᠦᠨ ᠱᠠᠳᠤᠨ ᠤ ᠠᠷᠠᠣᠨᠴᠢᠯᠠᠯ ᠬᠠᠤᠯᠢ ᠪᠠᠷ ᠵᠠᠰᠠᠬᠤ ᠬᠠᠮᠢᠶᠠᠷᠤᠯᠲᠠ ᠶ᠋ᠢᠨ ᠬᠢᠷᠢ ᠲᠥᠪᠰᠢᠨ ᠢᠶ᠋ᠡᠨ ᠳᠠᠰᠤᠷᠠᠯᠲᠠ ᠦᠭᠡᠢ ᠳᠡᠭᠡᠭᠰᠢᠯᠡᠭᠦᠯᠵᠦ ᠬᠥᠭᠵᠢᠯᠲᠡ ᠶ᠋ᠢᠨ ᠠᠯᠬᠤᠮ ᠢᠶᠡᠨ ᠲᠥᠷᠭᠡᠦᠨᠬᠡᠵᠦ ᠪᠠᠶᠢᠨ᠎ᠠ ᠃
   ᠲᠥᠷᠪᠡᠨ ᠣᠪᠣᠭ᠎ᠠ ᠭᠠᠴᠠᠭ᠎ᠠ ︿ ︿ ᠬᠠᠤᠯᠢ ᠶ᠋ᠢᠨ ᠬᠥᠮᠦᠵᠢᠯ ᠂ ᠠᠷᠠᠣᠨᠴᠢᠯᠠᠯ ᠤᠨ ᠪᠠᠶᠢᠭᠤᠯᠤᠯᠲᠠ ᠂ ᠬᠠᠤᠯᠢ ᠪᠠᠷ ᠵᠠᠰᠠᠬᠤ ᠪᠠ ᠨᠡᠶᠢᠭᠡᠮ ᠦᠨ ᠠᠮᠤᠷ ᠲᠥᠪᠰᠢᠨ ﹀ ﹀ ᠢᠶᠠᠷ ᠠᠷᠠᠣᠨᠴᠢᠯᠠᠯ ᠬᠠᠤᠯᠢ ᠪᠠᠷ ᠵᠠᠰᠠᠬᠤ ᠵᠢᠱᠢᠶ᠎ᠡ ᠦᠵᠡᠭᠦᠯᠬᠦ ᠲᠣᠰᠬᠤᠨ ᠢ ᠡᠭᠦᠳᠦᠨ ᠪᠠᠶᠢᠭᠤᠯᠬᠤ ᠠᠭᠤᠯᠭ᠎ᠠ ᠪᠣᠯᠭᠠᠵᠤ ᠂ ᠲᠣᠰᠬᠤᠨ ᠤ ᠨᠠᠮ ᠤᠨ ᠡᠭᠦᠷ ᠦᠨ ᠱᠦᠵᠢ ᠪᠡᠷ ᠳᠣᠭᠤᠶᠢᠯᠠᠩ ᠤᠨ ᠳᠠᠷᠤᠭ᠎ᠠ ᠪᠣᠯᠭᠠᠬᠰᠠᠨ ︿ ︿ ᠠᠷᠠᠣᠨᠴᠢᠯᠠᠯ ᠬᠠᠤᠯᠢ ᠪᠠᠷ ᠵᠠᠰᠠᠬᠤ ᠵᠢᠱᠢᠶ᠎ᠡ ᠦᠵᠡᠭᠦᠯᠬᠦ ᠲᠣᠰᠬᠤᠨ ﹀ ﹀ ᠢ ᠡᠭᠦᠳᠦᠨ ᠪᠠᠶᠢᠭᠤᠯᠬᠤ ᠠᠵᠢᠯᠯᠠᠭ᠎ᠠ ᠶ᠋ᠢ ᠤᠳᠤᠷᠢᠣᠨᠬᠤ  ᠳᠣᠭᠤᠶᠢᠯᠠᠩ ᠪᠠᠶᠢᠭᠤᠯᠵᠠᠢ ᠃ ᠬᠠᠮᠳᠤ ᠳ᠋ᠦ᠋ᠨᠢ ︿ ︿ ᠲᠣᠰᠬᠤᠨ ᠤ ᠲᠥᠷᠢᠮ ᠠᠷᠠᠳ ᠤᠨ ᠭᠡᠷ᠎ᠡ ﹀ ﹀ ᠂ ︿ ︿ ᠲᠣᠰᠬᠤᠨ ᠤ ᠶᠠᠪᠤᠳᠠᠯ ᠡᠳ᠋ ᠦᠨ ᠶᠠᠪᠤᠳᠠᠯ ᠢ ᠢᠯᠡ ᠪᠣᠯᠭᠠᠬᠤ ᠲᠥᠷᠢᠮ ﹀ ﹀ ᠵᠡᠷᠭᠡ ᠬᠦᠴᠦᠨ ᠪᠦᠬᠦᠢ ᠲᠥᠷᠢᠮ ᠳᠣᠬᠲᠠᠭᠠᠯ ᠢ ᠳᠣᠬᠲᠠᠭᠠᠨ ᠲᠡᠭᠦᠯᠳᠡᠷᠵᠢᠭᠦᠯᠵᠦ ᠂ ᠵᠢᠷᠤᠮᠯᠠᠬᠤ ᠲᠥᠷᠢᠮ ᠲᠠᠢ ᠪᠠᠶᠢᠵᠤ ᠬᠠᠮᠢᠶᠠᠷᠤᠯᠲᠠ ᠲᠥᠷᠢᠮᠵᠢᠯ ᠲᠠᠢ ᠪᠤᠯᠵᠠᠢ᠃ ︿ ︿ ᠠᠷᠠᠣᠨᠴᠢᠯᠠᠯ ᠬᠠᠤᠯᠢ ᠪᠠᠷ ᠵᠠᠰᠠᠬᠤ ᠵᠢᠱᠢᠶ᠎ᠡ ᠦᠵᠡᠭᠦᠯᠬᠦ ᠲᠣᠰᠬᠤᠨ ﹀ ﹀ ᠢ ᠡᠭᠦᠳᠦᠨ ᠪᠠᠶᠢᠭᠤᠯᠬᠤ ᠠᠵᠢᠯᠯᠠᠭ᠎ᠠ ᠨᠢ ᠲᠥᠷᠪᠡᠨ ᠣᠪᠣᠭ᠎ᠠ ᠭᠠᠴᠠᠭᠠᠨ ᠳ᠋ᠤ ᠠᠰᠤᠷᠤ ᠰᠠᠶᠢᠨ ᠠᠤᠭ᠎ᠠ ᠶᠡᠬᠡ ᠬᠣᠪᠢᠷᠠᠯᠲᠠ ᠶ᠋ᠢ ᠠᠪᠴᠢᠷᠠᠨ ᠥᠭᠴᠡᠢ ᠃ ᠰᠣᠩᠭᠤᠭᠤᠯᠢ ᠶ᠋ᠢᠨ ᠠᠵᠢᠯ ᠬᠠᠤᠯᠢ ᠶᠣᠰᠤᠭᠠᠷ ᠰᠢᠭᠤᠣᠨᠷᠠᠩᠭᠤᠢ ᠶᠠᠪᠣᠬᠳᠠᠵᠤ ᠂ ᠣᠯᠠᠨ ᠳ᠋ᠠᠭᠠᠨ ᠢᠲᠡᠭᠡᠯᠲᠡᠢ ᠣᠷᠴᠢᠨ ᠳ᠋ᠠᠭᠠᠨ ᠬᠦᠷᠢᠶᠡᠯᠡᠯᠲᠡᠢ᠂ ᠡᠷᠴᠢ ᠵᠣᠷᠢᠭ ᠲᠠᠢ᠂ ᠡᠷᠳᠡᠮ ᠮᠡᠳᠡᠯᠭᠡ ᠲᠠᠢ᠂ ᠥᠨᠳᠦᠷ ᠤᠬᠠᠮᠰᠠᠷ ᠲᠠᠢ ᠥᠯᠡᠮᠵᠢ ᠴᠢᠳᠠᠪᠤᠷᠢ ᠲᠠᠢ ᠠᠷᠢᠭᠤᠨ ᠴᠢᠭᠡᠴᠢ ᠰᠠᠨᠠᠭ᠎ᠠ ᠲᠠᠢ ᠣᠯᠠᠨ ᠳ᠋ᠠᠭᠠᠨ ᠤᠶᠢᠯᠡᠴᠢᠯᠡᠬᠦ ᠰᠡᠦᠨᠬᠢᠯ ᠲᠠᠢ  ᠬᠥᠮᠥᠰ ︿ ︿ ᠬᠣᠶᠠᠷ ᠪᠠᠭ ﹀ ﹀ ᠲᠦ ᠣᠷᠤᠵᠠᠢ ᠃ ᠲᠣᠰᠬᠤᠨ ᠤ ᠨᠠᠮ ᠤᠨ ᠡᠭᠦᠷ ᠦᠨ ᠱᠦᠵᠢ  ᠬᠡᠦ ᠪᠣᠤ ᠯᠢᠨ ᠄ ︿ ︿ ᠮᠠᠨ ᠤ ᠲᠣᠰᠬᠤᠨ ᠤ ᠬᠢᠨ ᠨᠠᠮ ᠣᠯᠠᠨ ᠲᠦᠮᠡᠨ ᠪᠠ ᠺᠠᠳ᠋ᠷ ᠣᠯᠠᠨ ᠲᠦᠮᠡᠨ ᠦ ᠬᠠᠷᠢᠴᠠᠭ᠎ᠠ ᠤᠯᠠᠮ ᠨᠢᠬᠲᠠᠷᠠᠵᠤ ᠂ ᠪᠠᠭ ᠤᠨ ᠪᠠᠶᠢᠯᠳᠤᠬᠤ ᠬᠦᠴᠦᠨ ᠨᠡᠩᠳᠡ ᠴᠢᠩᠭᠠᠷᠠᠵᠤ ᠂ ᠬᠠᠤᠯᠢ ᠲᠥᠷᠢᠮ ᠶᠣᠰᠤᠭᠠᠷ ᠠᠵᠢᠯᠯᠠᠵᠤ  ᠂ ᠲᠥᠷᠢᠮ ᠢ ᠵᠢᠷᠤᠮᠯᠠᠨ ᠬᠠᠤᠯᠢ ᠶ᠋ᠢ ᠰᠠᠬᠢᠵᠤ ᠂ ᠪᠦᠯᠭᠦᠮᠳᠡᠨ ᠬᠠᠪᠰᠤᠷᠤᠯᠴᠠᠬᠰᠠᠨ ᠰᠠᠶᠢᠨ ᠰᠠᠶᠢᠬᠠᠨ ᠬᠡᠪ ᠰᠤᠷᠲᠠᠯ ᠢ ᠪᠤᠢ ᠪᠣᠯᠭᠠᠵᠤ ᠪᠠᠶᠢᠨ᠎ᠠ ﹀ ﹀ ᠭᠡᠵᠦ ᠣᠮᠣᠭ ᠪᠠᠳᠠᠷᠠᠩᠭᠤᠢ ᠶᠠᠷᠢᠨ᠎ᠠ ᠃
   ᠣᠳᠣᠬᠠᠨ ᠳ᠋ᠤ ᠂ ᠲᠣᠰ ᠭᠠᠴᠠᠭ᠎ᠠ ᠬᠠᠤᠯᠢ ᠪᠠᠷ ᠵᠠᠰᠠᠬᠤ ᠰᠣᠶᠣᠯ ᠤᠨ ᠠᠭᠤᠳᠠᠮ ᠲᠠᠯᠠᠪᠠᠢ ᠲᠠᠢ ᠂ 240 ᠲᠡᠭᠰᠢ ᠲᠥᠷᠪᠡᠯᠵᠢᠨ ᠮᠸᠲ᠋ᠷ ᠲᠠᠯᠠᠪᠠᠢ ᠪᠦᠬᠦᠢ ᠲᠣᠰᠬᠤᠨ ᠤ ᠰᠣᠶᠣᠯ ᠤᠨ ᠶᠡᠬᠡ ᠬᠦᠷᠢᠶᠡᠯᠡᠩ ᠲᠠᠢ ᠂ ᠡᠯ᠎ᠡ ᠵᠦᠢᠯ ᠦᠨ ᠲᠡᠵᠢᠭᠡᠪᠦᠷᠢ ᠲᠠᠷᠢᠮᠠᠯ ᠤᠨ 6 ᠬᠣᠷᠰᠢᠶᠠᠵᠢᠯ ᠲᠠᠢ ᠂ ᠰᠢᠨ᠎ᠡ ᠪᠡᠷ ᠵᠠᠰᠠᠬᠰᠠᠨ 3.3 ᠺᠢᠯᠤᠮᠸᠲ᠋ᠷ ᠱᠦᠢᠨᠢ ᠵᠠᠮ ᠲᠠᠢ ᠂ ᠮᠠᠩᠬᠠᠨ ᠲᠣᠳᠤᠷᠭ᠎ᠠ ᠂ ᠮᠢᠬᠠᠨ ᠦᠬᠡᠷ᠂ ᠬᠣᠩ ᠱᠠᠨ ᠮᠡᠭᠡᠵᠢ᠂ ᠠᠷᠠᠳ ᠤᠨ ᠵᠠᠩ ᠤᠶᠢᠯᠡ ᠶ᠋ᠢᠨ ᠵᠣᠭᠠᠴᠠᠯ ᠵᠡᠷᠭᠡ ᠡᠯ᠎ᠡ ᠲᠥᠷᠥᠯ ᠦᠨ ᠣᠯᠠᠨ ᠡᠰᠢᠴᠢᠯᠡᠭᠰᠡᠨ ᠠᠵᠤ ᠤᠶᠢᠯᠡᠰ ᠲᠠᠢ ᠪᠣᠯᠵᠤ ᠂ ᠲᠣᠰᠬᠤᠨ ᠤ ᠠᠷᠠᠳ ᠤᠨ ᠬᠦᠮᠦᠨ ᠳᠣᠮᠳᠠᠴᠢ ᠶ᠋ᠢᠨ ᠵᠢᠯ ᠦᠨ ᠣᠷᠤᠯᠭ᠎ᠠ 5 ᠲᠦᠮᠡᠨ  ᠲᠥᠭᠦᠷᠢᠭ ᠲᠦ ᠬᠦᠷᠴᠡᠢ ᠃
   ᠬᠠᠤᠯᠢ ᠲᠥᠷᠢᠮ ᠢᠶ᠋ᠡᠷ ᠠᠷᠠᠳ ᠢᠶᠡᠨ ᠵᠠᠰᠠᠨ ᠬᠣᠷᠰᠢᠶᠠᠵᠢᠯ ᠵᠣᠭᠠᠴᠠᠯ ᠢᠶᠠᠷ ᠳᠡᠭᠵᠢᠷᠡᠨ ᠬᠥᠭᠵᠢᠵᠦ ᠪᠠᠶᠠᠵᠢᠨ ᠴᠢᠨᠡᠭᠡᠯᠢᠭᠵᠢᠵᠦ ᠪᠦᠬᠦᠢ ᠲᠥᠷᠪᠡᠨ ᠣᠪᠣᠭ᠎ᠠ ᠭᠠᠴᠠᠭ᠎ᠠ ᠮᠠᠬᠲᠠᠭᠠᠯᠲᠠᠢ ᠃  
                                      ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠲᠤᠯᠠᠭᠠᠨ