︿ ︿ ᠳᠣᠮᠳᠠᠳᠤ ᠤᠯᠤᠰ ᠤᠨ ᠭᠡᠷᠡᠯ ᠵᠢᠷᠤᠭ ᠤᠨ ᠰᠣᠨᠢᠨ ﹀ ﹀  ᠦ ᠭᠡᠷᠡᠯ ᠵᠢᠷᠤᠭ ᠢᠶᠠᠷ ᠶᠠᠳᠠᠭᠤ ᠶ᠋ᠢ ᠳᠡᠦᠨᠬᠦᠬᠦ ᠵᠢᠱᠢᠶ᠎ᠡ ᠦᠵᠡᠭᠦᠯᠬᠦ ᠲᠣᠰᠬᠤᠨ ᠤ ᠫᠠᠶᠢᠰᠠ ᠡᠯᠭᠦᠬᠦ ᠶᠣᠰᠤᠯᠠᠯ ᠨᠠᠢᠮᠠᠨ ᠬᠤᠰᠢᠭᠤᠨ ᠤ ᠰᠦᠮ᠎ᠡ ᠶ᠋ᠢᠨ ᠠᠶᠢᠯ ᠲᠣᠰᠬᠤᠨ ᠳ᠋ᠤ ᠶᠠᠪᠤᠬᠳᠠᠪᠠ

ᠣᠩᠰᠢᠭᠰᠠᠨ ᠤᠳᠠᠭ᠎ᠠ ᠄ 8617     ᠨᠡᠶᠢᠳᠡᠯᠡᠭᠰᠡᠨ ᠴᠠᠭ ᠄ 2018/9/14 8:49:53

      ᠤᠶᠢᠷ᠎ᠠ ᠳ᠋ᠤ ︿ ︿ ᠳᠣᠮᠳᠠᠳᠤ ᠤᠯᠤᠰ ᠤᠨ ᠭᠡᠷᠡᠯ ᠵᠢᠷᠤᠭ ᠤᠨ ᠰᠣᠨᠢᠨ ﹀ ﹀ ᠤ ᠬᠣᠷᠢᠶ᠎ᠠ ᠨᠠᠢᠮᠠᠨ ᠬᠤᠰᠢᠭᠤᠨ ᠤ ᠪᠠᠶᠠᠨᠲᠠᠯ᠎ᠠ ᠰᠤᠮᠤ ᠶ᠋ᠢᠨ ᠰᠦᠮ᠎ᠡ ᠶ᠋ᠢᠨ ᠠᠶᠢᠯ ᠲᠣᠰᠬᠤᠨ ᠳ᠋ᠤ ᠭᠡᠷᠡᠯ ᠵᠢᠷᠤᠭ ᠢᠶᠠᠷ ᠶᠠᠳᠠᠭᠤ ᠶ᠋ᠢ ᠳᠡᠦᠨᠬᠦᠬᠦ ᠵᠢᠱᠢᠶ᠎ᠡ ᠦᠵᠡᠭᠦᠯᠬᠦ  ᠲᠣᠰᠬᠤᠨ ᠤ ᠫᠠᠶᠢᠰᠠ ᠡᠯᠭᠦᠬᠦ ᠶᠣᠰᠤᠯᠠᠯ  ᠶᠠᠪᠤᠭᠤᠯᠪᠠ᠃ ᠤᠶᠢᠷ᠎ᠠ ᠶ᠋ᠢᠨ ᠵᠢᠯ ᠳ᠋ᠦ ᠰᠦᠮ᠎ᠡ ᠶ᠋ᠢᠨ ᠠᠶᠢᠯ ᠲᠣᠰᠬᠤᠨ ᠣᠯᠠᠨ ᠡᠴᠠ ᠬᠡᠳᠦᠷᠬᠡᠢ ᠣᠨᠴᠠ ᠨᠥᠭᠦᠴᠡᠯ ᠲᠠᠢ ᠵᠣᠭᠠᠴᠠᠯ ᠰᠣᠶᠣᠯ ᠤᠨ ᠡᠬᠢ ᠪᠠᠶᠠᠯᠢᠭ ᠢᠶᠡᠨ ᠬᠥᠭᠵᠢᠭᠦᠯᠬᠦ ᠵᠣᠭᠠᠴᠠᠯ ᠤᠨ ᠠᠵᠤ ᠤᠶᠢᠯᠡᠰ ᠲᠤ ᠲᠥᠰᠢᠭᠯᠡᠨ ᠂ ᠵᠣᠭᠠᠴᠠᠯ ᠤᠨ ᠤᠶᠢᠯᠡᠰ ᠢᠶᠠᠷ ᠬᠥᠭᠵᠢᠯᠲᠡ ᠶ᠋ᠢ ᠳᠠᠶᠢᠴᠢᠯᠠᠬᠤ ᠪᠠᠷ ᠳᠠᠮᠵᠢᠨ ᠶᠠᠳᠠᠭᠤ ᠡᠴᠠ ᠠᠩᠭᠢᠵᠢᠷᠠᠬᠤ ᠰᠢᠪᠳᠤᠯᠤᠯᠲᠠ ᠪᠣᠯᠣᠨ ᠣᠷᠤᠯᠭ᠎ᠠ ᠪᠠᠨ ᠨᠡᠮᠡᠭᠳᠡᠭᠦᠯᠦᠨ ᠪᠠᠶᠠᠵᠢᠨ ᠴᠢᠨᠡᠭᠡᠯᠢᠭᠵᠢᠬᠦ ᠬᠠᠷᠠᠯᠲᠠ ᠪᠠᠨ  ᠪᠡᠶᠡᠯᠡᠭᠦᠯᠬᠦ ᠪᠡᠷ ᠴᠢᠷᠮᠠᠶᠢᠵᠤ ᠪᠤᠢ ᠃ ᠭᠡᠬᠦ ᠳ᠋ᠦ ᠭᠠᠳᠠᠭᠠᠳᠤ ᠤᠬᠠᠭᠤᠯᠭ᠎ᠠ ᠪᠣᠯᠣᠨ ᠬᠥᠭᠵᠢᠯᠲᠡ ᠳ᠋ᠡᠬᠢ ᠬᠡᠪᠴᠢᠶᠡᠵᠢᠯ ᠪᠠ ᠠᠯᠳᠠᠷᠰᠢᠯ ᠨᠢ ᠲᠡᠶᠢᠮᠦ ᠰᠠᠶᠢᠨ ᠪᠢᠰᠢ ᠪᠠᠶᠢᠬᠰᠠᠭᠠᠷ ᠃ ᠲᠣᠰ ᠤᠳᠠᠭ᠎ᠠ  ︿ ︿ ᠳᠣᠮᠳᠠᠳᠤ ᠤᠯᠤᠰ ᠤᠨ ᠭᠡᠷᠡᠯ ᠵᠢᠷᠤᠭ ᠤᠨ ᠰᠣᠨᠢᠨ ﹀ ﹀ ᠤ ᠬᠠᠮᠤᠭ ᠲᠥᠷᠦᠭᠦᠦ ᠭᠡᠷᠡᠯ ᠵᠢᠷᠤᠭ ᠢᠶᠠᠷ ᠶᠠᠳᠠᠭᠤ ᠶ᠋ᠢ ᠳᠡᠦᠨᠬᠦᠬᠦ ᠵᠢᠱᠢᠶ᠎ᠡ ᠦᠵᠡᠭᠦᠯᠬᠦ ᠲᠣᠰᠬᠤᠨ ᠢ ᠰᠦᠮ᠎ᠡ ᠶ᠋ᠢᠨ ᠠᠶᠢᠯ ᠳ᠋ᠤ ᠰᠤᠩᠭᠤᠨ ᠨᠤᠳᠤᠬᠰᠢᠭᠤᠯᠤᠬᠰᠠᠨ ᠨᠢ ᠲᠣᠰ ᠲᠣᠰᠬᠤᠨ ᠤ ᠵᠣᠭᠠᠴᠠᠯ ᠤᠨ ᠤᠶᠢᠯᠡᠰ ᠥᠷᠬᠦᠯᠵᠢᠯᠡᠨ ᠡᠷᠴᠢᠮ ᠰᠠᠶᠢᠲᠠᠢ ᠡᠷᠡᠭᠦᠯ ᠢᠶ᠋ᠡᠷ ᠬᠥᠭᠵᠢᠨ ᠶᠠᠳᠠᠭᠤ ᠡᠴᠠ ᠠᠩᠭᠢᠵᠢᠷᠠᠬᠤ ᠰᠢᠪᠳᠤᠯᠤᠯᠲᠠ ᠳ᠋ᠤ ᠠᠮᠢᠳᠤ ᠬᠦᠴᠦᠨ ᠣᠷᠤᠭᠤᠯᠤᠬᠰᠠᠨ ᠪᠠᠶᠢᠨ᠎ᠠ ᠃                         

                                               ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ