︿ ︿ ᠪᠡᠶ᠎ᠡ ᠪᠠᠶᠢᠪᠠᠯ ᠪᠡᠭᠡᠵᠢᠩ ﹀ ﹀ ᠭᠡᠳᠡᠭ ᠡᠴᠡ ᠤᠴᠢᠷᠯᠠᠬᠤᠢ

ᠣᠩᠰᠢᠭᠰᠠᠨ ᠤᠳᠠᠭ᠎ᠠ ᠄ 6097     ᠨᠡᠶᠢᠳᠡᠯᠡᠭᠰᠡᠨ ᠴᠠᠭ ᠄ 2018/9/14 8:38:28

         ︿ ︿ ᠪᠡᠶ᠎ᠡ ᠪᠠᠶᠢᠪᠠᠯ ᠪᠡᠭᠡᠵᠢᠩ ﹀ ﹀ ᠭᠡᠳᠡᠭ ᠦᠭᠡ ᠶ᠋ᠢ ᠪᠠᠯᠴᠢᠷ ᠪᠠᠭ᠎ᠠ ᠡᠴᠠ ᠡᠬᠢᠯᠡᠨ ᠰᠣᠨᠤᠰᠴᠤ ᠯᠠ ᠶᠠᠪᠤᠬᠰᠠᠨ ᠃  ᠬᠢᠴᠢᠶᠡᠯ ᠦᠨ  ᠲᠢᠩᠬᠢᠮ  ᠳ᠋ᠤ ᠪᠠᠭᠰᠢ ᠶᠠᠷᠢᠳᠠᠭ᠂ ᠬᠣᠪᠢᠨ ᠤ ᠭᠡᠷ ᠲᠦ ᠠᠪᠤ᠋ ᠡᠵᠢ ᠮᠢᠨᠢ ᠬᠡᠯᠡᠳᠡᠭ ᠃ ᠲᠤᠬᠠᠢ ᠶ᠋ᠢᠨ ᠦᠶ᠎ᠡ ᠳ᠋ᠦ ᠬᠣᠯᠪᠤᠭ᠎ᠠ ᠳᠡᠯᠪᠡᠭᠡ ᠲᠠᠢ ᠬᠡᠯᠡᠯᠭᠡ ᠨᠢ ᠰᠣᠨᠢᠨ ᠰᠠᠶᠢᠬᠠᠨ ᠰᠠᠨᠠᠬᠳᠠᠵᠤ ᠪᠠᠶᠢᠬᠰᠠᠨ ᠴᠤ ᠴᠠᠭᠠᠨᠠᠬᠢ ᠭᠦᠨ ᠭᠦᠨᠵᠡᠭᠡᠢ ᠤᠣᠨᠬ᠎ᠠ ᠰᠠᠨᠠᠭ᠎ᠠ ᠶ᠋ᠢ ᠨᠢ ᠬᠠᠷᠠᠬᠠᠨ ᠤᠶᠢᠯᠠᠭᠠᠵᠤ ᠮᠡᠳᠡᠭᠡ ᠦᠭᠡᠢ ᠣᠪᠠᠶᠢᠨ ᠳ᠋ᠠᠭᠠᠨ ᠠᠪᠤᠯ ᠦᠭᠡᠢ ᠶᠠᠪᠤᠵᠤ ᠯᠠ ᠪᠠᠶᠢᠵᠠᠢ ᠃ ᠪᠡᠶ᠎ᠡ ᠶ᠋ᠢᠨ ᠪᠣᠶᠢᠵᠢᠯᠲᠠ ᠨᠠᠰᠤᠨ ᠤ ᠥᠰᠥᠯᠲᠡ ᠮᠡᠳᠡᠯᠭᠡ ᠶ᠋ᠢᠨ ᠨᠡᠮᠡᠭᠳᠡᠯᠲᠡ ᠶ᠋ᠢ ᠳᠠᠭᠠᠯᠳᠤᠨ ᠲᠣᠰ ᠦᠭᠡᠨ ᠦ ᠤᠭ ᠰᠠᠨᠠᠭ᠎ᠠ ᠦᠨᠳᠦᠰᠦᠨ ᠵᠣᠷᠢᠯᠲᠠ ᠶ᠋ᠢ ᠤᠬᠠᠵᠤ ᠡᠷᠡᠭᠦᠯ ᠮᠡᠨᠳᠦ  ᠠᠮᠢᠳᠤᠷᠠᠬᠤ ᠶ᠋ᠢᠨ ᠣᠤᠨᠬ᠎ᠠ ᠠᠭᠤᠯᠭ᠎ᠠ ᠶ᠋ᠢ ᠤᠶᠢᠯᠠᠭᠠᠨ  ᠮᠡᠳᠡᠵᠡᠢ ᠃
         ᠪᠣᠳᠤᠵᠤ ᠦᠵᠡᠪᠡᠯ ᠂ ᠬᠠᠷᠠᠬᠠᠨ ᠪᠠᠭ᠎ᠠ ᠡᠴᠠ ᠠᠴᠢᠲᠤ ᠪᠠᠭᠰᠢ ᠠᠪᠤ᠋ ᠡᠵᠢ ᠮᠢᠨᠢ ᠮᠠᠨᠤᠰ ᠤᠨ ᠡᠪᠡᠦᠨᠴᠢᠨ ᠡᠮᠭᠡᠭ ᠦᠭᠡᠢ ᠡᠷᠡᠭᠦᠯ ᠮᠡᠨᠳᠦ ᠶᠠᠪᠤᠬᠤ ᠶ᠋ᠢ ᠲᠤᠩ ᠴᠢᠬᠤᠯᠠᠴᠢᠯᠠᠨ ᠶᠡᠬᠡᠪᠡᠷ ᠰᠠᠨᠠᠭᠠᠰᠢᠷᠠᠵᠤ ᠪᠠᠶᠢᠬᠰᠠᠨ ᠠᠵᠢ ᠃ ᠲᠡᠶᠢᠮᠦ ᠡ ᠂ ᠬᠦᠮᠦᠨ ᠦ ᠠᠮᠢᠳᠤᠷᠠᠯ ᠤᠨ ᠰᠠᠭᠤᠷᠢ ᠪᠣᠯ ᠡᠷᠡᠭᠦᠯ ᠮᠡᠨᠳᠦ ᠪᠣᠯᠤᠨ᠎ᠠ ᠃ ᠡᠷᠡᠭᠦᠯ ᠮᠡᠨᠳᠦ ᠪᠢᠰᠢ ᠪᠣᠯ ᠠᠵᠢᠯ ᠤᠶᠢᠯᠡᠰ ᠡᠷᠬᠢᠯᠡᠬᠦ ᠳ᠋ᠦ ᠬᠦᠴᠢᠷᠲᠡᠢ ᠂ ᠠᠵᠠ ᠵᠢᠷᠭᠠᠯ ᠡᠳ᠋ᠯᠡᠵᠦ ᠴᠢᠳᠠᠬᠤ ᠦᠭᠡᠢ ᠃ ᠠᠵᠠ ᠵᠢᠷᠭᠠᠯᠲᠠᠢ ᠰᠠᠶᠢᠬᠠᠨ ᠠᠮᠢᠳᠤᠷᠠᠶ᠎ᠠ ᠭᠡᠪᠡᠯ ᠠᠵᠢᠯ ᠬᠦᠳᠡᠯᠮᠦᠷᠢ ᠳ᠋ᠦ ᠣᠷᠤᠯᠴᠠᠬᠤ ᠬᠡᠷᠡᠭᠲᠡᠢ ᠂ ᠡᠷᠡᠭᠦᠯ ᠮᠡᠨᠳᠦ ᠪᠠᠶᠢᠬᠤ ᠶᠣᠰᠤᠲᠠᠢ ᠃
        ︿ ︿ ᠡᠳ᠋ ᠬᠥᠷᠦᠩᠭᠡ ᠪᠡᠨ ᠠᠯᠳᠠᠪᠠᠯ ᠪᠠᠭ᠎ᠠ ᠶ᠋ᠢ ᠠᠯᠳᠠᠨ᠎ᠠ ᠂ ᠨᠡᠷ᠎ᠡ ᠲᠥᠷᠥ ᠪᠡᠨ ᠠᠯᠳᠠᠪᠠᠯ ᠶᠡᠬᠡ ᠶ᠋ᠢ ᠠᠯᠳᠠᠨ᠎ᠠ ᠂ ᠡᠷᠡᠭᠦᠯ ᠮᠡᠨᠳᠦ ᠪᠡᠨ ᠠᠯᠳᠠᠪᠠᠯ ᠪᠦᠭᠦᠳᠡ ᠶ᠋ᠢ ᠠᠯᠳᠠᠨ᠎ᠠ ﹀ ﹀ ᠭᠡᠵᠦ ᠨᠡᠷᠡᠲᠦ ᠡᠮᠴᠢ ᠡᠷᠳᠡᠮᠲᠡᠨ ᠪᠠᠭᠰᠢ ᠮᠥᠩᠬᠡ ᠰᠡᠴᠡᠯᠡᠭᠰᠡᠨ ᠪᠠᠶᠢᠳᠠᠭ ᠃ ᠶᠣᠰᠣ ᠵᠦᠢ  ᠳ᠋ᠤ ᠲᠥᠪ ᠨᠡᠶᠢᠴᠡᠭᠰᠡᠨ ᠮᠡᠷᠭᠡᠨ ᠦᠭᠡ ᠪᠠᠶᠢᠭ᠎ᠠ ᠃ ᠡᠨᠡ ᠨᠢ ᠳᠠᠩᠳᠠ ᠡᠷᠡᠭᠦᠯ ᠮᠡᠨᠳᠦ ᠶ᠋ᠢᠨ ᠴᠢᠬᠤᠯᠠ ᠴᠢᠨᠠᠷ ᠢ ᠬᠦᠴᠦᠲᠡᠢ ᠪᠣᠳᠠᠲᠠᠢ ᠲᠣᠳᠤᠷᠠᠭᠤᠯᠤᠬᠰᠠᠨ ᠢᠶᠠᠷ ᠥᠯᠥ ᠪᠠᠷᠠᠮ ᠡᠳ᠋ ᠮᠥᠩᠭᠥ ᠨᠡᠷ᠎ᠡ ᠲᠥᠷᠥ ᠶ᠋ᠢᠨ ᠬᠠᠷᠢᠴᠠᠭ᠎ᠠ ᠶ᠋ᠢ ᠲᠣᠳᠤᠷᠬᠠᠶᠢᠯᠠᠬᠰᠠᠨ ᠦᠨᠡᠳᠦ ᠰᠤᠷᠭᠠᠯ ᠪᠣᠯᠬᠤ ᠶᠤᠮ ᠃ ︿ ︿ ᠡᠷᠡᠭᠦᠯ ᠮᠡᠨᠳᠦ ᠪᠣᠯ ᠬᠠᠮᠤᠭ ᠤᠨ ᠶᠡᠬᠡ ᠡᠳ᠋ ᠪᠠᠶᠠᠯᠢᠭ ᠮᠦᠨ ﹀ ﹀ ᠂ ︿ ︿ ᠡᠷᠡᠭᠦᠯ ᠮᠡᠨᠳᠦ ᠪᠣᠯ ᠬᠠᠮᠤᠭ ᠤᠨ ᠶᠡᠬᠡ ᠵᠣᠯ ᠵᠢᠷᠭᠠᠯ ᠮᠦᠨ ﹀ ﹀ ᠂ ︿ ︿ ᠡᠷᠡᠭᠦᠯ ᠮᠡᠨᠳᠦ ᠪᠣᠯ ᠬᠦᠮᠦᠨ ᠦ ᠪᠦᠬᠦ ᠲᠠᠯ᠎ᠠ ᠪᠠᠷ ᠬᠥᠭᠵᠢᠬᠦ ᠶ᠋ᠢᠨ ᠰᠠᠭᠤᠷᠢ ᠮᠦᠷᠳᠡᠭᠡᠨ ᠦᠢ ᠲᠦᠮᠡᠨ ᠬᠦᠮᠦᠨ ᠦ ᠠᠵᠠ ᠵᠢᠷᠭᠠᠯ ᠲᠠᠢ ᠬᠣᠯᠪᠣᠬᠳᠠᠬᠤ ᠴᠢᠬᠤᠯᠠ ᠶᠠᠪᠤᠳᠠᠯ ﹀ ﹀ ᠂ ︿ ︿  ᠡᠷᠡᠭᠦᠯ ᠮᠡᠨᠳᠦ ᠶ᠋ᠢᠨ ᠳᠠᠶᠢᠰᠤᠨ ᠪᠣᠯ ᠡᠪᠡᠦᠨᠴᠢᠨ ᠮᠦᠨ ﹀ ﹀ ᠭᠡᠵᠦ ᠡᠷᠡᠭᠦᠯ ᠮᠡᠨᠳᠦ ᠶ᠋ᠢᠨ ᠲᠣᠬᠠᠢ ᠡᠷᠳᠡᠮᠲᠡᠨ ᠮᠡᠷᠭᠡᠳ ᠠᠯᠢ ᠣᠯᠠᠨ ᠢᠣᠨᠬᠠᠯ ᠰᠤᠷᠭᠠᠯ ᠬᠠᠶᠢᠷᠠᠯᠠᠬᠰᠠᠨ ᠪᠠᠶᠢᠳᠠᠭ ᠃ ᠡᠨᠡ ᠨᠢ ᠴᠦᠮ ︿ ︿ ᠪᠡᠶ᠎ᠡ ᠪᠠᠶᠢᠪᠠᠯ ᠪᠡᠭᠡᠵᠢᠩ ﹀ ﹀ ᠭᠡᠰᠡᠨ ᠦᠭᠡ ᠪᠤᠶᠤ ᠃
       ᠡᠷᠡᠭᠦᠯ ᠮᠡᠨᠳᠦ ᠨᠢ ᠳᠠᠩᠳᠠ ᠥᠪᠡᠷ ᠪᠡᠶ᠎ᠡ ᠶ᠋ᠢᠨ ᠬᠤᠪᠢ ᠶ᠋ᠢᠨ ᠬᠥᠷᠦᠩᠭᠡ ᠪᠣᠰᠤ ᠃ ᠬᠠᠷᠢᠨ ᠤᠯᠤᠰ ᠭᠦᠷᠦᠨ ᠨᠡᠶᠢᠭᠡᠮ ᠨᠡᠶᠢᠲᠡ ᠳ᠋ᠦ ᠬᠦᠴᠦ ᠪᠡᠨ ᠡᠷᠭᠦᠨ ᠣᠷᠣᠨ ᠨᠤᠲᠤᠭ ᠤᠨ ᠪᠦᠳᠦᠭᠡᠨ ᠪᠠᠶᠢᠭᠤᠯᠤᠯᠲᠠ ᠳ᠋ᠤ ᠢᠳᠡᠪᠬᠢᠯᠡᠨ ᠣᠷᠤᠯᠴᠠᠬᠤ ᠤᠷᠢᠳᠠᠯ ᠨᠥᠭᠦᠴᠡᠯ ᠪᠣᠯᠬᠤ ᠶ᠋ᠢ ᠬᠦᠮᠦᠨ ᠪᠦᠬᠦᠨ ᠭᠦᠢᠴᠡᠳ ᠲᠣᠳᠤᠷᠬᠠᠢ ᠲᠠᠨᠢᠵᠤ ᠂ ᠠᠷᠢᠬᠢ ᠲᠠᠮᠠᠬᠢᠨ ᠤ ᠰᠢᠨᠤᠯ ᠢ ᠳᠡᠪᠴᠢᠨ ᠂ ᠠᠭᠠᠷ ᠮᠠᠨᠳᠠᠯ ᠤᠨ ᠪᠤᠬᠢᠷᠳᠤᠯ ᠢ ᠰᠡᠷᠬᠡᠶᠢᠯᠡᠨ ᠡᠪᠡᠦᠨᠴᠢᠨ ᠦᠭᠡᠢ ᠡᠷᠡᠭᠦᠯ ᠶᠠᠪᠤᠬᠤ ᠨᠢ ᠴᠢᠬᠤᠯᠠ ᠡᠴᠡ ᠴᠢᠬᠤᠯᠠ  ᠶᠤᠮ ᠃
       ᠣᠳᠣᠬᠠᠨ ᠳ᠋ᠤ ᠂  ᠨᠠᠮ ᠵᠠᠰᠠᠭ ᠡᠴᠠ ᠠᠷᠠᠳ ᠨᠡᠶᠢᠲᠡ ᠶ᠋ᠢᠨ ᠡᠷᠡᠭᠦᠯ ᠮᠡᠨᠳᠦ ᠶ᠋ᠢᠨ ᠬᠢᠷᠢ ᠲᠥᠪᠰᠢᠨ ᠢ ᠨᠡᠶᠢᠳᠡᠮ ᠳᠡᠭᠡᠭᠰᠢᠯᠡᠭᠦᠯᠬᠦ ᠪᠡᠷ ᠴᠢᠩᠭ᠎ᠠ ᠱᠠᠭᠠᠷᠳᠠᠨ ᠪᠣᠳᠠᠲᠠᠢ ᠠᠣᠨᠬᠤᠵᠤ ᠠᠯᠢ ᠣᠯᠠᠨ ᠪᠦᠳᠦᠮᠵᠢᠲᠡᠢ ᠠᠷᠭ᠎ᠠ ᠠᠪᠴᠢᠯ ᠠᠪᠴᠤ ᠪᠤᠢ ᠃ ᠡᠶᠢᠨᠬᠦ ᠬᠦᠮᠦᠨ ᠪᠦᠬᠦᠨ ᠡᠷᠡᠭᠦᠯ ᠮᠡᠨᠳᠦ ᠪᠡᠨ ᠬᠠᠮᠠᠭᠠᠯᠠᠬᠤ ᠳ᠋ᠤ ᠬᠡᠷᠡᠭᠴᠡᠭᠡ ᠲᠠᠢ ᠮᠡᠳᠡᠯᠭᠡ ᠴᠢᠳᠠᠪᠤᠷᠢ ᠶ᠋ᠢ ᠴᠢᠷᠮᠠᠶᠢᠨ ᠡᠵᠡᠮᠰᠢᠬᠦ ᠬᠡᠷᠡᠭᠲᠡᠢ ᠪᠣᠯᠤᠭᠠᠣᠨ ᠪᠠᠶᠢᠨ᠎ᠠ ᠃
       ᠭᠡᠶ᠎ᠡ ᠂ ᠬᠡᠰᠡᠭ ᠬᠦᠮᠦᠰ ᠲᠠᠨᠢᠯᠲᠠ ᠣᠬᠤᠷ ᠦᠵᠡᠯᠲᠡ ᠮᠤᠬᠤᠷ ᠪᠠᠶᠢᠵᠤ ᠂ ᠡᠷᠡᠭᠦᠯ ᠮᠡᠨᠳᠦ ᠶ᠋ᠢ ᠠᠩᠬᠠᠷᠤᠯ ᠳ᠋ᠠᠭᠠᠨ ᠠᠪᠬᠤ ᠦᠭᠡᠢ ᠠᠵᠠ ᠵᠢᠷᠭᠠᠯ ᠢ ᠲᠠᠰᠢᠶ᠎ᠠ ᠤᠶᠢᠯᠠᠭᠠᠨ ᠂ ᠡᠷᠳᠡᠨᠢ ᠶ᠋ᠢᠨ ᠪᠡᠶ᠎ᠡ ᠪᠡᠨ ᠦᠭᠡᠶᠢᠬᠢᠵᠦ ᠡᠷᠯᠢᠭ ᠦᠨ ᠵᠠᠮ ᠢ ᠡᠷᠲᠡ ᠬᠥᠭᠡᠭᠡᠵᠦ ᠪᠠᠶᠢᠬᠤ ᠨᠢ ᠨᠡᠬᠡᠷᠡᠨ ᠬᠠᠷᠠᠮᠰᠠᠯᠲᠠᠢ ᠪᠣᠯᠵᠤ ᠰᠠᠨᠠᠬᠳᠠᠨ᠎ᠠ ᠪᠢᠯᠡ ᠃ ᠮᠢᠨᠤ ᠰᠠᠭᠤᠭ᠎ᠠ ᠠᠶᠢᠯ ᠤᠨ ᠬᠦᠮᠦᠰ ᠦᠨ ᠲᠡᠭᠰᠢᠦᠨᠬᠡᠯ ᠨᠠᠰᠤ ᠠᠷᠠᠢ 70 ᠬᠦᠷᠬᠦ ᠦᠭᠡᠢ ᠪᠠᠶᠢᠨ᠎ᠠ ᠃

     ︿ ︿ ᠪᠡᠶ᠎ᠡ ᠪᠠᠶᠢᠪᠠᠯ ᠪᠡᠭᠡᠵᠢᠩ ﹀ ﹀ ᠰᠢᠦ  ᠳ᠋ᠠ ᠃


                                                      ( ᠯᠢ ᠪᠤᠶᠠᠨᠴᠤᠬᠯᠠ)


ᠢᠷᠡᠯᠳᠡ᠄ ᠨᠠᠶᠢᠷᠠᠭᠤᠯᠤᠭᠴᠢ᠄ ᠳᠤᠯᠠᠭᠠᠨ