ᠨᠡᠶᠢᠭᠡᠮ ᠳ᠋ᠦ ᠬᠦᠴᠦ ᠪᠡᠨ ᠡᠷᠭᠦᠭᠴᠢ ᠠᠵᠤ ᠠᠬᠤᠶᠢᠯᠠᠯᠲᠠᠨ ᠨᠡᠶᠢᠲᠡ ᠳ᠋ᠦ ᠠᠰᠢᠭ ᠬᠦᠷᠲᠡᠭᠡᠭᠴᠢ ᠠᠷᠠᠳ ᠤᠨ ᠲᠥᠯᠦᠭᠡᠯᠡᠭᠴᠢ -- ᠸᠠᠩ ᠭᠦᠸ᠋ᠸ ᠴᠸᠩ

ᠣᠩᠰᠢᠭᠰᠠᠨ ᠤᠳᠠᠭ᠎ᠠ ᠄ 6179     ᠨᠡᠶᠢᠳᠡᠯᠡᠭᠰᠡᠨ ᠴᠠᠭ ᠄ 2018/9/13 9:17:14

    ᠨᠠᠢᠮᠠᠨ ᠬᠤᠰᠢᠭᠤᠨ ᠤ ᠳ᠋ᠦᠩ ᠮᠢᠩ ᠪᠠᠯᠭᠠᠰᠤᠨ᠎ᠠ ᠨᠤᠲᠤᠭ ᠲᠠᠢ ᠸᠠᠩ ᠭᠦᠸ᠋ᠸ ᠴᠸᠩ ᠡᠨᠡ ᠵᠢᠯ 63 ᠨᠠᠰᠤ ᠲᠠᠢ ᠃  ᠲᠥᠩᠯᠢᠶᠣᠤ ᠬᠣᠲᠠ ᠶ᠋ᠢᠨ ᠠᠷᠠᠳ ᠤᠨ ᠲᠥᠯᠦᠭᠡᠯᠡᠭᠴᠢ ᠃ ᠭᠤᠴᠢᠨ ᠵᠢᠯ ᠦᠨ ᠡᠮᠦᠨ᠎ᠡ ᠂ ᠲᠡᠷᠡ  ᠰᠠᠨ ᠨᠢᠦ ᠪᠸᠨ ᠲᠠᠢ ᠺᠣᠮᠫᠠᠨᠢ (三牛犇泰公司) ᠪᠠᠶᠢᠭᠤᠯᠵᠤ ᠂ ᠬᠡᠷᠡᠭ ᠮᠡᠳᠡᠭᠴᠢ ᠶ᠋ᠢᠨ ᠳᠠᠷᠤᠭ᠎ᠠ ᠪᠣᠯᠪᠠ ᠃ ᠤᠯᠤᠰ ᠡᠴᠠ 2020 ᠣᠨ ᠪᠣᠯᠬᠤ ᠳ᠋ᠤ ᠪᠦᠬᠦ ᠲᠠᠯ᠎ᠠ ᠪᠠᠷ ᠴᠢᠨᠡᠭᠡᠯᠢᠭ ᠨᠡᠶᠢᠭᠡᠮ ᠢ ᠪᠠᠶᠢᠭᠤᠯᠬᠤ ᠳᠤᠷᠠᠳᠤᠯᠭ᠎ᠠ ᠭᠠᠷᠭᠠᠨ ᠤᠷᠢᠶᠠᠯᠠᠬᠰᠠᠨ ᠡᠴᠠ ᠨᠠᠰᠢ ᠂ ᠲᠡᠭᠦᠨ ᠦ ᠤᠯᠤᠰ ᠲᠠᠭᠠᠨ ᠬᠦᠴᠦ ᠪᠡᠨ ᠡᠷᠭᠦᠨ ᠠᠴᠢ ᠬᠠᠷᠢᠭᠤᠯᠬᠤ ᠬᠦᠰᠡᠯ ᠪᠣᠳᠤᠯ ᠨᠢ ᠨᠡᠩᠳᠡ ᠪᠠᠳᠤᠵᠢᠵᠤ ᠣᠨᠣᠪᠴᠢᠲᠠᠢ ᠪᠠᠷ ᠶᠠᠳᠠᠭᠤ ᠶ᠋ᠢ ᠳᠡᠦᠨᠬᠦᠨ ᠶᠠᠳᠠᠭᠤ ᠡᠴᠠ ᠠᠩᠭᠢᠵᠢᠷᠠᠭᠤᠯᠬᠤ ᠠᠵᠢᠯᠯᠠᠭᠠᠨ ᠳ᠋ᠤ ᠢᠳᠡᠪᠬᠢᠲᠡᠢ ᠣᠷᠤᠯᠴᠠᠨ ᠂ ᠬᠦᠳᠡᠭᠡ ᠲᠣᠰᠬᠤᠨ ᠤ ᠰᠡᠷᠭᠦᠨ ᠮᠠᠨᠳᠤᠯᠲᠠ ᠶ᠋ᠢ ᠪᠡᠶᠡᠯᠡᠭᠦᠯᠬᠦ ᠳ᠋ᠦ ᠬᠤᠪᠢ ᠨᠡᠮᠡᠷᠢ ᠦᠵᠡᠭᠦᠯᠬᠦ ᠪᠡᠷ ᠬᠠᠲᠠᠭᠤ ᠵᠣᠷᠢᠭ ᠰᠢᠭᠣᠤᠨᠴᠠᠢ ᠃ ᠨᠢᠳᠤᠨᠤᠨ ᠂ ᠸᠠᠩ  ᠭᠦᠸ᠋ᠸ ᠴᠸᠩ ᠦᠨ ᠺᠣᠮᠫᠠᠨᠢ 520 ᠶᠠᠳᠠᠭᠤ ᠡᠷᠦᠬᠡ ᠶ᠋ᠢ ᠳᠠᠶᠢᠴᠢᠯᠠᠨ 319.2 ᠲᠦᠮᠡᠨ ᠲᠥᠭᠦᠷᠢᠭ ᠦᠨ ᠣᠷᠤᠯᠭ᠎ᠠ ᠨᠡᠮᠡᠭᠳᠡᠭᠦᠯᠦᠨ ᠶᠠᠳᠠᠭᠤ ᠡᠷᠦᠬᠡ ᠶ᠋ᠢᠨ ᠬᠦᠮᠦᠨ ᠳᠣᠮᠳᠠᠴᠢ ᠶ᠋ᠢᠨ ᠣᠷᠤᠯᠭ᠎ᠠ ᠶ᠋ᠢ 2000 ᠲᠥᠭᠦᠷᠢᠭ ᠨᠡᠮᠡᠭᠳᠡᠭᠦᠯᠵᠡᠢ ᠃
       ᠠᠵᠤ ᠤᠶᠢᠯᠡᠰ ᠢᠶᠠᠷ ᠳᠡᠦᠨᠬᠦᠬᠦ ᠬᠥᠷᠦᠩᠭᠡ ᠮᠥᠩᠭᠥ ᠪᠡᠷ ᠬᠤᠪᠢ ᠣᠷᠤᠭᠤᠯᠤᠨ ᠠᠰᠢᠭ ᠬᠤᠪᠢᠶᠠᠬᠤ ᠠᠷᠭ᠎ᠠ ᠶ᠋ᠢ ᠬᠡᠷᠡᠭᠵᠢᠭᠦᠯᠦᠨ ᠶᠠᠳᠠᠭᠤ ᠡᠷᠦᠬᠡ ᠶ᠋ᠢ ᠬᠠᠪᠰᠤᠷᠤᠨ ᠶᠠᠳᠠᠭᠤ ᠡᠴᠠ ᠠᠩᠭᠢᠵᠢᠷᠠᠭᠤᠯᠵᠤ ᠪᠤᠢ ᠃ ᠲᠣᠰᠬᠠᠢ ᠶᠠᠳᠠᠭᠤ ᠶ᠋ᠢ ᠳᠡᠦᠨᠬᠦᠬᠦ ᠬᠥᠷᠦᠩᠭᠡ ᠮᠥᠩᠭᠥ ᠶ᠋ᠢ ᠺᠣᠮᠫᠠᠨᠢ ᠶ᠋ᠢᠨ ᠳᠡᠵᠢᠭᠡᠪᠦᠷᠢ ᠶ᠋ᠢᠨ ᠲᠠᠯᠠᠪᠠᠢ ᠳ᠋ᠤ ᠬᠤᠪᠢ ᠣᠷᠤᠭᠤᠯᠤᠨ ᠂ ᠺᠣᠮᠫᠠᠨᠢ ᠡᠴᠠ ᠬᠠᠷᠢᠭᠤᠴᠠᠨ ᠰᠠᠶᠢᠨ ᠡᠭᠦᠯᠳᠡᠷ ᠦᠨ ᠦᠨᠢᠶ᠎ᠡ ᠬᠤᠳᠠᠯᠳᠤᠨ ᠠᠪᠴᠤ ᠂ ᠰᠠᠭᠠᠯᠢ ᠶ᠋ᠢᠨ ᠦᠨᠢᠶᠡᠨ ᠦ ᠲᠠᠯᠠᠪᠠᠢ ᠳ᠋ᠤ ᠨᠠᠶᠢᠳᠠᠨ ᠲᠡᠵᠢᠭᠡᠯᠭᠡᠵᠦ ᠶᠠᠳᠠᠭᠤ ᠡᠷᠦᠬᠡ ᠠᠰᠢᠭ ᠬᠤᠪᠢᠶᠠᠷᠢᠯᠠᠬᠤ ᠪᠣᠯᠤᠨ᠎ᠠ ᠃ ᠡᠨᠡ ᠨᠢ ᠶᠠᠳᠠᠭᠤ ᠡᠷᠦᠬᠡ ᠶ᠋ᠢᠨ ᠮᠡᠷᠭᠡᠵᠢᠯ ᠠᠨᠠᠢ ᠪᠣᠯᠣᠨ ᠲᠣᠷᠰᠢᠯᠭ᠎ᠠ ᠲᠣᠲᠠᠮᠠᠭ ᠡᠴᠠ ᠪᠣᠯᠤᠬᠰᠠᠨ ᠬᠣᠬᠢᠷᠠᠯ ᠡᠴᠠ ᠵᠠᠶᠢᠯᠠᠰᠬᠢᠵᠤ ᠶᠠᠳᠠᠭᠤ ᠡᠷᠦᠬᠡ ᠶ᠋ᠢᠨ ᠣᠷᠤᠯᠭ᠎ᠠ ᠪᠠᠳᠤᠯᠠᠭ᠎ᠠ ᠲᠠᠢ ᠪᠣᠯᠤᠨ᠎ᠠ ᠃ ᠲᠣᠰ ᠺᠣᠮᠫᠠᠨᠢ ᠶ᠋ᠢᠨ ᠰᠠᠭᠠᠯᠢ ᠶ᠋ᠢᠨ ᠦᠨᠢᠶᠡᠨ ᠦ ᠲᠠᠯᠠᠪᠠᠢ ᠳ᠋ᠦᠩ ᠮᠢᠩ ᠪᠠᠯᠭᠠᠰᠤ ᠪᠣᠯᠣᠨ ᠾᠢ ᠠᠨ ᠪᠠᠯᠭᠠᠰᠤ ᠶ᠋ᠢᠨ 500 ᠶᠠᠳᠠᠭᠤ ᠬᠦᠴᠢᠷᠲᠡᠢ ᠡᠷᠦᠬᠡ ᠲᠠᠢ ᠬᠡᠯᠡᠯᠴᠡᠭᠡᠷ ᠳᠣᠬᠲᠠᠵᠤ ᠂ 500 ᠲᠦᠮᠡᠨ ᠲᠥᠭᠦᠷᠢᠭ ᠦᠨ ᠪᠡᠯᠡ ᠣᠷᠤᠭᠤᠯᠤᠨ ᠰᠢᠯᠢᠳᠡᠭ ᠡᠭᠦᠯᠳᠡᠷ ᠦᠨ 500 ᠦᠨᠢᠶ᠎ᠡ ᠬᠤᠳᠠᠯᠳᠤᠨ ᠠᠪᠴᠤ ᠂ ᠡᠳᠥᠷ ᠲᠦ ᠰᠢᠨ᠎ᠡ ᠰᠣᠷᠭᠣᠭ ᠰᠦ 7.5 ᠲᠤᠨ ᠬᠣᠷᠢᠶᠠᠵᠤ ᠪᠦᠬᠦᠨ ᠢ ᠮᠸᠩ ᠨᠢᠦ ᠰᠦ ᠶ᠋ᠢᠨ ᠤᠶᠢᠯᠡᠰ ᠤᠨ ᠳᠥᠩᠯᠢᠶᠣᠤ ᠳ᠋ᠠᠬᠢ ᠬᠣᠪᠢᠶᠠᠷᠢ ᠺᠣᠮᠫᠠᠨᠢ ᠳ᠋ᠤ ᠪᠣᠷᠤᠯᠠᠭᠤᠯᠵᠤ ᠂ ᠵᠢᠯ ᠦᠨ ᠠᠰᠢᠭ ᠣᠷᠤᠯᠭ᠎ᠠ 190 ᠲᠦᠮᠡᠨ ᠲᠥᠭᠦᠷᠢᠭ ᠲᠦ ᠬᠦᠷᠴᠦ ᠪᠤᠢ ᠃ 2017--2019 ᠣᠨ ᠳ᠋ᠤ ᠵᠢᠯ ᠪᠦᠷᠢ ᠶᠠᠳᠠᠭᠤ ᠡᠷᠦᠬᠡ ᠳ᠋ᠦ ᠬᠠᠮᠤᠭ ᠪᠠᠭ᠎ᠠ ᠳ᠋ᠠᠭᠠᠨ 1800 ᠲᠥᠭᠦᠷᠢᠭ ᠦᠨ ᠣᠷᠤᠯᠭ᠎ᠠ ᠣᠯᠭᠣᠬᠣ ᠶ᠋ᠢ ᠪᠠᠳᠤᠯᠠᠬᠤ ᠪᠣᠯᠤᠨ᠎ᠠ ᠃ ᠭᠡᠷ᠎ᠡ ᠶ᠋ᠢᠨ ᠬᠣᠭᠣᠴᠠᠭ᠎ᠠ ᠳᠠᠭᠤᠰᠤᠬᠰᠠᠨ ᠤ ᠳᠠᠷᠠᠭ᠎ᠠ ᠶᠠᠳᠠᠭᠤ ᠡᠷᠦᠬᠡ ᠶ᠋ᠢᠨ ᠰᠠᠨᠠᠯ ᠢᠶᠠᠷ ᠡᠬᠡ ᠪᠡᠨ᠎ᠡ ᠪᠤᠶᠤ ᠦᠨᠢᠶ᠎ᠡ ᠶ᠋ᠢ ᠨᠢ ᠪᠤᠴᠠᠭᠠᠬᠤ ᠪᠣᠯᠤᠨ᠎ᠠ ᠃
     ᠰᠠᠭᠠᠯᠢ ᠶ᠋ᠢᠨ ᠦᠨᠢᠶᠡᠨ ᠦ ᠲᠠᠯᠠᠪᠠᠢ ᠪᠠᠷ ᠭᠠᠷᠳᠠᠴᠠ ᠪᠣᠯᠭᠠᠨ ᠂ ᠤᠶᠢᠷ᠎ᠠ ᠬᠠᠪᠢ ᠶ᠋ᠢᠨ ᠶᠠᠳᠠᠭᠤ ᠡᠷᠦᠬᠡ ᠶ᠋ᠢᠨ ᠬᠥᠬᠡ ᠪᠣᠷᠳᠤᠭ᠎ᠠ ᠶ᠋ᠢᠨ ᠡᠷᠳᠡᠨᠢ ᠰᠢᠰᠢ ᠲᠠᠷᠢᠬᠤ ᠶ᠋ᠢ ᠳᠠᠶᠢᠴᠢᠯᠠᠵᠤ ᠂ ᠶᠠᠳᠠᠭᠤ ᠡᠷᠦᠬᠡ ᠳ᠋ᠦ ᠪᠠᠰᠠ ᠨᠢᠭᠡᠨ ᠣᠷᠤᠯᠭ᠎ᠠ  ᠶ᠋ᠢᠨ ᠨᠡᠮᠡᠭᠳᠡᠯ ᠢ ᠨᠢ ᠪᠠᠳᠤᠯᠠᠬᠤ ᠠᠷᠭ᠎ᠠ ᠵᠠᠮ ᠡᠭᠦᠳᠦᠨ ᠥᠭᠴᠡᠢ ᠃ 2017 ᠣᠨ ᠤ ᠪᠦᠷᠢᠦᠨᠬᠡᠯ ᠢᠶ᠋ᠡᠷ ᠂ ᠬᠥᠬᠡ ᠪᠣᠷᠳᠤᠭ᠎ᠠ ᠶ᠋ᠢᠨ ᠲᠠᠷᠢᠮᠠᠯ ᠤᠨ ᠲᠠᠯᠠᠪᠠᠢ 2000 ᠮᠦ ᠳ᠋ᠦ ᠬᠦᠷᠴᠦ 1200 ᠦᠨᠢᠶᠡᠨ ᠦ ᠲᠡᠵᠢᠭᠡᠯ ᠢᠳᠡᠰᠢ ᠶ᠋ᠢ ᠬᠠᠩᠭᠠᠵᠤ ᠶᠠᠳᠠᠭᠤ ᠡᠷᠦᠬᠡ ᠶ᠋ᠢᠨ ᠣᠷᠤᠯᠭ᠎ᠠ 5000 ᠲᠥᠭᠦᠷᠢᠭ ᠨᠡᠮᠡᠭᠳᠡᠵᠡᠢ ᠃ ᠲᠡᠷᠡ ᠪᠠᠰᠠ ᠲᠣᠰ ᠺᠣᠮᠫᠠᠨᠢ ᠶ᠋ᠢᠨ ᠲᠣᠭᠤᠰᠬᠠᠨ ᠤᠶᠢᠯᠡᠦᠨᠪᠦᠷᠢ ᠂ ᠰᠠᠭᠠᠯᠢ ᠶ᠋ᠢᠨ ᠦᠨᠢᠶᠡᠨ ᠦ ᠲᠠᠯᠠᠪᠠᠢ ᠪᠣᠯᠣᠨ ᠬᠥᠬᠡ ᠪᠣᠷᠳᠤᠭ᠎ᠠ ᠡᠷᠳᠡᠨᠢ ᠰᠢᠰᠢ ᠶ᠋ᠢᠨ ᠰᠠᠭᠤᠷᠢᠨ ᠭᠠᠵᠠᠷ ᠲᠤ ᠬᠡᠷᠡᠭᠯᠡᠬᠦ ᠠᠵᠢᠯᠴᠢᠳ ᠢ ᠴᠦᠮ ᠲᠣᠰ ᠭᠠᠵᠠᠷ ᠤᠨ ᠶᠠᠳᠠᠭᠤ ᠡᠷᠦᠬᠡ ᠶ᠋ᠢᠨ ᠬᠦᠮᠦᠰ ᠢ ᠵᠠᠷᠤᠵᠤ ᠂ ᠣᠷᠤᠯᠭ᠎ᠠ ᠶ᠋ᠢ ᠨᠢ ᠰᠠᠨᠠᠭᠠᠴᠢᠯᠠᠭ᠎ᠠ ᠲᠠᠢ ᠨᠡᠮᠡᠭᠳᠡᠭᠦᠯᠦᠨ ᠶᠠᠳᠠᠭᠤ ᠡᠴᠠ ᠠᠩᠭᠢᠵᠢᠷᠠᠭᠤᠯᠵᠤ ᠪᠤᠢ ᠃
     ᠲᠡᠷᠡ ᠪᠠᠰᠠ ᠠᠵᠤ ᠤᠶᠢᠯᠡᠰ ᠬᠥᠭᠵᠢᠭᠦᠯᠬᠦ ᠨᠥᠭᠦᠴᠡᠯ ᠦᠭᠡᠢ ᠂ ᠬᠦᠳᠡᠯᠮᠦᠷᠢᠯᠡᠬᠦ ᠴᠢᠳᠠᠪᠤᠷᠢ ᠦᠭᠡᠢ ᠂ ᠰᠠᠳᠤᠨ ᠲᠥᠷᠥᠯ ᠦᠨ ᠳᠠᠶᠢᠴᠢᠯᠠᠯ ᠦᠭᠡᠢ ᠂ ᠳᠣᠬᠲᠠᠮᠠᠯ ᠣᠷᠤᠯᠭ᠎ᠠ ᠶ᠋ᠢᠨ ᠡᠬᠢ ᠰᠣᠷᠪᠤᠯᠵᠢ ᠦᠭᠡᠢ ᠵᠢᠴᠢ ᠨᠠᠰᠤ ᠠᠬᠢᠬᠰᠠᠨ ᠶᠠᠳᠠᠭᠤ ᠬᠦᠮᠦᠰ ᠢ ᠨᠢᠳᠦᠨ ᠳ᠋ᠡᠬᠡᠨ ᠦᠵᠡᠨ ᠰᠡᠦᠨᠬᠢᠯ ᠳ᠋ᠡᠬᠡᠨ ᠪᠣᠳᠤᠵᠤ ᠡᠯ᠎ᠡ ᠲᠠᠯ᠎ᠠ ᠪᠠᠷ ᠢᠳᠡᠪᠬᠢᠲᠡᠢ ᠳᠡᠮᠵᠢᠨ ᠵᠢᠭᠡᠯᠡᠯᠭᠡ ᠶ᠋ᠢᠨ ᠮᠥᠩᠭᠥ ᠵᠣᠬᠢᠴᠠᠭᠤᠯᠤᠨ ᠥᠭᠬᠦ ᠵᠡᠷᠭᠡ ᠠᠵᠢᠯ ᠤᠳ ᠢ ᠬᠦᠳᠡᠯᠦᠩᠭᠦᠢ ᠰᠠᠨᠠᠭᠠᠴᠢᠯᠠᠭ᠎ᠠ ᠲᠠᠢ ᠪᠠᠷ ᠭᠠᠷᠳᠠᠨ ᠭᠦᠢᠴᠡᠦᠨᠬᠡᠵᠦ ᠥᠭᠬᠦ ᠶ᠋ᠢᠨ ᠬᠠᠮᠳᠤ ᠮᠠᠯ ᠲᠠᠷᠢᠶᠠᠯᠠᠩ ᠤᠨ ᠮᠡᠷᠭᠡᠵᠢᠯᠲᠡᠳ ᠢ ᠤᠷᠢᠵᠤ ᠰᠦᠢᠦᠨᠬᠡᠯ ᠦᠭᠡᠢ ᠤᠶᠢᠯᠡᠴᠢᠯᠡᠭᠡ ᠬᠠᠩᠭᠠᠯᠭᠠᠵᠤ ᠂ ᠤᠶᠢᠷ᠎ᠠ ᠶ᠋ᠢᠨ ᠵᠢᠯ ᠳ᠋ᠦ ᠮᠡᠷᠭᠡᠵᠢᠯ ᠦᠨ ᠬᠠᠪᠰᠤᠷᠤᠯᠭ᠎ᠠ ᠶ᠋ᠢ 220 ᠭᠠᠷᠤᠢ ᠬᠦᠮᠦᠨ ᠤᠳᠠᠭ᠎ᠠ ᠬᠢᠯᠭᠡᠵᠦ ᠂ ᠳ᠋ᠸᠱᠸᠩ ᠲᠣᠰᠬᠤᠨ ᠤ ᠯᠢᠦ ᠵᠢᠢ ᠱᠤᠸᠠᠩ ᠮᠡᠷᠭᠡᠵᠢᠯᠲᠡᠨ ᠦ ᠵᠢᠯᠤᠭᠤᠳᠤᠯᠭ᠎ᠠ ᠪᠠᠷ ᠬᠥᠬᠡ ᠪᠣᠷᠳᠤᠭ᠎ᠠ ᠶ᠋ᠢᠨ ᠡᠷᠳᠡᠨᠢ ᠰᠢᠰᠢ ᠶ᠋ᠢᠨ ᠮᠦ ᠶ᠋ᠢᠨ ᠬᠤᠷᠢᠶᠠᠯᠲᠠ ᠨᠢ 5 ᠲᠤᠨ ᠡᠴᠠ ᠪᠠᠨ 8 ᠲᠤᠨ ᠪᠣᠯᠣᠨ ᠳᠡᠭᠡᠭᠰᠢᠯᠡᠵᠡᠢ ᠃
     ᠸᠠᠩ  ᠭᠦᠸ᠋ᠸ ᠴᠸᠩ ᠬᠣᠶᠢᠰᠢᠲᠠ ᠶ᠋ᠢᠨ ᠠᠵᠢᠯ ᠤᠨ ᠲᠥᠰᠦᠪ ᠢᠶ᠋ᠡᠨ ᠶᠠᠷᠢᠬᠤ ᠳ᠋ᠠᠭᠠᠨ ᠂ ᠺᠣᠮᠫᠠᠨᠢ ᠶ᠋ᠢᠨ ᠲᠡᠵᠢᠭᠡᠪᠦᠷᠢ ᠶ᠋ᠢᠨ ᠲᠠᠯᠠᠪᠠᠢ ᠳ᠋ᠠᠭᠠᠨ ᠪᠠᠰᠠ 880 ᠲᠦᠮᠡᠨ ᠲᠥᠭᠦᠷᠢᠭ ᠦᠨ ᠪᠡᠯᠡ ᠣᠷᠤᠭᠤᠯᠤᠨ ᠂ ᠰᠠᠭᠠᠯᠢ ᠶ᠋ᠢᠨ ᠦᠨᠢᠶᠡᠨ ᠦ ᠰᠠᠭᠤᠷᠢᠨ ᠭᠠᠵᠠᠷ ᠤᠨ ᠲᠠᠯᠠᠪᠠᠢ ᠪᠠᠨ ᠥᠷᠭᠡᠦᠨᠬᠡᠨ ᠂ 800 ᠶᠠᠳᠠᠭᠤ ᠡᠷᠦᠬᠡ ᠲᠠᠢ ᠭᠡᠷ᠎ᠡ ᠳᠣᠬᠲᠠᠵᠤ ᠲᠡᠳᠡᠨᠦᠰ ᠢ ᠬᠠᠪᠰᠤᠷᠤᠨ ᠶᠠᠳᠠᠭᠤ ᠡᠴᠠ ᠠᠩᠭᠢᠵᠢᠷᠠᠭᠤᠯᠤᠨ ᠴᠢᠨᠡᠭᠡᠯᠢᠭᠵᠢᠭᠦᠯᠦᠨ᠎ᠡ ᠃ ᠳᠠᠭᠠᠤ ᠳ᠋ᠦ᠋ᠨᠢ ᠪᠠᠰᠠ ᠤᠶᠢᠷ᠎ᠠ ᠬᠠᠪᠢ ᠶ᠋ᠢᠨ 60 ᠶᠠᠳᠠᠭᠤ ᠡᠷᠦᠬᠡ ᠶ᠋ᠢ ᠳᠠᠶᠢᠴᠢᠯᠠᠨ ᠬᠥᠬᠡ ᠪᠣᠷᠳᠤᠭ᠎ᠠ ᠲᠠᠷᠢᠭᠤᠯᠵᠤ ᠵᠢᠯ ᠳ᠋ᠦ ᠬᠦᠮᠦᠨ ᠪᠦᠷᠢ ᠶ᠋ᠢᠨ ᠣᠷᠤᠯᠭ᠎ᠠ ᠶ᠋ᠢ 2000 ᠲᠥᠭᠦᠷᠢᠭ ᠨᠡᠮᠡᠭᠳᠡᠭᠦᠯᠦᠨ᠎ᠡ ᠭᠡᠵᠦ ᠪᠤᠢ ᠃ ᠣᠳᠣᠬᠠᠨ ᠪᠣᠯᠲᠠᠯ᠎ᠠ ᠲᠣᠰ ᠺᠣᠮᠫᠠᠨᠢ ᠨᠢᠭᠡᠨᠲᠡ 750 ᠶᠠᠳᠠᠭᠤ ᠡᠷᠦᠬᠡ ᠶ᠋ᠢ ᠬᠠᠪᠰᠤᠷᠤᠨ ᠳᠡᠦᠨᠬᠦᠵᠦ ᠂ 2020 ᠣᠨ ᠪᠣᠯᠬᠤ ᠳ᠋ᠤ ᠬᠠᠷᠢᠶᠠᠨ ᠤ ᠶᠠᠳᠠᠭᠤ ᠡᠷᠦᠬᠡ ᠶ᠋ᠢ ᠨᠢᠭᠡ ᠶ᠋ᠢ ᠴᠤ ᠦᠯᠡᠳᠡᠭᠡᠯ ᠦᠭᠡᠢ ᠴᠦᠮ ᠶᠠᠳᠠᠭᠤ ᠡᠴᠠ ᠠᠩᠭᠢᠵᠢᠷᠠᠭᠤᠯᠤᠨ᠎ᠠ ᠭᠡᠵᠦ ᠸᠠᠩ  ᠭᠦᠸ᠋ᠸ ᠴᠸᠩ ᠣᠮᠤᠬᠲᠠᠢ ᠶᠠᠷᠢᠵᠤ ᠪᠠᠶᠢᠨ᠎ᠠ ᠃

      ᠨᠡᠶᠢᠭᠡᠮ ᠳ᠋ᠦ ᠲᠣᠪᠤᠶᠢᠮ᠎ᠠ ᠵᠢᠦᠨᠬᠦᠯ ᠲᠠᠢ ᠬᠦᠴᠦ ᠪᠡᠨ ᠡᠷᠭᠦᠵᠦ ᠶᠠᠪᠤᠭ᠎ᠠ ᠸᠠᠩ  ᠬᠦᠸ᠋ᠸ ᠴᠸᠩ 1994 ᠣᠨ ᠳ᠋ᠤ ᠡᠪ ᠬᠠᠮᠳᠤ ᠵᠠᠯᠠᠭᠤᠴᠤᠳ ᠤᠨ ᠡᠪᠯᠡᠯ ᠦᠨ ᠲᠥᠪ ᠬᠣᠷᠢᠶᠠᠨ ᠤ ︿ ︿ ᠪᠦᠬᠦ ᠤᠯᠤᠰ ᠤᠨ ᠵᠠᠭᠤᠨ ᠨᠡᠷᠡᠰ ᠰᠢᠯᠢᠳᠡᠭ ᠠᠵᠤ ᠠᠬᠤᠶᠢᠯᠠᠯᠲᠠᠨ ﹀ ﹀ ᠤ ᠴᠣᠯᠠ ᠬᠦᠷᠲᠡᠵᠦ ᠂ 1992--1996 ᠣᠨ ᠳ᠋ᠤ  ᠵᠠᠯᠭᠠᠪᠡᠷ ︿ ︿ ᠥᠪᠡᠷᠲᠡᠭᠡᠨ ᠵᠠᠰᠠᠬᠤ ᠣᠷᠣᠨ ᠤ ᠰᠢᠯᠢᠳᠡᠭ ᠠᠵᠤ ᠠᠬᠤᠶᠢᠯᠠᠯᠲᠠᠨ ﹀ ﹀ ᠪᠠ 2012 ᠣᠨ ᠡᠴᠠ ᠬᠣᠶᠠᠷ ᠬᠣᠭᠣᠴᠠᠭᠠᠨ ᠤ ᠲᠥᠩᠯᠢᠶᠣᠤ ᠬᠣᠲᠠ ᠶ᠋ᠢᠨ ᠠᠷᠠᠳ ᠤᠨ ᠲᠥᠯᠦᠭᠡᠯᠡᠭᠴᠢ ᠪᠡᠷ ᠰᠤᠩᠭᠤᠬᠳᠠᠨ ᠨᠡᠶᠢᠭᠡᠮ ᠨᠡᠶᠢᠲᠡ ᠳ᠋ᠦ ᠬᠠᠷᠠᠮ ᠦᠭᠡᠢ ᠲᠤᠰᠠ ᠬᠦᠷᠭᠡᠨ ᠠᠰᠢᠭ ᠬᠦᠷᠲᠡᠭᠡᠨᠠᠵᠢᠯᠯᠠᠵᠤ  ᠠᠯᠳᠠᠷ ᠨᠡᠷ᠎ᠡ ᠪᠡᠨ ᠮᠠᠨᠳᠤᠭᠤᠯᠵᠤ ᠶᠠᠪᠤᠨ᠎ᠠ ᠃

       

                                                              ᠯᠢ ᠪᠤᠶᠠᠨᠴᠤᠬᠯᠠ

ᠢᠷᠡᠯᠳᠡ᠄ ᠨᠠᠶᠢᠷᠠᠭᠤᠯᠤᠭᠴᠢ᠄