ᠨᠠᠢᠮᠠᠨ ᠬᠤᠰᠢᠭᠤ ᠡᠮᠨᠡᠯᠭᠡ ᠡᠷᠡᠭᠦᠯ ᠮᠡᠨᠳᠦ ᠪᠡᠷ ᠶᠠᠳᠠᠭᠤ ᠶ᠋ᠢ ᠳᠡᠦᠨᠬᠦᠬᠦ ᠠᠵᠢᠯ  ᠢ ᠪᠦᠬᠦ ᠬᠦᠴᠦᠨ ᠢᠶ᠋ᠡᠷ ᠠᠬᠢᠭᠤᠯᠵᠤ ᠪᠤᠢ

ᠣᠩᠰᠢᠭᠰᠠᠨ ᠤᠳᠠᠭ᠎ᠠ ᠄ 8402     ᠨᠡᠶᠢᠳᠡᠯᠡᠭᠰᠡᠨ ᠴᠠᠭ ᠄ 2018/9/12 14:39:48

   ᠵᠢᠯ ᠦᠨ ᠡᠬᠢᠨ ᠡᠴᠡ ᠨᠠᠰᠢ ᠂ ᠨᠠᠢᠮᠠᠨ  ᠬᠤᠰᠢᠭᠤ ᠡᠮᠨᠡᠯᠭᠡ ᠡᠷᠡᠭᠦᠯ ᠬᠠᠮᠠᠭᠠᠯᠠᠯ ᠡᠷᠡᠭᠦᠯ ᠮᠡᠨᠳᠦ ᠪᠡᠷ ᠶᠠᠳᠠᠭᠤ ᠶ᠋ᠢ ᠳᠡᠦᠨᠬᠦᠬᠦ ᠢᠨᠵᠸᠨ᠋ᠸᠷᠢᠩ ᠢ ᠭᠦᠨᠵᠡᠭᠡᠢ ᠬᠡᠷᠡᠭᠵᠢᠭᠦᠯᠵᠦ ᠂ ᠬᠦᠳᠡᠭᠡ ᠲᠣᠰᠬᠤᠨ ᠤ ᠡᠮᠨᠡᠯᠭᠡ ᠡᠷᠡᠭᠦᠯ ᠬᠠᠮᠠᠭᠠᠯᠠᠯ ᠤᠨ ᠤᠶᠢᠯᠡᠴᠢᠯᠡᠭᠡᠨ ᠤ ᠴᠢᠳᠠᠪᠬᠢ ᠪᠣᠯᠣᠨ ᠬᠢᠷᠢ ᠲᠥᠪᠰᠢᠨ ᠢ ᠳᠡᠭᠡᠭᠰᠢᠯᠡᠭᠦᠯᠵᠦ ᠂ ᠣᠯᠠᠨ ᠲᠦᠮᠡᠨ ᠦ ᠡᠪᠡᠦᠨᠴᠢᠨ ᠡᠴᠡ ᠪᠣᠯᠵᠤ ᠶᠠᠳᠠᠭᠤᠷᠠᠬᠤ ᠡᠪᠡᠦᠨᠴᠢᠨ ᠡᠴᠡ ᠪᠣᠯᠵᠤ ᠳᠠᠬᠢᠨ ᠶᠠᠳᠠᠭᠤᠷᠠᠬᠤ ᠶ᠋ᠢ ᠬᠣᠷᠢᠬᠯᠠᠨ ᠂ ᠶᠠᠳᠠᠭᠤ ᠬᠦᠴᠢᠷᠲᠡᠢ ᠡᠷᠦᠬᠡ ᠶ᠋ᠢᠨ ᠬᠦᠮᠦᠰ ᠲᠦ ᠡᠮ ᠡᠮᠨᠡᠯᠭᠡ ᠡᠷᠡᠭᠦᠯ ᠴᠢᠬᠢᠷᠠᠭ ᠤᠨ ᠤᠶᠢᠯᠡᠴᠢᠯᠡᠭᠡᠨ ᠢ ᠪᠦᠬᠦ ᠲᠠᠯ᠎ᠠ ᠪᠠᠷ  ᠬᠠᠩᠭᠠᠵᠤ ᠪᠤᠢ ᠃ ᠣᠨᠤᠪᠴᠢᠲᠠᠢ ᠪᠠᠷ ᠲᠥᠷᠥᠯ ᠬᠣᠪᠢᠶᠠᠨ ᠬᠡᠷᠡᠭᠵᠢᠭᠦᠯᠵᠦ 17645 ᠶᠠᠳᠠᠭᠤ ᠬᠦᠴᠢᠷᠲᠡᠢ ᠬᠦᠮᠦᠨ ᠠᠮᠠ ᠶ᠋ᠢ ᠪᠦᠬᠦᠨ ᠶ᠋ᠢ ᠲᠥᠷᠥᠯ ᠬᠣᠪᠢᠶᠠᠨ ᠳᠠᠩᠰᠠ ᠪᠠᠶᠢᠭᠤᠯᠵᠤ ᠂  9 ᠵᠦᠢᠯ ᠦᠨ ᠶᠡᠬᠡ ᠡᠪᠡᠦᠨᠴᠢᠨ ᠦ ᠡᠮᠨᠡᠨ ᠠᠪᠤᠷᠠᠬᠤ ᠱᠠᠭᠠᠷᠳᠠᠯᠭ᠎ᠠ ᠲᠠᠢ 211 ᠬᠦᠮᠦᠨ ᠪᠠᠶᠢᠵᠤ ᠨᠢᠭᠡᠨᠲᠡ 185 ᠬᠦᠮᠦᠨ ᠢ ᠡᠮᠨᠡᠨ ᠵᠠᠰᠠᠵᠤ  ᠠᠪᠤᠷᠠᠨ ᠂ ᠡᠮ ᠡᠮᠨᠡᠯᠭᠡ ᠶ᠋ᠢᠨ ᠰᠦᠢᠦᠨᠬᠡᠯ ᠢ ᠵᠠᠭᠤᠨ ᠤ ᠵᠠᠭᠤ ᠪᠠᠷ ᠳᠠᠩᠰᠠᠨ ᠡᠴᠠ ᠬᠢᠨᠠᠵᠤ ᠭᠠᠷᠭᠠᠪᠠ ᠃ ᠬᠥᠨᠳᠦ ᠡᠪᠡᠦᠨᠴᠢᠲᠡᠨ ᠢ ᠡᠮᠨᠡᠨ ᠠᠪᠤᠷᠠᠬᠰᠠᠨ 70 ᠬᠦᠮᠦᠨ ᠪᠠᠶᠢᠵᠤ  ᠡᠮ ᠡᠮᠨᠡᠯᠭᠡ ᠶ᠋ᠢᠨ ᠰᠦᠢᠦᠨᠬᠡᠯ 378.19 ᠲᠦᠮᠡᠨ ᠲᠥᠭᠦᠷᠢᠭ  ᠲᠠᠷᠬᠠᠭᠠᠵᠤ ᠂ ᠳᠠᠩᠰᠠᠨ ᠡᠴᠠ ᠲᠠᠶᠢᠯᠤᠬᠰᠠᠨ ᠬᠠᠷᠢᠴᠠᠯ ᠵᠠᠭᠤᠨ ᠤ ᠶᠢᠷᠡᠨ ᠳᠥᠷᠪᠡ ᠴᠡᠭ ᠳᠥᠷᠪᠡ ᠲᠠᠪᠤ᠋ ᠳ᠋ᠤ ᠬᠦᠷᠴᠡᠢ ᠃ ᠤᠳᠠᠭᠠᠨ ᠴᠢᠨᠠᠷᠲᠠᠢ ᠡᠪᠡᠦᠨᠴᠢᠨ ᠲᠠᠢ ᠭᠡᠷ᠎ᠡ ᠳᠣᠬᠲᠠᠨ ᠤᠶᠢᠯᠡᠴᠢᠯᠡᠵᠦ ᠡᠮᠨᠡᠨ ᠠᠪᠤᠷᠠᠬᠤ  6678 ᠬᠦᠮᠦᠨ ᠢ ᠪᠦᠬᠦᠨ ᠢ ᠡᠮᠨᠡᠨ ᠠᠪᠤᠷᠠᠬᠤ ᠭᠡᠷ᠎ᠡ ᠳᠣᠬᠲᠠᠨ ᠡᠮᠴᠢᠯᠡᠵᠦ ᠪᠤᠢ ᠃ ︿ ︿ ᠤᠷᠢᠳᠠᠪᠠᠷ ᠡᠮᠨᠡᠨ ᠵᠠᠰᠠᠵᠤ ᠰᠡᠭᠦᠯᠡᠷ ᠰᠦᠢᠦᠨᠬᠡᠯ ᠲᠤᠰᠢᠶᠠᠬᠤ ﹀ ﹀ ᠪᠠ ︿ ︿ ᠨᠢᠭᠡ ᠯᠠ ᠥᠷᠲᠡᠭᠡᠨ ᠦ ᠬᠡᠯᠪᠡᠷᠢ ᠶ᠋ᠢᠨ ᠳᠠᠩᠰᠠᠨ ᠡᠴᠠ ᠬᠢᠨᠠᠨ ᠭᠠᠷᠭᠠᠬᠤ ﹀ ﹀ ᠳᠥᠷᠢᠮ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ ᠣᠳᠤᠬᠠᠨ ᠪᠣᠯᠲᠠᠯ᠎ᠠ ᠬᠤᠰᠢᠭᠤᠨ ᠤ ᠳᠣᠳᠤᠷ᠎ᠠ ᠤᠷᠢᠳᠠᠪᠠᠷ ᠡᠮᠨᠡᠨ ᠰᠡᠭᠦᠯᠡᠷ ᠰᠦᠢᠦᠨᠬᠡᠯ ᠲᠤᠰᠢᠶᠠᠬᠰᠠᠨ 2976 ᠬᠦᠮᠦᠨ ᠤᠳᠠᠭ᠎ᠠ ᠪᠠᠶᠢᠵᠤ ᠂ ᠡᠮ ᠡᠮᠨᠡᠯᠭᠡ ᠶ᠋ᠢᠨ ᠰᠦᠢᠦᠨᠬᠡᠯ  2015 ᠲᠦᠮᠡᠨ ᠲᠥᠭᠦᠷᠢᠭ ᠢ ᠳᠠᠩᠰᠠᠨ ᠡᠴᠠ ᠬᠢᠨᠠᠨ ᠭᠠᠷᠭᠠᠵᠠᠢ ᠃
                                              ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ