ᠨᠠᠢᠮᠠᠨ ᠬᠤᠰᠢᠭᠤ ︿ ︿ ᠬᠠᠷ᠎ᠠ ᠪᠦᠯᠦᠭᠲᠡᠨ ᠬᠠᠷᠬᠢᠰ ᠡᠲᠡᠭᠡᠳ ᠢ ᠱᠦᠭᠦᠷᠳᠡᠨ ᠠᠷᠢᠯᠭᠠᠬᠤ ﹀ ﹀ ᠲᠤᠰᠬᠠᠢ ᠲᠡᠮᠡᠴᠡᠯ ᠦᠨ ᠤᠬᠠᠭᠤᠯᠭ᠎ᠠ ᠶ᠋ᠢ ᠰᠠᠶᠢᠳᠤᠷ ᠬᠢᠵᠦ ᠪᠤᠢ

ᠣᠩᠰᠢᠭᠰᠠᠨ ᠤᠳᠠᠭ᠎ᠠ ᠄ 8303     ᠨᠡᠶᠢᠳᠡᠯᠡᠭᠰᠡᠨ ᠴᠠᠭ ᠄ 2018/9/12 14:35:50

   ᠬᠠᠷ᠎ᠠ ᠪᠦᠯᠦᠭᠲᠡᠨ ᠬᠠᠷᠭᠢᠰ ᠡᠲᠡᠭᠡᠳ ᠢ ᠱᠦᠭᠦᠷᠳᠡᠨ ᠠᠷᠢᠯᠭᠠᠬᠤ ᠲᠤᠰᠬᠠᠢ ᠳᠡᠮᠡᠴᠡᠯ ᠥᠷᠨᠢᠭᠰᠡᠨ ᠡᠴᠡ ᠨᠠᠰᠢ ᠂ ᠨᠠᠢᠮᠠᠨ ᠬᠤᠰᠢᠭᠤ ᠣᠯᠠᠨ ᠵᠦᠢᠯ ᠦᠨ ᠠᠷᠭ᠎ᠠ ᠬᠡᠮᠵᠢᠶ᠎ᠡ ᠠᠪᠴᠤ ︿ ︿ ᠬᠠᠷ᠎ᠠ ᠪᠦᠯᠦᠭᠲᠡᠨ ᠬᠠᠷᠬᠢᠰ ᠡᠲᠡᠭᠡᠳ ᠢ ᠱᠦᠭᠦᠷᠲᠡᠨ ᠠᠷᠢᠯᠭᠠᠬᠤ ﹀ ﹀ ᠤᠬᠠᠭᠤᠯᠭ᠎ᠠ ᠶ᠋ᠢᠨ ᠬᠦᠴᠦᠴᠡ ᠪᠡᠨ ᠴᠢᠩᠭᠠᠣᠨᠬᠠᠨ ᠣᠯᠠᠨ ᠲᠦᠮᠡᠨ ᠦ ᠰᠡᠷᠡᠮᠵᠢᠯᠡᠯ ᠪᠠ ᠲᠡᠮᠡᠴᠡᠯ ᠦᠨ ᠡᠷᠴᠢ ᠶ᠋ᠢ ᠨᠢ ᠪᠠᠳᠠᠷᠠᠭᠠᠵᠤ ᠪᠤᠢ ᠃ ︿ ︿ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠤ ᠳᠣᠳᠤᠭᠠᠳᠤ ᠶ᠋ᠢ ᠬᠠᠮᠠᠭᠠᠯᠠᠬᠤ ᠲᠢᠩᠬᠢᠮ ᠦᠨ ᠨᠠᠮ ᠤᠨ ᠬᠣᠷᠢᠶᠠᠨ ᠤ ᠬᠠᠷ᠎ᠠ ᠪᠦᠯᠦᠭᠲᠡᠨ ᠬᠠᠷᠬᠢᠰ ᠡᠲᠡᠭᠡᠳ ᠢ ᠱᠦᠭᠦᠷᠲᠡᠨ ᠠᠷᠢᠯᠭᠠᠬᠤ ᠲᠤᠰᠬᠠᠢ ᠲᠣᠭᠤᠷᠢᠨ ᠪᠠᠶᠢᠴᠠᠭᠠᠬᠤ ᠠᠯᠪᠠᠨ ᠵᠠᠷ ﹀ ﹀ ᠪᠣᠯᠣᠨ ᠡᠯ᠎ᠡ ᠱᠠᠳᠤᠨ ᠤ ᠵᠠᠷᠯᠠᠯ ᠢ ᠳᠠᠷᠤᠮᠠᠯᠯᠠᠨ ᠲᠠᠷᠬᠠᠭᠠᠵᠤ ᠡᠯ᠎ᠡ ᠰᠤᠮᠤ ᠰᠢᠶᠠᠩ ᠪᠠᠯᠭᠠᠰᠤ ᠲᠠᠯᠠᠪᠠᠢ ᠵᠡᠭᠡᠯᠢ ᠭᠤᠳᠤᠮᠵᠢ ᠳ᠋ᠤ ᠲᠠᠷᠬᠠᠭᠠᠵᠤ ᠂ ᠢᠯᠡ ᠭᠠᠵᠠᠷ ᠨᠠᠭᠠᠵᠤ ᠣᠯᠠᠨ ᠤ ᠦᠵᠡᠨ ᠮᠡᠳᠡᠬᠦ ᠳ᠋ᠦ ᠲᠥᠭᠦᠮ ᠪᠣᠯᠭᠠᠵᠠᠢ ᠃ ᠤᠷᠢᠶ᠎ᠠ ᠯᠣᠤᠽᠦᠢᠩ ᠡᠯᠭᠦᠬᠦ ᠂ ᠤᠬᠠᠭᠤᠯᠭ᠎ᠠ ᠶ᠋ᠢᠨ ᠬᠠᠭᠤᠳᠠᠰᠤ ᠳᠠᠷᠬᠠᠭᠠᠨ ᠪᠦᠬᠦ ᠬᠤᠰᠢᠭᠤᠨ ᠤ ᠡᠷᠦᠬᠡ ᠪᠦᠬᠦᠨ ᠳ᠋ᠦ ᠨᠢᠭᠡ ᠬᠤᠪᠢ ᠤᠬᠠᠭᠤᠯᠭ᠎ᠠ ᠶ᠋ᠢᠨ ᠬᠠᠭᠤᠳᠠᠰᠤ ᠬᠦᠷᠭᠡᠵᠦ ᠂ ᠬᠦᠮᠦᠨ ᠪᠦᠬᠦᠨ ᠬᠠᠷ᠎ᠠ ᠪᠦᠯᠦᠭᠲᠡᠨ ᠬᠠᠷᠭᠢᠰ ᠡᠲᠡᠭᠡᠳ ᠢ ᠱᠦᠭᠦᠷᠳᠡᠨ ᠠᠷᠢᠯᠭᠠᠬᠤ ᠴᠢᠬᠤᠯᠠ ᠲᠠᠢ ᠮᠡᠳᠡᠯᠭᠡ ᠪᠠ ᠮᠡᠳᠡᠭᠦᠯᠬᠦ ᠵᠠᠮ ᠰᠣᠪᠠᠭ ᠢ ᠤᠶᠢᠯᠠᠭᠠᠬᠤ ᠪᠣᠯᠵᠠᠢ ᠃ ᠬᠠᠮᠳᠤ ᠳ᠋ᠦ᠋ᠨᠢ ︿ ︿ ᠠᠮᠤᠷ ᠲᠥᠪᠰᠢᠨ ᠨᠠᠢᠮᠠᠨ ﹀ ﹀ ᠵᠡᠷᠭᠡ ᠸᠢᠴᠠᠲ ᠳᠠᠪᠴᠠᠩ ᠢ ᠠᠰᠢᠬᠯᠠᠨ 50 ᠭᠠᠷᠤᠢ ᠵᠣᠷᠪᠤᠰ ᠬᠠᠮᠢᠶ᠎ᠠ ᠪᠦᠬᠦᠢ ᠮᠡᠳᠡᠭᠡ ᠵᠠᠩᠭᠢ ᠬᠦᠷᠭᠡᠨ ᠳᠠᠷᠣᠮ ᠤᠨ ᠲᠣᠭ᠎ᠠ 8 ᠲᠦᠮᠡ ᠶ᠋ᠢ ᠳᠠᠪᠠᠵᠤ ᠪᠤᠢ ᠃ ᠭᠠᠴᠠᠭ᠎ᠠ ᠲᠣᠰᠬᠤᠨ ᠤ ︿ ︿ ᠬᠣᠶᠠᠷ ᠪᠠᠭ ﹀ ﹀ ᠤᠨ ᠬᠣᠭᠣᠴᠠᠭ᠎ᠠ ᠰᠣᠯᠢᠬᠤ ᠰᠤᠩᠭᠤᠭᠤᠯᠢ ᠶ᠋ᠢ ᠠᠰᠢᠬᠯᠠᠨ ᠬᠠᠷ᠎ᠠ ᠪᠦᠯᠦᠭᠲᠡᠨ ᠬᠠᠷᠭᠢᠰ ᠡᠲᠡᠭᠡᠳ ᠢ ᠱᠦᠭᠦᠷᠳᠡᠨ ᠠᠷᠢᠯᠭᠠᠬᠤ ᠤᠬᠠᠭᠤᠯᠭ᠎ᠠ ᠪᠠᠨ ᠵᠣᠬᠢᠶᠠᠨ ᠪᠠᠶᠢᠭᠤᠯᠤᠯᠲᠠ ᠲᠠᠢ ᠪᠠᠷ ᠢᠳᠡᠪᠬᠢᠲᠡᠢ ᠴᠢᠩᠭᠠᠣᠨᠬᠠᠨ ᠬᠠᠷ᠎ᠠ ᠪᠦᠯᠦᠭᠲᠡᠨ ᠬᠠᠷᠭᠢᠰ ᠡᠲᠡᠭᠡᠳ ᠢ ᠱᠦᠭᠦᠷᠳᠡᠨ ᠠᠷᠢᠯᠭᠠᠬᠤ ᠤᠬᠠᠭᠤᠯᠭ᠎ᠠ ᠶ᠋ᠢᠨ ᠠᠵᠢᠯ ᠪᠦᠬᠦ ᠬᠤᠰᠢᠭᠤᠨ ᠤ ᠥᠨᠴᠥᠭ ᠪᠣᠯᠤᠩ ᠦᠯᠡᠳᠡᠯ ᠦᠭᠡᠢ ᠨᠡᠶᠢᠲᠡᠮ ᠪᠦᠷᠬᠦᠵᠡᠢ ᠃                  
                                          ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ