ᠨᠠᠢᠮᠠᠨ ᠬᠤᠰᠢᠭᠤᠨ ᠳ᠋ᠤ ᠤᠯᠠᠨ ᠤᠯᠤᠰ ᠤᠨ ᠡᠯᠡᠰᠦᠨ ᠳ᠋ᠡᠬᠢ ᠭᠤᠶᠤ ᠠᠪᠠᠬᠠᠶᠢᠴᠤᠤᠯ ᠤᠨ ᠳᠤᠮᠤ ᠤᠷᠤᠯᠳᠤᠭᠠᠨ ᠪᠤᠯᠪᠠ

ᠣᠩᠰᠢᠭᠰᠠᠨ ᠤᠳᠠᠭ᠎ᠠ ᠄ 12003     ᠨᠡᠶᠢᠳᠡᠯᠡᠭᠰᠡᠨ ᠴᠠᠭ ᠄ 2018/9/10 9:29:43

     9 ᠰᠠᠷ᠎ᠠ ᠶ᠋ᠢᠨ 8 ᠦ ᠦᠳᠡᠰᠢ ᠂ 2018 ᠤᠨ ᠤ ᠤᠯᠠᠨ ᠤᠯᠤᠰ ᠤᠨ ᠡᠯᠡᠰᠦᠨ ᠳ᠋ᠡᠬᠢ ᠭᠤᠶᠤ ᠠᠪᠠᠬᠠᠶᠢᠴᠤᠤᠯ ᠤᠨ ᠶᠡᠷᠤᠩᠬᠡᠢ ᠰᠢᠢᠳᠪᠤᠷᠢᠳᠤ ᠤᠷᠤᠯᠳᠤᠭᠠᠨ ᠨᠠᠢᠮᠠᠨ ᠬᠤᠰᠢᠭᠤᠨ ᠳ᠋ᠤ ᠰᠠᠭᠤᠷᠢᠰᠢᠭᠰᠠᠨ ᠦᠪᠦᠷ ᠮᠤᠩᠭᠤᠯ ᠤᠨ ᠵᠡᠬᠦᠨ ᠭᠡᠰᠡᠭ ᠦᠨ ᠺᠢᠨᠤ᠋ ᠵᠦᠴᠦᠭᠡ ᠶ᠋ᠢᠨ ᠬᠤᠳᠠ ᠳ᠋ᠤ ᠦᠪᠡᠳᠡᠭᠰᠢ ᠶᠡᠭᠡ ᠪᠠᠷ ᠶᠠᠪᠤᠭᠳᠠᠯ᠎ᠠ ᠃ ᠳᠤᠰ ᠤᠳᠠᠭᠠᠨ ᠤ ᠬᠦᠳᠡᠯᠭᠡᠭᠡᠨ ᠪᠤᠯ  2018 ᠤᠨ ᠤ《 ᠳᠤᠷᠭᠠᠨ ᠵᠠᠮ ᠤᠨ ᠳᠡᠮᠡᠭᠡᠨ ᠵᠢᠩ》 ᠳᠤᠮᠳᠠᠳᠤ ᠤᠯᠤᠰ · ᠨᠠᠢᠮᠠᠨ ᠬᠤᠰᠢᠭᠤᠨ ᠤ ᠤᠯᠠᠨ ᠤᠯᠤᠰ ᠤᠨ ᠬᠡᠷᠡᠯ ᠵᠢᠷᠤᠭ ᠤᠨ ᠰᠤᠶᠤᠯ ᠤᠨ ᠨᠠᠶᠢᠷ ᠤᠨ ᠰᠢᠷᠢᠰ ᠬᠦᠳᠡᠯᠭᠡᠭᠡᠨ ᠦ ᠴᠢᠬᠤᠯᠠ ᠨᠢᠭᠡ ᠠᠭᠤᠯᠭ᠎ᠠ ᠳᠠᠬᠢᠨᠢ ᠶ᠋ᠢᠨ《 ᠵᠢᠬᠦᠷ》 ᠂ ᠦᠳᠡᠰᠢ ᠶ᠋ᠢᠨ ᠶᠤᠰᠤᠯᠠᠯ ᠤᠨ ᠬᠤᠪᠴᠠᠰᠤ ᠵᠡᠷᠭᠡ ᠭᠤᠷᠪᠠᠨ ᠠᠭᠤᠯᠭᠠᠳᠤ ᠬᠤᠷᠴᠠ ᠰᠢᠷᠤᠬᠦᠨ ᠮᠦᠷᠦᠶᠢᠴᠠᠭᠡᠨ ᠢᠶᠠᠷ ᠳᠠᠮᠵᠢᠨ ᠂ ᠡᠮᠤᠨ᠎ᠠ 15 ᠨᠠᠷᠡᠰ ᠲᠤ ᠲᠦᠷᠢ ᠳᠦᠷᠬᠦ ᠶ᠋ᠢᠨ ᠬᠠᠮᠤᠭ ᠂ ᠰᠦᠷ ᠰᠦᠯᠳᠠ ᠶ᠋ᠢᠨ ᠬᠠᠮᠤᠭ ᠂  ᠤᠷᠡᠨ ᠤᠬᠠᠭᠠᠨ ᠤ ᠬᠠᠮᠤᠭ ᠵᠡᠷᠭᠡ 10 ᠳᠠᠩ ᠳᠦᠷᠦᠯ ᠦᠨ ᠱᠠᠩᠨᠠᠯ ᠪᠠ ᠡᠮᠤᠨ᠎ᠠ 5 ᠨᠠᠷᠡᠰ ᠢ ᠰᠢᠯᠭᠠᠷᠠᠭᠤᠯᠤᠭᠰᠠᠨ ᠪᠠᠶᠢᠨ᠎ᠠ ᠃  ᠬᠠᠮᠤᠭ ᠡᠴᠤᠰ ᠲᠦ ᠳᠤᠮᠤ ᠤᠷᠤᠯᠳᠤᠭᠠᠨ ᠤ ᠳᠡᠷᠢᠬᠦᠨ ᠂ ᠳᠡᠳ᠋ ᠂ ᠭᠤᠳᠠᠭᠠᠷ ᠨᠠᠷᠡᠰ ᠢ ᠤᠷᠤᠰ ᠂ ᠳᠤᠮᠳᠠᠳᠤ ᠪᠠ ᠭᠸᠷᠮᠡᠨ ᠤᠯᠤᠰ ᠤᠨ ᠤᠷᠤᠯᠳᠤᠭᠴᠢ ᠪᠤᠯᠢᠶᠠᠭᠰᠠᠨ ᠪᠠᠶᠢᠨ᠎ᠠ ᠃
     2018 ᠤᠨ ᠤ ᠤᠯᠠᠨ ᠤᠯᠤᠰ ᠤᠨ ᠡᠯᠡᠰᠦᠨ ᠳ᠋ᠡᠬᠢ ᠭᠤᠶᠤ ᠠᠪᠠᠬᠠᠶᠢᠴᠤᠤᠯ ᠤᠨ ᠳᠤᠮᠤ ᠤᠷᠤᠯᠳᠤᠭᠠᠨ 9 ᠰᠠᠷ᠎ᠠ ᠶ᠋ᠢᠨ 2 ᠤᠨ ᠦᠳᠡᠰᠢ ᠨᠠᠢᠮᠠᠨ ᠬᠤᠰᠢᠭᠤᠨ ᠳ᠋ᠤ ᠬᠦᠰᠢᠭᠡ ᠪᠠᠨ ᠨᠠᠭᠡᠭᠡᠭᠰᠡᠨ ᠶᠤᠮ ᠃  ᠡᠨᠡᠬᠦ ᠰᠢᠵᠢᠷ ᠡᠯᠡᠰᠦᠨ ᠬᠤᠳᠠᠨ ᠳ᠋ᠤ ᠂ ᠤᠷᠤᠰ ᠂ ᠹᠷᠠᠨᠼᠢ ᠪᠠ ᠦᠺᠷᠠᠶᠢᠨ ᠵᠡᠷᠭᠡ ᠤᠯᠤᠰ ᠵᠢᠴᠢ ᠳᠤᠮᠳᠠᠳᠤ ᠤᠯᠤᠰ ᠤᠨ ᠰᠢᠶᠠᠩᠭᠠᠩ ᠤᠤᠮᠸᠨ ᠵᠡᠷᠭᠡ  ᠨᠠᠶᠢᠳᠠ  31 ᠤᠯᠤᠰ ᠪᠠ ᠭᠠᠵᠠᠷ ᠤᠷᠤᠨ ᠤ  33 ᠨᠠᠷᠠᠰ ᠭᠤᠶᠤ ᠠᠪᠠᠬᠠᠢ ᠤᠷᠤᠯᠴᠠᠭᠰᠠᠨ ᠪᠠᠶᠢᠨ᠎ᠠ ᠃
       ᠨᠢᠭᠡ ᠭᠠᠷᠠᠭ ᠪᠤᠯᠤᠭᠰᠠᠨ ᠢᠳᠠ ᠦᠷᠢᠰᠤᠯᠳᠤᠭᠡᠨ ᠢᠶᠠᠷ ᠂  ᠬᠠᠮᠤᠭ ᠡᠴᠤᠰ ᠲᠦ ᠳᠡᠷᠢᠬᠦᠨ ᠢᠶ᠋ᠡᠷ ᠰᠢᠯᠭᠠᠷᠠᠭᠰᠠᠨ ᠤᠷᠤᠰ ᠤᠨ ᠤᠷᠤᠯᠳᠤᠭᠴᠢ ᠶᠧ ᠺᠠᠨ ᠵᠢᠶᠸ ᠯᠢᠨ ᠨᠠ
(  ROOT EkATERINA) ᠡᠴᠡ  ᠄ 《ᠦᠪᠤᠷ ᠮᠤᠩᠭᠤᠯ ᠤᠨ ᠨᠠᠢᠮᠠᠨ ᠬᠤᠰᠢᠭᠤ ᠪᠤᠯ ᠰᠤᠨᠢᠨ ᠭᠠᠶᠢᠬᠠᠯᠳᠠᠢ ᠭᠠᠵᠠᠷ ᠤᠷᠤᠨ ᠪᠠᠶᠢᠭ᠎ᠠ ᠂ ᠡᠨᠳᠠᠬᠢ ᠬᠦᠪᠡᠭᠡ ᠬᠢᠵᠠᠭᠠᠷ ᠨᠢ ᠬᠠᠷᠠᠭᠳᠠᠬᠤ ᠦᠭᠡᠢ ᠡᠯᠡᠰᠦ ᠮᠠᠩᠬ᠎ᠠ ᠭᠤᠶᠢᠳᠠ ᠰᠠᠶᠢᠬᠠᠨ ᠂ ᠰᠦᠷᠯᠢᠭ ᠭᠤᠴᠤ ᠂ ᠦᠪᠠᠷ ᠤᠨ ᠡᠷᠭᠡ ᠦᠭᠡᠢ ᠰᠢᠯᠦᠭᠯᠢᠭ ᠰᠠᠨᠠᠭ᠎ᠠ ᠳᠦᠷᠦᠬᠦᠯᠦᠨ᠎ᠠ ᠃ ᠤᠯᠤᠰ ᠲᠤ ᠪᠠᠨ ᠪᠤᠴᠠᠭᠰᠠᠨ ᠤ ᠰᠠᠬᠦᠯᠡᠷ ᠡᠨᠳᠡᠬᠢ ᠰᠠᠶᠢᠬᠠᠨ ᠪᠦᠬᠦᠨ ᠢ ᠤᠯᠤᠰ ᠤᠷᠤᠨ ᠤ  ᠤᠯᠠᠨ ᠳᠦᠮᠡᠨ ᠳ᠋ᠦ  ᠪᠠᠨ ᠯᠠᠪ ᠳᠡᠮᠵᠢᠭᠤᠯᠤᠨ᠎ᠠ 》ᠬᠡᠵᠦ ᠴᠤᠭᠳᠠᠢ ᠢᠳᠡᠭᠡᠯᠳᠠᠢ ᠶᠡᠷᠢᠵᠦ   ᠪᠠᠶᠢᠯ᠎ᠠ ᠃

      ᠤᠯᠠᠨ ᠤᠯᠤᠰ ᠤᠨ ᠡᠯᠡᠰᠦᠨ ᠳ᠋ᠡᠬᠢ ᠭᠤᠶᠤ ᠠᠪᠠᠬᠠᠶᠢᠴᠤᠤᠯ ᠤᠨ ᠳᠤᠮᠤ ᠤᠷᠤᠯᠳᠤᠭᠠᠨ ᠨᠢ ᠳᠤᠮᠳᠠᠳᠤ ᠤᠯᠤᠰ ᠡᠴᠡ ᠡᠬᠦᠰᠭᠡᠭᠰᠡᠨ ᠠᠮᠢ ᠠᠬᠤᠢ ᠶ᠋ᠢᠨ ᠰᠠᠳᠤᠪᠳᠤ ᠭᠤᠶᠤ ᠠᠪᠠᠬᠠᠢ  ᠶ᠋ᠢ  ᠰᠢᠯᠭᠠᠷᠠᠭᠤᠯᠬᠤ ᠳᠠᠪᠴᠠᠩ ᠮᠦᠨ  ᠂ ᠪᠦᠬᠦ ᠪᠦᠮᠪᠤᠷᠴᠡᠭ ᠤᠨ ᠡᠯᠡᠰᠦᠨ ᠳ᠋ᠡᠬᠢ ᠭᠤᠶᠤ ᠠᠪᠠᠬᠠᠶᠢᠴᠤᠤᠯ ᠤᠨ  ᠦᠷᠢᠰᠤᠯᠳᠤᠨ ᠮᠦᠷᠦᠶᠢᠴᠡᠬᠦ  ᠳᠤᠮᠤ ᠴᠤᠭᠯᠠᠭᠠᠨ ᠮᠦᠨ  ᠃ ᠨᠢᠭᠡ ᠭᠠᠷᠠᠭ ᠤᠨ ᠤᠷᠤᠯᠳᠤᠭᠠᠨ ᠳ᠋ᠤ ᠂ ᠳᠠᠯᠠᠭᠡᠢ  ᠶ᠋ᠢᠨ ᠡᠯ᠎ᠡ ᠭᠠᠵᠠᠷ ᠡᠴᠡ ᠬᠦᠷᠦᠯᠴᠠᠨ ᠢᠷᠡᠭᠰᠡᠨ ᠭᠤᠶᠤ ᠠᠪᠠᠬᠠᠶᠢᠴᠤᠤᠯ ᠤᠷᠤᠯᠳᠤᠭᠴᠢᠳ ᠤᠨ ᠬᠠᠮᠳᠤ ᠶ᠋ᠢᠨ ᠪᠤᠯᠪᠠᠰᠤᠷᠠᠯ ᠂  ᠪᠠᠷᠠᠭᠤᠨ ᠤᠷᠤᠨ ᠤ ᠭᠤᠤᠯ ᠰᠠᠳᠤᠪᠳᠤ ᠠᠷᠢᠬᠢᠨ ᠳᠠᠶᠢᠯᠠᠯᠭ᠎ᠠ ᠂ ᠳᠡᠭᠷᠢ ᠶ᠋ᠢᠨ ᠳᠠᠬᠢᠨᠢ ᠶ᠋ᠢᠨ ᠰᠦᠨᠢ ᠂  ᠴᠤᠺᠤᠯᠠᠳ᠋ ᠰᠢᠬᠢᠷ ᠦᠨ ᠰᠦᠨᠢ ᠵᠡᠷᠭᠡ ᠬᠦᠳᠡᠯᠭᠡᠭᠡᠨ ᠦᠷᠨᠢᠬᠦᠯᠵᠡᠢ ᠃ ᠶᠡᠷᠤᠩᠬᠡᠢ ᠰᠢᠢᠳᠪᠤᠷᠢᠳᠤ ᠤᠷᠤᠯᠳᠤᠭᠠᠨ ᠦ ᠦᠳᠠᠰᠢ ᠂  ᠳᠤᠬᠠᠢ ᠶ᠋ᠢᠨ ᠳᠠᠯᠠᠪᠤᠷ ᠲᠦ  20  ᠮᠢᠩᠭ᠎ᠠ ᠳᠦᠮᠠᠨ ᠳᠠᠰ ᠤᠨ  ᠪᠢᠰᠢᠷᠡᠭᠴᠢᠳ ᠳᠤᠤᠷ ᠰᠦᠯᠵᠢᠶᠠᠨ ᠳᠠᠮᠵᠢᠭᠤᠯᠭ᠎ᠠ ᠬᠢᠵᠦ ᠂  ᠪᠠᠷᠤᠭ 2  ᠳ᠋ᠦᠩᠰᠢᠭᠤᠷ ᠦᠵᠡᠭᠴᠢᠳ ᠰᠦᠯᠵᠢᠶ᠎ᠠ ᠪᠠᠷ ᠳᠤᠮᠤ ᠤᠷᠤᠯᠳᠤᠭᠠᠨ ᠢ ᠬᠦᠯᠢᠶᠠᠨ ᠰᠤᠨᠢᠷᠬᠠᠭᠰᠠᠨ ᠪᠠᠶᠢᠨ᠎ᠠ ᠃ 

                                                         

                                                             (  ᠪᠤᠤ ᠵᠢᠨ ᠯᠢᠶᠠᠨ ᠮᠠᠳᠡᠭᠡᠯᠡᠪᠠ )

ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ