ᠨᠠᠢᠮᠠᠨ ᠬᠤᠰᠢᠭᠤ ᠦᠶᠡᠷ ᠤᠰᠤᠨ ᠳ᠋ᠤ ᠳᠠᠭᠠᠷᠢᠬᠳᠠᠬᠰᠠᠨ ᠠᠷᠠᠳ ᠢ ᠢᠳᠡᠪᠬᠢᠲᠡᠢ ᠳᠡᠮᠵᠢᠨ ᠳᠡᠦᠨᠬᠦᠵᠦ ᠠᠶᠤᠯ ᠭᠠᠮᠰᠢᠭ ᠡᠴᠠ ᠠᠪᠤᠷᠠᠪᠠ

ᠣᠩᠰᠢᠭᠰᠠᠨ ᠤᠳᠠᠭ᠎ᠠ ᠄ 1044     ᠨᠡᠶᠢᠳᠡᠯᠡᠭᠰᠡᠨ ᠴᠠᠭ ᠄ 2018/9/11 8:14:53

   ᠤᠶᠢᠷ᠎ᠠ ᠳ᠋ᠤ ᠨᠢᠭᠡᠨ ᠤᠳᠠᠭᠠᠨ ᠤ ᠰᠢᠷᠦᠭᠦᠨ ᠪᠣᠷᠤᠭᠠᠨ ᠤ ᠤᠷᠰᠢᠭ ᠢᠶᠠᠷ ᠂ ᠨᠠᠢᠮᠠᠨ ᠬᠤᠰᠢᠭᠤᠨ ᠤ ᠰᠢᠨ ᠵᠸᠨ ᠪᠠᠯᠭᠠᠰᠤᠨ ᠤ ᠱᠠᠨ ᠽᠦᠢ ᠂ ᠱᠢ ᠪᠸᠢ ᠂ ᠲᠢᠶᠸ ᠵᠢᠶᠠᠩ ᠭᠸᠦ ᠭᠣᠷᠪᠠᠨ ᠲᠣᠰᠬᠤᠨ ᠤ ᠲᠠᠷᠢᠶᠠᠨ ᠤ ᠬᠠᠮᠠᠭᠠᠯᠠᠯᠲᠠ ᠶ᠋ᠢᠨ ᠬᠠᠰᠢᠯᠭ᠎ᠠ ᠂ ᠵᠠᠮ ᠤᠨ ᠬᠠᠮᠠᠭᠠᠯᠠᠯᠲᠠ ᠶ᠋ᠢᠨ ᠬᠠᠰᠢᠯᠭ᠎ᠠ ᠪᠣᠯᠣᠨ ᠲᠣᠰᠬᠤᠨ ᠤ ᠬᠠᠮᠠᠭᠠᠯᠠᠯᠲᠠ ᠶ᠋ᠢᠨ ᠬᠠᠰᠢᠯᠭ᠎ᠠ ᠬᠥᠨᠳᠦ ᠰᠦᠷᠡᠬᠡᠢ ᠡᠪᠳᠡᠭᠳᠡᠵᠦ ᠂ ᠲᠣᠰ ᠣᠷᠣᠨ ᠤ ᠲᠠᠷᠢᠶᠠᠴᠢᠳ ᠤᠨ ᠠᠮᠢᠳᠤᠷᠠᠯ ᠤᠶᠢᠯᠡᠦᠨᠪᠦᠷᠢᠯᠡᠯ ᠳ᠋ᠤ ᠠᠳᠠᠯᠢ ᠪᠣᠰᠤ ᠬᠡᠮᠵᠢᠶᠡᠨ ᠦ ᠬᠣᠬᠢᠷᠠᠯ ᠤᠴᠠᠷᠠᠭᠤᠯᠵᠠᠢ ᠃
   ᠭᠠᠮᠰᠢᠭ ᠤᠨ ᠳᠠᠷᠠᠭ᠎ᠠ ᠂ ᠨᠠᠢᠮᠠᠨ ᠬᠤᠰᠢᠭᠤᠨ ᠤ ᠦᠶᠡᠷ ᠢ ᠰᠡᠷᠬᠡᠶᠢᠯᠡᠬᠦ ᠠᠯᠪᠠᠨ ᠭᠡᠷ ᠲᠡᠷᠡ ᠳᠠᠷᠤᠢ ᠢᠳᠡᠪᠬᠢᠲᠡᠢ ᠬᠦᠳᠡᠯᠦᠯᠴᠡᠨ ᠡᠳ᠋ ᠪᠤᠳᠠᠰ ᠬᠣᠷᠠᠮᠳᠤᠭᠤᠯᠤᠨ ᠣᠯᠠᠨ ᠲᠦᠮᠡᠨ ᠢ ᠵᠣᠬᠢᠶᠠᠨ ᠪᠠᠶᠢᠭᠤᠯᠵᠤ ᠡᠪᠳᠡᠭᠳᠡᠭᠰᠡᠨ ᠬᠠᠰᠢᠯᠭ᠎ᠠ ᠪᠠᠷᠢᠯᠭ᠎ᠠ ᠶ᠋ᠢ ᠵᠠᠰᠠᠨ ᠰᠢᠨᠡᠦᠨᠬᠡᠪᠡ ᠃ ᠡᠭᠦᠨ ᠳ᠋ᠦ ᠬᠤᠰᠢᠭᠤᠨ ᠡᠴᠠ ᠲᠤᠭᠤᠯᠭᠠᠨ ᠤᠲᠠᠰᠤ 10 ᠲᠣᠨ ᠬᠣᠷᠠᠮᠳᠤᠭᠤᠯᠤᠨ ᠲᠣᠰ ᠭᠣᠷᠪᠠᠨ ᠲᠣᠰᠬᠤᠨ ᠳ᠋ᠤ ᠲᠠᠷᠬᠠᠭᠠᠵᠤ ᠂ ᠲᠣᠰ ᠭᠣᠷᠪᠠᠨ ᠲᠣᠰᠬᠤᠨ  360 ᠬᠦᠮᠦᠨ ᠂ 5000 ᠢᠯᠡᠭᠦᠦ ᠺᠥᠪ ᠮᠸᠲ᠋ᠷ ᠴᠢᠯᠠᠭᠤᠨ ᠮᠠᠲ᠋ᠸᠷᠢᠶᠠᠯ ᠭᠠᠷᠭᠠᠨ ᠂ ᠲᠤᠭᠤᠯᠭᠠᠨ ᠤᠲᠠᠰᠤ ᠪᠠᠷ ᠲᠤᠭᠤᠯᠭᠠᠨ ᠤᠲᠠᠰᠤᠳᠤ ᠴᠢᠯᠠᠭᠤᠨ ᠬᠣᠷᠢᠭᠤᠯ 5000 ᠺᠥᠪ ᠮᠸᠲ᠋ᠷ ᠬᠢᠵᠦ ᠂ ᠡᠪᠳᠡᠭᠳᠡᠭᠰᠡᠨ ᠵᠠᠮ ᠤᠨ ᠬᠠᠰᠢᠯᠭ᠎ᠠ ᠂ ᠲᠠᠷᠢᠶᠠᠨ ᠬᠠᠰᠢᠯᠭ᠎ᠠ ᠂ ᠲᠣᠰᠬᠤᠨ ᠤ ᠬᠠᠰᠢᠯᠭ᠎ᠠ ᠶ᠋ᠢ 1642 ᠮᠸᠲ᠋ᠷ ᠤᠷᠳᠤ ᠰᠢᠨᠡᠦᠨᠬᠡᠨ ᠵᠠᠰᠠᠵᠤ ᠂ ᠭᠣᠷᠪᠠᠨ ᠲᠣᠰᠬᠤᠨ ᠤ ᠲᠠᠷᠢᠶᠠᠴᠢᠨ ᠠᠷᠠᠳ ᠤᠨ ᠠᠮᠢ ᠨᠠᠰᠤ ᠡᠳ᠋ ᠬᠣᠬᠰᠢᠯ ᠤᠨ ᠠᠮᠤᠷ ᠲᠥᠪᠰᠢᠨ ᠢ ᠪᠠᠳᠤᠯᠠᠵᠠᠢ ᠃
                                       ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ