ᠨᠠᠢᠮᠠᠨ ᠬᠣᠰᠢᠭᠣ ᠦᠨᠳᠣᠰᠣᠳᠡᠨ ‍ᠤ ᠰᠣᠶᠣᠯ ᠵᠣᠭᠠᠴᠠᠯ ‍ᠤᠨ ᠪᠦᠬᠦ ᠠᠵᠣ ᠣᠶᠢᠯᠡᠰᠵᠢᠯᠳᠡ ᠶ᠋ᠢᠨ ᠬᠢᠯᠬᠢᠶᠡᠰᠣᠯᠡᠯ ‍ᠢ ᠪᠣᠢ ᠪᠣᠯᠭᠠᠨ᠎ᠠ

ᠣᠩᠰᠢᠭᠰᠠᠨ ᠤᠳᠠᠭ᠎ᠠ ᠄ 6163     ᠨᠡᠶᠢᠳᠡᠯᠡᠭᠰᠡᠨ ᠴᠠᠭ ᠄ 2018/9/10 9:29:59

    ᠬᠡᠳᠣᠨ ᠵᠢᠯ ‍ᠤᠨ ᠲᠣᠷᠰᠢ ᠂ ᠨᠠᠢᠮᠠᠨ ᠬᠣᠰᠢᠭᠣ 《 ᠨᠢᠬᠡ ᠴᠦᠮ᠎ᠡ ᠬᠣᠶᠠᠷ ᠵᠢᠬᠦᠷ ᠭᠣᠷᠪᠠᠨ ᠬᠡᠰᠡᠭ ᠣᠷᠣᠨ 》 ᠠᠵᠣ ᠣᠶᠢᠯᠡᠰ ‍ᠤᠨ ᠪᠠᠶᠢᠷᠢᠯᠠᠭᠣᠯᠣᠯᠳᠡ ᠶ᠋ᠢᠨ ᠲᠣᠭᠣᠷᠢᠨ  ᠳᠤ᠂ ᠰᠣᠶᠣᠯ ᠵᠣᠭᠠᠴᠠᠯ ‍ᠤᠨ ᠠᠵᠣ ᠣᠶᠢᠯᠡᠰ ‍ᠤᠨ ᠲᠡᠰ  ᠲᠡᠪᠰᠢᠬᠦᠯᠣᠯᠳᠡ ᠶ᠋ᠢ  ᠪᠦᠬᠦ ᠲᠠᠯ᠎ᠠ ᠪᠡᠷ  ᠲᠦᠷᠭᠡᠳᠭᠡᠬᠦ ᠂ ᠪᠦᠬᠦ ᠪᠦᠰᠡᠵᠢᠯᠳᠡ ᠶ᠋ᠢᠨ ᠵᠣᠭᠠᠴᠠᠯ ᠂ ᠲᠦᠷᠪᠡᠨ ᠣᠯᠠᠷᠢᠯ ‍ᠤᠨ ᠵᠣᠭᠠᠴᠠᠯ ᠶᠡᠬᠡᠪᠡᠷ ᠬᠡᠷᠡᠭᠵᠢᠬᠦᠯᠬᠦ 《 ᠵᠣᠭᠠᠴᠠᠯ 》 ‍ᠤᠨ ᠬᠦᠭᠵᠢᠯᠳᠡ ᠶ᠋ᠢᠨ ᠪᠠᠶᠢᠯᠳᠣᠬᠣ ᠪᠣᠳᠣᠯᠭ᠎ᠠ ᠶ᠋ᠢ ᠪᠦᠬᠦ ᠲᠠᠯ᠎ᠠ ᠪᠡᠷ ᠲᠦᠯᠬᠢᠨ ᠠᠬᠢᠭᠣᠯᠵᠣ ᠂ ᠦᠨᠳᠣᠰᠣᠳᠡᠨ ‍ᠤ ᠰᠣᠶᠣᠯ  ᠵᠣᠭᠠᠴᠠᠯ ‍ᠤᠨ ᠪᠦᠬᠦ ᠠᠵᠣ ᠣᠶᠢᠯᠡᠰᠵᠢᠯᠡᠯᠳᠡ ᠶ᠋ᠢᠨ ᠬᠢᠯᠬᠢᠶᠡᠰᠣᠯᠡᠯ ‍ᠢ ᠢᠳᠡᠪᠬᠢᠳᠡ ᠪᠣᠢ ᠪᠣᠯᠭᠠᠵᠣ ᠂ ᠨᠠᠢᠮᠠᠨ ᠬᠣᠰᠢᠭᠣ ᠶ᠋ᠢ ᠪᠡᠭᠡᠵᠢᠡᠭ ᠲᠢᠶᠠᠨᠵᠢᠨ ᠾᠸᠪᠸᠢ ᠵᠢᠴᠢ ᠵᠡᠬᠦᠨ ᠬᠣᠶᠢᠳᠣ ᠣᠷᠣᠨ ‍ᠤ ᠬᠠᠮᠣᠭ ‍ᠤᠨ ᠭᠣᠶᠣ ᠰᠡᠯᠬᠦᠴᠡᠯ ‍ ᠵᠣᠭᠠᠴᠠᠯ ‍ᠤᠨ ᠵᠣᠷᠢᠯᠭ᠎ᠠ ᠶ᠋ᠢᠨ ᠭᠠᠵᠠᠷ ᠪᠣᠯᠭᠠᠵᠣ ᠂ ᠣᠯᠣᠰ ‍ᠤᠨ ᠲᠡᠰ ‍ᠤᠨ ᠬᠡᠬᠡᠷ᠎ᠡ ᠭᠠᠳᠠᠨ᠎ᠠ ᠶ᠋ᠢᠨ ᠡᠯᠡᠰᠣᠨ ᠬᠦᠳᠡᠯᠬᠡᠬᠡᠨ ᠰᠡᠯᠬᠦᠴᠡᠯ ᠢᠶᠠᠷ ᠪᠡᠶ᠎ᠡ ᠰᠣᠪᠢᠯᠠᠬᠣ ᠰᠠᠭᠣᠷᠢᠨ ᠭᠠᠵᠠᠷ  ᠪᠣᠯᠭᠠᠵᠣ ᠪᠠᠶᠢᠨ᠎ᠠ ᠃ ᠲᠣᠰᠬᠠᠢ ᠮᠡᠷᠭᠡᠵᠢᠯᠳᠡ ‍ᠤ ᠪᠦᠯᠬᠦᠮ ᠨᠢ 《 ᠨᠠᠢᠮᠠᠨ ᠬᠣᠰᠢᠭᠣᠨ ‍ᠤ ᠪᠦᠬᠦ ᠪᠦᠰᠡᠵᠢᠯᠳᠡ ᠶ᠋ᠢᠨ ᠵᠣᠭᠠᠴᠠᠯ ‍ᠤᠨ ᠲᠦᠯᠣᠪᠯᠡᠬᠡ   》 《 ᠨᠠᠢᠮᠠᠨ ᠬᠣᠰᠢᠭᠣᠨ ‍ᠤ ᠬᠦᠳᠡᠭᠡ ᠲᠣᠰᠬᠣᠨ ‍ᠤ ᠵᠣᠭᠠᠴᠠᠯ ‍ᠤᠨ ᠬᠦᠭᠵᠢᠯᠳᠡ ᠶ᠋ᠢᠨ ᠶᠡᠷᠣᠡᠭᠭᠡᠢ ᠲᠦᠯᠣᠪᠯᠡᠭᠡ 》 ᠶ᠋ᠢ ᠨᠠᠶᠢᠷᠠᠭᠣᠯᠣᠨ  ᠪᠡᠶᠡᠯᠡᠬᠦᠯᠵᠣ ᠂ 《 ᠨᠠᠢᠮᠠᠨ ᠬᠣᠰᠢᠭᠣᠨ ‍ᠤ ᠵᠣᠭᠠᠴᠠᠯ ‍ᠤᠨ ᠬᠦᠭᠵᠢᠯᠳᠡ ᠶ᠋ᠢᠨ ᠶᠡᠷᠣᠡᠭᠭᠡᠢ ᠲᠦᠯᠣᠪᠯᠡᠭᠡ ( 2009 --2020 ) 》 ᠵᠡᠷᠭᠡ ᠬᠣᠯᠪᠣᠭᠳᠠᠯ ᠪᠦᠬᠦᠢ ᠵᠣᠭᠠᠴᠠᠯ ‍ᠤᠨ ᠬᠦᠭᠵᠢᠯᠳᠡ ᠶ᠋ᠢᠨ ᠲᠦᠯᠣᠪᠯᠡᠭᠡ ᠶ᠋ᠢ ᠵᠠᠰᠠᠪᠣᠷᠢᠯᠠᠨ ᠨᠠᠶᠢᠷᠠᠭᠣᠯᠵᠣ ᠂ ᠡᠯ᠎ᠡ ᠵᠣᠶᠢᠯ ‍ᠤᠨ ᠵᠣᠭᠠᠴᠠᠯ ‍ᠤᠨ ᠲᠦᠯᠣᠪᠯᠡᠬᠡ ᠪᠡᠷ ᠵᠢᠯᠣᠭᠣᠳᠣᠯᠭ᠎ᠠ ᠪᠣᠯᠭᠠᠵᠣ ᠂ ᠣᠷᠣᠨ ᠨᠣᠳᠣᠭ ‍ᠤᠨ ᠪᠣᠳᠡᠳᠡᠢ ᠲᠠᠢ ᠪᠠᠨ ᠬᠦᠭᠵᠢᠯᠳᠡ ᠶ᠋ᠢᠨ ᠪᠠᠶᠢᠷᠢ ᠶ᠋ᠢ ᠣᠨᠣᠪᠴᠢᠳᠡᠢ ᠡᠷᠢᠨ ᠭᠠᠷᠭᠠᠵᠣ ᠂ ᠬᠦᠭᠵᠢᠯᠳᠡ ᠶ᠋ᠢᠨ ᠴᠢᠭᠯᠡᠯ ᠲᠣᠳᠣ ᠪᠣᠯᠭᠠᠵᠣ ᠂ ᠨᠢᠬᠡᠳᠣᠯᠳᠡᠢ ᠪᠡᠷ ᠲᠦᠯᠣᠪᠵᠢᠬᠦᠯᠣᠨ ᠪᠦᠳᠣᠭᠡᠨ ᠪᠠᠶᠢᠭᠣᠯᠵᠣ ᠪᠠᠶᠢᠨ᠎ᠠ ᠃ 《 ᠵᠠᠰᠠᠭ ‍ᠤᠨ ᠣᠷᠳᠣᠨ ᠭᠣᠣᠯ ᠵᠢᠯᠣᠭᠣᠳᠴᠣ ᠂ ᠣᠯᠠᠨ ᠡᠰᠢᠳᠣ ᠣᠷᠣᠯᠴᠠᠭᠰᠠᠨ 》 ᠵᠣᠭᠠᠴᠠᠯ ‍ᠤᠨ ᠠᠵᠣ ᠣᠶᠢᠯᠡᠰ ‍ᠤᠨ ᠶᠠᠪᠣᠭᠳᠠᠬᠣ ᠲᠣᠭᠳᠠᠴᠠ ᠶ᠋ᠢ ᠬᠡᠷᠡᠭᠵᠢᠬᠦᠯᠵᠣ ᠂ ᠪᠦᠬᠦ ᠪᠦᠰᠡᠵᠢᠯᠳᠡ ᠶ᠋ᠢᠨ ᠰᠣᠶᠣᠯ ᠵᠣᠭᠠᠴᠠᠯ ‍ᠤᠨ ᠪᠦᠳᠣᠭᠡᠨ ᠪᠠᠶᠢᠭᠣᠯᠣᠯᠳᠡ ᠶ᠋ᠢᠨ ᠢᠨᠵᠸᠨ᠋ᠸᠷᠢᠡᠭ ‍ᠢ ᠬᠦᠳᠡᠯᠬᠡᠵᠣ ᠂ ᠪᠣᠭᠳᠣ ᠶ᠋ᠢᠨ ᠣᠯᠣᠰ ‍ᠤᠨ ᠲᠡᠰ ‍ᠤᠨ ᠡᠯᠡᠰᠣᠨ ᠴᠡᠴᠡᠷᠯᠢᠭ  ᠂ ᠮᠸᠡᠭ ᠵᠢᠶᠠ ᠳ᠋ᠣᠸᠠᠨ ᠣᠯᠣᠰ ‍ᠤᠨ ᠨᠠᠮᠣᠭ ᠭᠠᠵᠠᠷ ‍ᠤᠨ ᠴᠡᠴᠡᠷᠯᠢᠭ  ᠵᠡᠷᠭᠡ ᠭᠣᠣᠯᠳᠠᠯᠭ᠎ᠠ ᠲᠠᠢ  ᠦᠵᠡᠮᠵᠢ ᠶ᠋ᠢᠨ ᠣᠷᠣᠨ ‍ᠤ ᠰᠠᠭᠣᠷᠢ ᠲᠦᠬᠦᠬᠡᠷᠣᠮᠵᠢ ᠪᠠ ᠣᠨᠴᠠᠯᠢᠭᠳᠣ ᠵᠣᠭᠠᠴᠠᠯ ‍ᠤᠨ ᠪᠠᠭ᠎ᠠ ᠪᠠᠯᠭᠠᠰᠣ ‍ᠤᠨ ᠪᠦᠳᠣᠭᠡᠨ ᠪᠠᠶᠢᠭᠣᠯᠣᠯᠳᠡ ᠶ᠋ᠢᠨ ᠠᠬᠢᠴᠡ ᠶ᠋ᠢ ᠲᠦᠷᠭᠡᠳᠭᠡᠵᠣ ᠂ ᠵᠣᠭᠠᠴᠠᠯ ‍ᠤᠨ ᠰᠣᠳᠣᠨ ᠪᠦᠳᠣᠭᠡᠭᠳᠡᠬᠦᠨ ‍ᠤ ᠱᠣᠭᠣᠮ ‍ᠢ ᠪᠣᠢ ᠪᠣᠯᠭᠠᠵᠣ  ᠪᠠᠶᠢᠨ᠎ᠠ ᠃ ᠣᠳᠣᠬᠠᠨ  ᠳᠤ᠂ ᠲᠣᠰ ᠬᠣᠰᠢᠭᠣ 15 ᠦᠵᠡᠮᠵᠢ ᠶ᠋ᠢᠨ ᠣᠷᠣᠨ ᠪᠠ ᠦᠵᠡᠮᠵᠢ ᠶ᠋ᠢᠨ ᠴᠢᠭ ‍ᠢ  ᠪᠠᠶᠢᠭᠣᠯᠣᠭᠰᠠᠨ ᠪᠦᠬᠡᠳ ᠪᠠᠶᠢᠭᠣᠯᠵᠣ ᠪᠠᠶᠢᠨ᠎ᠠ ᠃ ᠡᠬᠦᠨ ᠳ᠋ᠣ 3A ᠲᠡᠰ ‍ᠤᠨ 1ᠦᠵᠡᠮᠵᠢ ᠶ᠋ᠢᠨ ᠣᠷᠣᠨ ᠂ 2A ᠲᠡᠰ ‍ᠤᠨ 1  ᠦᠵᠡᠮᠵᠢ ᠶ᠋ᠢᠨ ᠣᠷᠣᠨ ᠪᠣᠢ ᠃ ᠣᠷᠣᠨ ᠨᠣᠳᠣᠭ ‍ᠤᠨ ᠣᠨᠴᠠᠯᠢᠭ ‍ᠢ ᠲᠣᠪᠣᠶᠢᠯᠭᠠᠬᠣ ᠶ᠋ᠢ ᠪᠠᠷᠢᠮᠳᠠᠯᠠᠵᠣ ᠂ 《  ᠡᠯᠡᠰᠣ ᠂ ᠴᠢᠯᠠᠭᠣ ᠂ ᠣᠰᠣ ᠂ ᠡᠮ 》 ᠵᠡᠷᠭᠡ ᠡᠷᠡᠬᠦᠯ ᠮᠡᠨᠳᠣ ᠶ᠋ᠢᠨ ᠵᠣᠭᠠᠴᠠᠯ ‍ᠤᠨ ᠡᠬᠢ ᠪᠠᠶᠠᠯᠢᠭ ‍ᠢ ᠨᠡᠬᠡᠬᠡᠬᠦ ᠶ᠋ᠢ ᠲᠦᠷᠭᠡᠳᠭᠡᠵᠣ ᠂ 《 ᠲᠠᠷᠢᠶᠠᠴᠢᠨ ᠠᠶᠢᠯ ‍ᠤᠨ ᠪᠠᠶᠠᠰᠣᠯ 》 《 ᠵᠢᠭᠠᠰᠣᠴᠢᠨ ᠠᠶᠢᠯ ‍ᠤᠨ ᠪᠠᠶᠠᠰᠣᠯ 》 ᠪᠠ 《 ᠲᠠᠷᠢᠶᠠᠯᠠᠡᠭ ᠮᠠᠯ ᠠᠵᠣ ᠠᠬᠣᠢ ᠶ᠋ᠢᠨ ᠵᠢᠭᠣᠯᠴᠢᠯᠠᠬᠣ ᠪᠡᠶ᠎ᠡ ᠬᠦᠷᠳᠡᠭᠡᠯ 》 ᠵᠡᠷᠭᠡ ᠣᠯᠠᠨ ᠵᠣᠶᠢᠯ ‍ᠤᠨ ᠵᠣᠭᠠᠴᠠᠯ ‍ᠤᠨ ᠣᠶᠢᠯᠡᠰ ‍ᠢ ᠵᠣᠷᠢᠭᠵᠢᠭᠣᠯᠣᠨ ᠬᠦᠭᠵᠢᠬᠦᠯᠵᠣ ᠂ ᠪᠣᠭᠳᠣ ᠶ᠋ᠢᠨ ᠡᠯᠡᠰᠣᠨ ᠨᠠᠭᠠᠳᠣᠮ ‍ᠤᠨ ᠬᠣᠷᠠᠯ ᠂ ᠲᠣᠮᠳᠠᠳᠣ ᠣᠯᠣᠰ ᠂ ᠨᠠᠢᠮᠠᠨ  ᠬᠣᠰᠢᠭᠣᠨ ‍ᠤ ᠬᠡᠬᠡᠷᠡᠯᠡᠬᠦ ᠪᠠᠭᠠᠳᠣᠷᠴᠣᠳ ‍ᠤᠨ ᠴᠣᠭᠯᠠᠭᠠᠨ ᠵᠡᠷᠭᠡ 《 ᠠᠷᠪᠠᠨ  ᠶᠡᠭᠡ ᠵᠣᠭᠠᠴᠠᠯ ‍ᠤᠨ ᠣᠷᠣᠯᠳᠣᠭᠠᠨ 》 ‍ᠢ ᠶᠠᠪᠣᠭᠳᠠᠭᠣᠯᠵᠣ ᠂ 《 ᠡᠯᠡᠰᠣᠨ ᠲᠠᠯᠠᠢ ᠶ᠋ᠢᠨ ᠬᠡᠷᠡᠯᠳᠣ ᠰᠣᠪᠣᠳ ᠭᠠᠶᠢᠬᠠᠮᠰᠢᠭ ᠲᠠᠢ ᠨᠠᠢᠮᠠᠨ 》 ᠬᠡᠬᠦ ᠵᠣᠭᠠᠴᠠᠯ ‍ᠤᠨ ᠨᠡᠷᠡᠳᠣ ᠲᠡᠮᠳᠡᠭ ‍ᠢ ᠴᠣᠣᠷᠢᠶᠠᠳᠣᠭᠣᠯᠪᠠ ᠃  

                                                           ( ᠮᠠ  ᠪᠦᠬᠡ )

ᠢᠷᠡᠯᠳᠡ᠄ ᠨᠠᠶᠢᠷᠠᠭᠤᠯᠤᠭᠴᠢ᠄ ᠳᠤᠯᠠᠭᠠᠨ