ᠰᠢᠷᠬᠠᠳᠤᠬᠰᠠᠨ ᠰᠢᠪᠠᠭᠤ ᠶ᠋ᠢ ᠠᠪᠤᠷᠠᠬᠰᠠᠣᠨ ᠮᠠᠬᠲᠠᠭᠠᠯᠲᠠᠢ

ᠣᠩᠰᠢᠭᠰᠠᠨ ᠤᠳᠠᠭ᠎ᠠ ᠄ 1005     ᠨᠡᠶᠢᠳᠡᠯᠡᠭᠰᠡᠨ ᠴᠠᠭ ᠄ 2018/9/10 9:15:18

   8 ᠰᠠᠷ᠎ᠠ ᠶ᠋ᠢᠨ 27 ᠦ ᠡᠳᠥᠷ ᠦᠨ ᠦᠳᠡ ᠶ᠋ᠢᠨ ᠡᠮᠦᠨ᠎ᠡ ᠂ ᠨᠠᠢᠮᠠᠨ ᠬᠤᠰᠢᠭᠤᠨ ᠤ ᠢ ᠯᠦᠩ ᠶᠦᠩ ᠪᠠᠯᠭᠠᠰᠤᠨ ᠤ ᠰᠢᠶᠸ ᠵᠢᠦᠢ ᠶᠢᠩᠽᠢ ᠲᠣᠰᠬᠤᠨ ᠤ ᠠᠷᠠᠳ ᠰᠢᠶᠣᠤ ᠯᠢᠦ ᠬᠡᠭᠡᠷ᠎ᠡ ᠭᠠᠷᠴᠤ ᠲᠠᠷᠢᠶ᠎ᠠ ᠤᠰᠤᠯᠠᠬᠤ ᠵᠠᠮ ᠵᠠᠭᠤᠷ᠎ᠠ ᠪᠠᠨ ᠨᠢᠭᠡᠨ ᠰᠢᠷᠬᠠᠳᠤᠬᠰᠠᠨ ᠰᠢᠷ᠎ᠠ ᠰᠢᠪᠠᠭᠤ ᠶ᠋ᠢ ᠣᠯᠵᠤ  ᠦᠵᠡᠨ ᠲᠠᠷᠢᠶᠠᠨ ᠠᠵᠢᠯ ᠢᠶᠡᠨ ᠬᠠᠶᠠᠵᠤ ᠲᠡᠷᠡ ᠳᠠᠷᠤᠢ ᠨᠢᠮᠪᠠᠶᠢᠯᠠᠨ  ᠰᠠᠶᠢᠬᠠᠨ ᠲᠡᠪᠡᠷᠢᠵᠦ ᠰᠠᠩᠳᠠ ᠮᠡᠩᠲᠡ ᠪᠠᠯᠭᠠᠰᠤᠨ ᠤ ᠲᠣᠮᠢᠯᠠᠬᠰᠠᠨ ᠰᠠᠯᠪᠤᠷᠢ ᠳ᠋ᠤ ᠬᠦᠷᠭᠡᠨ ᠢᠷᠡᠵᠡᠢ ᠃ ᠴᠠᠬᠳᠠᠭ᠎ᠠ ᠨᠠᠷ ᠲᠡᠷᠡ ᠳᠠᠷᠤᠢ ᠨᠠᠢᠮᠠᠨ ᠬᠤᠰᠢᠭᠤᠨ ᠤ ᠣᠢ ᠰᠢᠭᠤᠢ ᠶ᠋ᠢᠨ ᠳᠣᠳᠤᠭᠠᠳᠤ ᠶ᠋ᠢ ᠬᠠᠮᠠᠭᠠᠯᠠᠬᠤ ᠲᠣᠪᠴᠢᠶᠠᠨ ᠤ ᠴᠢᠶᠣᠤ ᠡᠾᠸ ᠲᠣᠮᠢᠯᠠᠬᠰᠠᠨ ᠰᠠᠯᠪᠤᠷᠢ ᠲᠠᠢ ᠬᠠᠷᠢᠯᠴᠠᠵᠤ ᠂   ᠡᠨᠡ ᠬᠦ ᠤᠯᠤᠰ ᠤᠨ ᠬᠣᠶᠠᠳᠤᠭᠠᠷ ᠳᠡᠰ ᠦᠨ ᠬᠠᠮᠠᠭᠠᠯᠠᠯᠲᠠ ᠶ᠋ᠢᠨ ᠠᠮᠢᠲᠠᠨ ᠰᠢᠷ᠎ᠠ ᠰᠢᠪᠠᠭᠤ ᠶ᠋ᠢ ᠴᠢᠶᠣᠤ ᠡᠾᠸ ᠲᠣᠮᠢᠯᠠᠬᠰᠠᠨ ᠰᠠᠯᠪᠤᠷᠢ ᠶ᠋ᠢᠨ ᠴᠠᠬᠳᠠᠭ᠎ᠠ ᠳ᠋ᠤ ᠲᠤᠰᠢᠶᠠᠨ ᠥᠭᠴᠡᠢ ᠃ ᠬᠣᠶᠠᠷ ᠡᠳᠥᠷ ᠢᠯᠡᠭᠦᠦ ᠶ᠋ᠢᠨ ᠨᠠᠷᠢᠨ ᠬᠢᠨᠠᠮᠠᠭᠠᠢ ᠠᠷᠠᠴᠢᠯᠠᠭ᠎ᠠ ᠪᠣᠯᠣᠨ ᠡᠮᠴᠢᠯᠡᠭᠡ ᠪᠡᠷ 8 ᠰᠠᠷ᠎ᠠ ᠶ᠋ᠢᠨ 29 ᠦ ᠡᠳᠥᠷ ᠦᠨ ᠦᠳᠡ ᠶ᠋ᠢᠨ ᠬᠣᠶᠢᠨ᠎ᠠ ᠰᠢᠪᠠᠭᠤ ᠶ᠋ᠢ ᠡᠬᠡ ᠪᠠᠶᠢᠭᠠᠯᠢ ᠳ᠋ᠦ᠋ᠨᠢ ᠠᠮᠤᠷ ᠮᠡᠨᠳᠦ ᠪᠡᠷ ᠪᠤᠴᠠᠭᠠᠵᠠᠢ ᠃

  ᠡᠨᠡ ᠨᠢ ᠣᠳᠣᠬᠠᠨ ᠤ ᠵᠠᠷᠢᠮ ᠬᠠᠤᠯᠢ ᠪᠣᠰᠤ ᠪᠠᠷ ᠬᠡᠭᠡᠷ᠎ᠡ ᠶ᠋ᠢᠨ ᠬᠠᠮᠠᠭᠠᠯᠠᠯᠲᠠ ᠲᠠᠢ ᠠᠷᠢᠶᠠᠲᠠᠨ ᠵᠢᠭᠦᠷᠳᠡᠨ ᠢ ᠰᠥᠨᠢ ᠣᠷᠣᠢ ᠭᠠᠷᠴᠤ ᠳᠤᠷ᠎ᠠ ᠪᠠᠷ ᠢᠶᠡᠨ ᠠᠯᠠᠨ ᠬᠦᠨᠦᠭᠡᠵᠦ ᠪᠦᠬᠦᠢ ᠲᠠᠢ ᠬᠠᠷᠢᠴᠠᠭᠤᠯᠪᠠᠯ ᠶᠠᠭᠤᠲᠠᠢ ᠡᠷᠬᠢᠮ ᠳᠡᠭᠡᠳᠦ ᠮᠠᠬᠲᠠᠭᠠᠯᠲᠠᠢ ᠠᠵᠢᠯᠯᠠᠭ᠎ᠠ ᠪᠣᠯᠬᠤ ᠠᠵᠢ ᠃

   ᠠᠷᠢᠶᠠᠲᠠᠨ ᠵᠢᠭᠦᠷᠲᠡᠨ ᠢ ᠬᠠᠮᠠᠭᠠᠯᠠᠬᠴᠢᠣᠨ ᠮᠠᠬᠲᠠᠭᠠᠯᠲᠠᠢ ᠂ ᠠᠮᠢᠲᠠᠨ ᠭᠣᠤᠯᠲᠠᠨ ᠢ ᠬᠥᠨᠦᠭᠡᠭᠴᠢᠦᠨ ᠬᠣᠷᠤᠰᠤᠯᠲᠠᠢ ︕
                                         ( ᠪᠤᠶᠠᠨᠴᠤᠬᠯᠠ )

ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ