ᠨᠠᠢᠮᠠᠨ ᠬᠤᠰᠢᠭᠤ ᠨᠠᠢᠮᠠᠳᠤᠭᠠᠷ ᠬᠣᠭᠣᠴᠠᠭᠠᠨ ᠤ ︿ ︿ ᠪᠦᠬᠡᠬᠡᠰᠢᠭ ﹀ ﹀ ᠨᠡᠷᠡᠮᠵᠢᠲᠦ ᠮᠤᠩᠭᠤᠯ ᠤᠷᠠᠨ ᠵᠣᠬᠢᠶᠠᠯ ᠤᠨ ᠱᠠᠩᠨᠠᠯ ᠤᠨ ᠰᠢᠯᠭᠠᠷᠠᠭᠤᠯᠤᠯᠲᠠ ᠪᠠᠨ ᠨᠡᠶᠢᠳᠡᠯᠡᠪᠡ

ᠣᠩᠰᠢᠭᠰᠠᠨ ᠤᠳᠠᠭ᠎ᠠ ᠄ 1036     ᠨᠡᠶᠢᠳᠡᠯᠡᠭᠰᠡᠨ ᠴᠠᠭ ᠄ 2018/9/7 8:57:11

   ᠨᠢᠭᠡᠳᠦᠭᠡᠷ ᠳᠡᠰ  ᠲᠤ ᠪᠣᠷᠵᠢᠬᠢᠨ ᠨᠢᠮᠠᠵᠠᠯᠰᠠᠨ ᠤ ᠰᠢᠯᠦᠭ ︿ ︿ ᠦᠳᠡᠰᠢ ᠶ᠋ᠢᠨ ᠭᠦᠨ ᠳ᠋ᠦ ᠠᠪᠤ᠋ ᠪᠠᠨ ᠳᠤᠷᠠᠰᠬᠤᠢ ﹀ ﹀ ᠲᠣᠳᠤᠷᠠᠵᠤ ᠂ ᠬᠣᠶᠠᠳᠤᠭᠠᠷ ᠳᠡᠰ ᠲᠤ ᠮᠢᠩ ᠷᠸᠨ ᠦ ᠤᠶᠤᠨᠬᠠᠰ ᠤᠨ ᠦᠭᠦᠯᠡᠯᠭᠡ ︿ ︿ ᠡᠵᠢ ᠪᠢᠳᠠ ᠬᠣᠶᠠᠷ ᠤᠨ ᠦᠯᠢᠭᠡᠷ ﹀ ﹀ ᠪᠣᠯᠣᠨ ᠮᠤᠩᠭᠤᠯ ᠳᠣᠮᠳᠠᠳᠤ ᠰᠤᠷᠭᠠᠭᠤᠯᠢ ᠶ᠋ᠢᠨ ᠬᠡᠯᠡ ᠪᠢᠴᠢᠭ ᠦᠨ ᠠᠬᠠᠮᠠᠳ ᠨᠡᠷᠡᠲᠦ ᠪᠠᠭᠰᠢ ᠨᠣᠮᠢᠩᠬᠤᠸᠠᠷ ᠤᠨ ᠨᠠᠶᠢᠷᠠᠭᠤᠯᠤᠯ ︿ ︿ ᠬᠠᠪᠤᠷ ᠤᠨ ᠠᠶᠠᠯᠭᠤ ﹀ ﹀ ᠲᠣᠳᠤᠷᠠᠨ ᠂ ᠭᠤᠷᠪᠠᠳᠤᠭᠠᠷ ᠳᠡᠰ ᠲᠦ ᠪᠣᠷᠵᠢᠬᠢᠨ ᠮᠦᠰᠦᠨ ᠦ ᠰᠢᠯᠦᠭ ︿ ︿ ᠵᠢᠷᠦᠬᠡᠨ ᠳ᠋ᠦ ᠬᠠᠶᠢᠯᠠᠬᠤ ᠲᠣᠤᠯᠢ  ﹀ ﹀ ᠂  ᠠᠬᠠᠮᠠᠳ ᠴᠢᠮᠡᠭᠡᠯᠡᠭᠴᠢ ᠵᠣᠬᠢᠶᠠᠯᠴᠢ ᠠᠮᠤᠷᠵᠢᠷᠭᠠᠯ ᠤᠨ ᠦᠭᠦᠯᠡᠯᠭᠡ ︿ ︿ ᠳᠠᠶᠢᠯᠠᠯᠭ᠎ᠠ ﹀ ﹀ ᠪᠠ ᠪᠣᠷᠵᠢᠬᠢᠨ ᠭᠡᠭᠡᠷᠡᠯ ( ᠪᠣᠤ ᠳ᠋ᠠᠶᠢᠰᠢᠶᠣᠤ ) ᠤᠨ ᠨᠠᠶᠢᠷᠠᠭᠤᠯᠤᠯ ︿ ︿ ᠠᠬᠢᠨ ᠳᠠᠪᠲᠠᠬᠳᠠᠬᠰᠠᠨ ᠵᠡᠭᠦᠳᠦ ﹀ ﹀ ᠲᠣᠰ ᠲᠣᠰ ᠲᠣᠳᠤᠷᠠᠵᠠᠢ ᠃ ᠲᠣᠰ ᠤᠳᠠᠭᠠᠨ ᠤ ᠱᠠᠩᠨᠠᠯ ᠤᠨ ᠮᠥᠩᠭᠥ ᠶ᠋ᠢ ᠨᠤᠲᠤᠬᠴᠢ ᠬᠠᠶᠢᠷ᠎ᠠ ᠪᠠᠷ ᠪᠢᠯᠬᠠᠮ᠎ᠠ ᠮᠤᠩᠭᠤᠯ ᠰᠣᠶᠣᠯ ᠳ᠋ᠠᠭᠠᠨ ᠬᠠᠶᠢᠷᠠᠲᠠᠢ ᠨᠠᠢᠮᠠᠨ ᠨᠤᠲᠤᠬᠲᠠᠢ ᠰᠢᠯᠦᠭᠴᠢ ᠡᠷᠳᠡᠮᠲᠡᠨ ᠵ ᠂ ᠬᠦᠷᠡᠯᠪᠠᠭᠠᠳᠤᠷ ᠢᠪᠡᠭᠡᠨ ᠳᠡᠮᠵᠢᠭᠰᠡᠨ ᠪᠠᠶᠢᠨ᠎ᠠ ᠃
    ︿ ︿ ᠪᠦᠬᠡᠬᠡᠰᠢᠭ ﹀ ﹀ ᠨᠡᠷᠡᠮᠵᠢᠲᠦ ᠮᠤᠩᠭᠤᠯ ᠤᠷᠠᠨ ᠵᠣᠬᠢᠶᠠᠯ ᠤᠨ ᠱᠠᠩᠨᠠᠯ ᠨᠢ ᠨᠠᠢᠮᠠᠨ ᠬᠤᠰᠢᠭᠤᠨ ᠤ ᠮᠤᠩᠭᠤᠯ ᠵᠣᠬᠢᠶᠠᠬᠴᠢᠣᠨ  ᠤᠨ ᠡᠩᠨᠡᠭᠡᠨ ᠦ ᠪᠤᠵᠠᠭᠠᠶᠢᠷᠠᠯᠲᠠ ᠪᠠ  ᠨᠠᠢᠮᠠᠨ ᠤ ᠮᠤᠩᠭᠤᠯ ᠤᠷᠠᠨ ᠵᠣᠬᠢᠶᠠᠯ ᠤᠨ ᠬᠥᠭᠵᠢᠯᠲᠡ ᠳ᠋ᠦ ᠵᠣᠬᠢᠬᠤ ᠬᠡᠮᠵᠢᠶᠡᠨ ᠦ ᠳᠦᠯᠬᠢᠨ ᠠᠬᠢᠭᠤᠯᠬᠤ ᠪᠣᠳᠠᠳᠤ ᠤᠶᠢᠯᠡᠳᠦᠯ ᠦᠵᠡᠭᠦᠯᠵᠦ ᠪᠠᠶᠢᠭ᠎ᠠ ᠨᠢ ᠳᠠᠮᠵᠢᠭ ᠦᠭᠡᠢ ᠯᠠᠪᠲᠠᠢ ᠶᠤᠮ ᠂ ᠳᠡᠮᠡᠢ ᠪᠢᠰᠢ ᠦᠨᠡᠨ ᠶᠤᠮ᠃ ᠤᠷᠠᠨ ᠵᠣᠬᠢᠶᠠᠯ ᠤᠨ ᠱᠠᠩᠨᠠᠯ ᠳ᠋ᠤ ᠬᠠᠨᠳᠢᠪ ᠡᠷᠭᠦᠨ ᠳᠤᠰᠠ ᠳᠡᠮᠵᠢᠯᠭᠡ ᠦᠵᠡᠭᠦᠯᠵᠦ ᠪᠦᠬᠦᠢ ᠴᠢᠭᠡᠴᠢ ᠵᠢᠷᠤᠮᠲᠤ ᠴᠠᠶᠢᠯᠭᠠᠨ ᠰᠡᠦᠨᠬᠢᠯᠳᠦ  ᠮᠤᠩᠭᠤᠯ ᠬᠥᠮᠥᠰ ᠲᠡᠬᠡᠨ ᠴᠢᠩ ᠰᠡᠦᠨᠬᠢᠯ ᠦᠨ ᠪᠠᠶᠠᠷ ᠲᠠᠯᠠᠷᠬᠠᠯ ᠢᠶᠡᠨ ᠳᠡᠪᠰᠢᠭᠦᠯᠦᠨ ᠳᠡᠪᠰᠢᠭᠦᠯᠵᠦ ᠪᠠᠶᠢᠭ᠎ᠠ ᠪᠠᠨ ᠳᠠᠬᠢᠨ ᠳᠠᠪᠲᠠᠨ ᠢᠯᠡᠷᠬᠡᠶᠢᠯᠡᠵᠦ ᠪᠠᠶᠢᠨ᠎ᠠ ︕ ᠮᠤᠩᠭᠤᠯ ᠤᠷᠠᠨ ᠵᠣᠬᠢᠶᠠᠯ ᠮᠠᠨᠳᠤᠨ ᠮᠠᠨᠳᠤᠳᠤᠭᠠᠢ ︕ ᠮᠤᠩᠭᠤᠯ ᠰᠣᠶᠣᠯ ᠬᠥᠭᠵᠢᠨ  ᠬᠥᠭᠵᠢᠳᠦᠬᠡᠢ ︕                         
                                                                 (  ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ