ᠼᠤᠩ ᠿᠸ ᠱᠸᠩ ᠪᠦᠬᠦ ᠤᠯᠤᠰ ᠤᠨ ᠰᠢᠯᠢᠳᠡᠭ ᠴᠠᠭ ᠠᠭᠤᠷ ᠤᠨ ᠮᠠᠳᠠᠭᠡ ᠵᠠᠩᠬᠢᠴᠢ ᠪᠠᠷ ᠬᠦᠬᠢᠬᠦᠯᠦᠭᠳᠡᠪᠡ
ᠣᠩᠰᠢᠭᠰᠠᠨ ᠤᠳᠠᠭ᠎ᠠ ᠄ 5512
ᠨᠡᠶᠢᠳᠡᠯᠡᠭᠰᠡᠨ ᠴᠠᠭ ᠄ 2018/9/6 14:39:41
ᠤᠶᠢᠷ᠎ᠠ ᠶ᠋ᠢᠨ ᠡᠳᠤᠷ ᠂ ᠨᠠᠢᠮᠠᠨ ᠬᠤᠰᠢᠭᠤᠨ ᠤ ᠴᠢᠩ ᠯᠦᠩ ᠱᠠᠨ ᠪᠠᠯᠭᠠᠰᠤᠨ ᠤ ᠴᠠᠭ ᠠᠭᠤᠷ ᠤᠨ ᠮᠠᠳᠠᠭᠡ ᠵᠠᠩᠬᠢᠴᠢ ᠼᠤᠩ ᠿᠸ ᠱᠸᠩ《 ᠪᠦᠬᠦ ᠤᠯᠤᠰ ᠤᠨ ᠵᠠᠭᠤᠨ ᠨᠠᠷᠠᠰ ᠰᠢᠯᠢᠳᠡᠭ ᠴᠠᠭ ᠠᠭᠤᠷ ᠤᠨ ᠮᠠᠳᠠᠭᠡ ᠵᠠᠩᠬᠢᠴᠢ》 ᠶ᠋ᠢᠨ ᠢᠷᠠᠭᠤ ᠠᠯᠳᠠᠷ ᠢ ᠬᠦᠷᠳᠡᠯ᠎ᠡ ᠃ ᠳᠤᠰ ᠨᠦᠬᠦᠷ ᠨᠠᠢᠮᠠᠨ ᠬᠤᠰᠢᠭᠤᠨ ᠤ ᠡᠮᠦᠨ᠎ᠠ ᠭᠡᠰᠡᠭ ᠦᠨ ᠠᠭᠤᠯᠠᠷᠬᠠᠭ ᠤᠷᠤᠨ ᠳ᠋ᠤ ᠤᠷᠳᠤ ᠬᠤᠭᠤᠴᠠᠭ᠎ᠠ ᠪᠠᠷ ᠰᠢᠮᠳᠠᠨ ᠠᠵᠢᠯᠯᠠᠵᠦ ᠂ ᠴᠠᠭ ᠠᠭᠤᠷ ᠤᠨ ᠮᠠᠳᠠᠭᠡ ᠵᠠᠩᠬᠢᠴᠢ ᠶ᠋ᠢᠨ ᠡᠬᠦᠷᠭᠡ ᠳᠤᠰᠢᠶᠠᠯ ᠢᠶᠡᠨ ᠬᠦᠢᠴᠡᠳᠭᠡᠨ ᠂ ᠦᠷᠬᠦᠯᠵᠢ ᠠᠶᠢᠯ ᠳᠤᠰᠬᠤᠨ ᠳ᠋ᠤ ᠬᠦᠷᠴᠤ ᠂ ᠴᠠᠭ ᠠᠭᠤᠷ ᠤᠨ ᠰᠢᠨᠵᠢᠯᠡᠬᠦ ᠤᠬᠠᠭᠠᠨ ᠤ ᠮᠡᠳᠡᠯᠭᠡ ᠶ᠋ᠢ ᠲᠦᠬᠡᠮᠡᠯᠵᠢᠬᠦᠯᠵᠦ ᠤᠬᠠᠭᠤᠯᠤᠨ ᠂ ᠠᠭᠤᠯᠠᠨ ᠦᠶᠡᠷ ᠪᠠ ᠰᠢᠪᠠᠷ ᠴᠢᠯᠠᠭᠤᠨ ᠤᠷᠤᠰᠬᠠᠭᠳᠠᠯ ᠤᠨ ᠭᠠᠮᠰᠢᠭ ᠤᠨ ᠪᠠᠶᠢᠳᠠᠯ ᠢ ᠡᠮᠬᠢᠳᠬᠡᠨ ᠂ ᠠᠷᠠᠳ ᠤᠯᠠᠨ ᠤ ᠴᠠᠭ ᠠᠭᠤᠷ ᠤᠨ ᠪᠠᠶᠢᠳᠠᠯ ᠤᠨ ᠳᠤᠬᠠᠢ ᠱᠠᠭᠠᠷᠳᠠᠯᠭ᠎ᠠ ᠶ᠋ᠢ ᠤᠶᠢᠯᠠᠭᠠᠵᠦ ᠂ ᠴᠠᠭ ᠠᠭᠤᠷ ᠤᠨ ᠦᠢᠯᠡᠴᠢᠯᠡᠭᠡᠨ ᠦ ᠦᠷ᠎ᠡ ᠠᠰᠢᠭ ᠢ ᠡᠵᠡᠮᠰᠢᠨ ᠂ ᠴᠠᠭ ᠳᠤᠬᠠᠢ ᠳ᠋ᠦ ᠨᠢ ᠬᠤᠰᠢᠭᠤᠨ ᠤ ᠴᠠᠭ ᠠᠭᠤᠷ ᠤᠨ ᠳᠤᠪᠴᠢᠶᠠᠡ ᠳ᠋ᠤ ᠬᠠᠷᠢᠭᠤ ᠮᠡᠳᠡᠬᠦᠯᠳᠡᠭ ᠃ ᠤᠨᠴᠠᠭᠠᠶᠢᠯᠠᠨ 2017 ᠤᠨ ᠤ 8 ᠰᠠᠷ᠎ᠠ ᠶ᠋ᠢᠨ 3 ᠦ ᠡᠳᠤᠷ ᠂ ᠴᠢᠩ ᠯᠦᠩ ᠱᠠᠨ ᠪᠠᠯᠭᠠᠰᠤ ᠵᠠᠭᠤᠨ ᠵᠢᠯ ᠳ᠋ᠦ ᠨᠢᠭᠡ ᠳᠤᠬᠢᠶᠠᠯᠳᠤᠬᠤ ᠤᠨᠴᠠ ᠶᠠᠭᠡ ᠰᠢᠷᠤᠬᠦᠨ ᠪᠤᠷᠤᠭᠠᠨ ᠳ᠋ᠤ ᠳᠠᠭᠠᠷᠢᠭᠳᠠᠬᠤ ᠳ᠋ᠤ ᠂ ᠼᠤᠩ ᠿᠸ ᠱᠸᠩ ᠨᠦᠬᠦᠷ ᠠᠷᠤ ᠬᠡᠷ ᠠᠩᠭ᠎ᠠ ᠬᠡᠤᠭᠡᠳ ᠢᠶᠡᠨ ᠤᠮᠡᠷᠳᠠᠨ ᠂ ᠨᠢᠭᠡᠳᠤᠬᠡᠷ ᠴᠠᠭ ᠲᠦ ᠠᠷᠠᠳ ᠤᠯᠠᠨ ᠳ᠋ᠤ ᠴᠠᠭ ᠠᠭᠤᠷ ᠤᠨ ᠤᠷᠢᠳᠴᠢᠯᠠᠨ ᠰᠡᠷᠬᠡᠶᠢᠯᠡᠬᠦ ᠮᠠᠳᠡᠭᠡ ᠶ᠋ᠢ ᠤᠯᠠᠮᠵᠢᠯᠠᠨ ᠳᠠᠷᠬᠠᠭᠠᠵᠦ ᠂ ᠳᠤᠬᠠᠢ ᠶ᠋ᠢᠨ ᠭᠠᠵᠠᠷ ᠤᠨ ᠪᠠᠶᠢᠳᠠᠯ ᠳ᠋ᠤ ᠵᠤᠬᠢᠴᠠᠭᠤᠯᠤᠨ ᠭᠠᠮᠰᠢᠭ ᠡᠴᠡ ᠰᠡᠷᠭᠡᠶᠢᠯᠡᠬᠦ ᠰᠠᠨᠠᠯ ᠰᠠᠨᠠᠭᠤᠯᠭ᠎ᠠ ᠪᠠᠨ ᠳᠤᠷᠠᠳᠴᠤ ᠂ ᠠᠭᠤᠯᠠᠨ ᠦᠶᠠᠷ ᠡᠬᠦᠰᠬᠦ ᠨᠢᠭᠡᠳᠤᠭᠡᠷ ᠱᠤᠭᠤᠮ ᠳ᠋ᠤ ᠵᠤᠷᠢᠭᠳᠠᠢ ᠰᠢᠭᠤᠷᠬᠠᠶᠢᠯᠠᠨ ᠂ ᠦᠳᠡᠬᠦᠰ ᠨᠢᠯᠬᠠᠰ ᠡᠪᠡᠳᠴᠢᠳᠠᠨ ᠬᠠᠭᠤᠴᠢᠳᠠᠳ ᠢ ᠴᠠᠭ ᠳᠤᠬᠠᠢ ᠳ᠋ᠤ ᠨᠢ ᠠᠮᠤᠷ ᠳᠦᠪᠰᠢᠨ ᠭᠠᠵᠡᠷ ᠰᠢᠯᠵᠢᠬᠦᠯᠦᠨ ᠳᠤᠬᠢᠷᠠᠭᠤᠯᠵᠦ ᠂ ᠰᠢᠨᠵᠢᠯᠡᠬᠦ ᠤᠬᠠᠭᠠᠨᠴᠢ ᠪᠠᠷ ᠠᠶᠤᠯ ᠡᠴᠡ ᠵᠠᠶᠢᠯᠠᠬᠤ ᠠᠵᠢᠯ ᠢ ᠠᠮᠵᠢᠯᠳᠠᠳᠠᠢ ᠵᠢᠯᠤᠭᠤᠳᠴᠤ ᠂ ᠠᠷᠠᠤᠨ ᠳᠦᠮᠡᠨ ᠦ ᠡᠳ᠋ ᠬᠤᠭᠰᠢᠯ ᠤᠨ ᠰᠦᠢᠳᠤᠯ ᠢ ᠪᠠᠭᠠᠰᠬᠠᠭᠰᠠᠨ ᠢᠶ᠋ᠡᠷ ᠪᠠᠷᠠᠬᠤ ᠦᠭᠡᠢ ᠦᠬᠦᠳᠡᠯ ᠰᠦᠨᠦᠯ ᠬᠡᠵᠦ ᠢᠯᠡᠷᠡᠭᠰᠡᠨ ᠦᠭᠡᠢ

᠂ ᠴᠠᠭ ᠠᠭᠤᠷ ᠤᠨ ᠠᠶᠤᠯ ᠡᠴᠡ ᠰᠡᠷᠬᠡᠶᠢᠯᠡᠬᠦ ᠠᠶᠤᠯ ᠢ ᠪᠠᠭᠠᠰᠬᠠᠬᠤ ᠳᠠᠯ᠎ᠠ ᠳ᠋ᠤ ᠴᠢᠬᠤᠯᠠ ᠬᠤᠪᠢ ᠨᠠᠮᠠᠷᠢ ᠦᠵᠡᠬᠦᠯᠦᠭᠰᠡᠨ ᠪᠠᠶᠢᠨ᠎ᠠ ᠃
( ᠪᠤᠤ ᠵᠢᠨ ᠯᠢᠶᠠᠨ )
ᠢᠷᠡᠯᠳᠡ᠄
ᠨᠠᠶᠢᠷᠠᠭᠤᠯᠤᠭᠴᠢ᠄
ᠳᠤᠯᠠᠭᠠᠨ