ᠼᠤᠩ ᠿᠸ ᠱᠸᠩ ᠪᠦᠬᠦ ᠤᠯᠤᠰ ᠤᠨ ᠰᠢᠯᠢᠳᠡᠭ ᠴᠠᠭ ᠠᠭᠤᠷ ᠤᠨ ᠮᠠᠳᠠᠭᠡ ᠵᠠᠩᠬᠢᠴᠢ ᠪᠠᠷ ᠬᠦᠬᠢᠬᠦᠯᠦᠭᠳᠡᠪᠡ

ᠣᠩᠰᠢᠭᠰᠠᠨ ᠤᠳᠠᠭ᠎ᠠ ᠄ 43     ᠨᠡᠶᠢᠳᠡᠯᠡᠭᠰᠡᠨ ᠴᠠᠭ ᠄ 2018/9/6 14:32:26

          ᠤᠶᠢᠷ᠎ᠠ ᠶ᠋ᠢᠨ ᠡᠳᠤᠷ ᠂ ᠨᠠᠢᠮᠠᠨ ᠬᠤᠰᠢᠭᠤᠨ ᠤ ᠴᠢᠩ ᠯᠦᠩ ᠱᠠᠨ ᠪᠠᠯᠭᠠᠰᠤᠨ ᠤ ᠴᠠᠭ ᠠᠭᠤᠷ ᠤᠨ ᠮᠠᠳᠠᠭᠡ ᠵᠠᠩᠬᠢᠴᠢ ᠼᠤᠩ ᠿᠸ ᠱᠸᠩ《 ᠪᠦᠬᠦ ᠤᠯᠤᠰ ᠤᠨ  ᠵᠠᠭᠤᠨ ᠨᠠᠷᠠᠰ ᠰᠢᠯᠢᠳᠡᠭ  ᠴᠠᠭ ᠠᠭᠤᠷ ᠤᠨ ᠮᠠᠳᠠᠭᠡ ᠵᠠᠩᠬᠢᠴᠢ》 ᠶ᠋ᠢᠨ ᠢᠷᠠᠭᠤ ᠠᠯᠳᠠᠷ ᠢ ᠬᠦᠷᠳᠡᠯ᠎ᠡ ᠃ ᠳᠤᠰ ᠨᠦᠬᠦᠷ ᠨᠠᠢᠮᠠᠨ ᠬᠤᠰᠢᠭᠤᠨ ᠤ ᠡᠮᠦᠨ᠎ᠠ ᠭᠡᠰᠡᠭ ᠦᠨ ᠠᠭᠤᠯᠠᠷᠬᠠᠭ ᠤᠷᠤᠨ ᠳ᠋ᠤ  ᠤᠷᠳᠤ ᠬᠤᠭᠤᠴᠠᠭ᠎ᠠ ᠪᠠᠷ ᠰᠢᠮᠳᠠᠨ ᠠᠵᠢᠯᠯᠠᠵᠦ ᠂  ᠴᠠᠭ ᠠᠭᠤᠷ ᠤᠨ ᠮᠠᠳᠠᠭᠡ ᠵᠠᠩᠬᠢᠴᠢ ᠶ᠋ᠢᠨ ᠡᠬᠦᠷᠭᠡ ᠳᠤᠰᠢᠶᠠᠯ ᠢᠶᠡᠨ ᠬᠦᠢᠴᠡᠳᠭᠡᠨ ᠂  ᠦᠷᠬᠦᠯᠵᠢ  ᠠᠶᠢᠯ ᠳᠤᠰᠬᠤᠨ ᠳ᠋ᠤ ᠬᠦᠷᠴᠤ ᠂  ᠴᠠᠭ ᠠᠭᠤᠷ ᠤᠨ ᠰᠢᠨᠵᠢᠯᠡᠬᠦ ᠤᠬᠠᠭᠠᠨ ᠤ ᠮᠡᠳᠡᠯᠭᠡ ᠶ᠋ᠢ  ᠲᠦᠬᠡᠮᠡᠯᠵᠢᠬᠦᠯᠵᠦ ᠤᠬᠠᠭᠤᠯᠤᠨ ᠂ ᠠᠭᠤᠯᠠᠨ ᠦᠶᠡᠷ ᠪᠠ  ᠰᠢᠪᠠᠷ ᠴᠢᠯᠠᠭᠤᠨ ᠤᠷᠤᠰᠬᠠᠭᠳᠠᠯ ᠤᠨ ᠭᠠᠮᠰᠢᠭ ᠤᠨ ᠪᠠᠶᠢᠳᠠᠯ ᠢ ᠡᠮᠬᠢᠳᠬᠡᠨ ᠂ ᠠᠷᠠᠳ ᠤᠯᠠᠨ ᠤ ᠴᠠᠭ ᠠᠭᠤᠷ ᠤᠨ ᠪᠠᠶᠢᠳᠠᠯ  ᠤᠨ ᠳᠤᠬᠠᠢ ᠱᠠᠭᠠᠷᠳᠠᠯᠭ᠎ᠠ ᠶ᠋ᠢ ᠤᠶᠢᠯᠠᠭᠠᠵᠦ  ᠂  ᠴᠠᠭ ᠠᠭᠤᠷ ᠤᠨ ᠦᠢᠯᠡᠴᠢᠯᠡᠭᠡᠨ ᠦ ᠦᠷ᠎ᠡ ᠠᠰᠢᠭ ‍ᠢ ᠡᠵᠡᠮᠰᠢᠨ ᠂ ᠴᠠᠭ ᠳᠤᠬᠠᠢ ᠳ᠋ᠦ ᠨᠢ ᠬᠤᠰᠢᠭᠤᠨ ᠤ  ᠴᠠᠭ ᠠᠭᠤᠷ ᠤᠨ ᠳᠤᠪᠴᠢᠶᠠᠡ ᠳ᠋ᠤ  ᠬᠠᠷᠢᠭᠤ ᠮᠡᠳᠡᠬᠦᠯᠳᠡᠭ ᠃  ᠤᠨᠴᠠᠭᠠᠶᠢᠯᠠᠨ 2017 ᠤᠨ ᠤ 8 ᠰᠠᠷ᠎ᠠ ᠶ᠋ᠢᠨ 3 ᠦ ᠡᠳᠤᠷ ᠂ ᠴᠢᠩ ᠯᠦᠩ ᠱᠠᠨ  ᠪᠠᠯᠭᠠᠰᠤ  ᠵᠠᠭᠤᠨ ᠵᠢᠯ ᠳ᠋ᠦ ᠨᠢᠭᠡ ᠳᠤᠬᠢᠶᠠᠯᠳᠤᠬᠤ  ᠤᠨᠴᠠ ᠶᠠᠭᠡ ᠰᠢᠷᠤᠬᠦᠨ ᠪᠤᠷᠤᠭᠠᠨ ᠳ᠋ᠤ ᠳᠠᠭᠠᠷᠢᠭᠳᠠᠬᠤ ᠳ᠋ᠤ ᠂ ᠼᠤᠩ ᠿᠸ ᠱᠸᠩ ᠨᠦᠬᠦᠷ ᠠᠷᠤ ᠬᠡᠷ ᠠᠩᠭ᠎ᠠ ᠬᠡᠤᠭᠡᠳ ᠢᠶᠡᠨ  ᠤᠮᠡᠷᠳᠠᠨ ᠂  ᠨᠢᠭᠡᠳᠤᠬᠡᠷ ᠴᠠᠭ ᠲᠦ ᠠᠷᠠᠳ ᠤᠯᠠᠨ ᠳ᠋ᠤ ᠴᠠᠭ ᠠᠭᠤᠷ ᠤᠨ ᠤᠷᠢᠳᠴᠢᠯᠠᠨ ᠰᠡᠷᠬᠡᠶᠢᠯᠡᠬᠦ ᠮᠠᠳᠡᠭᠡ ᠶ᠋ᠢ ᠤᠯᠠᠮᠵᠢᠯᠠᠨ ᠳᠠᠷᠬᠠᠭᠠᠵᠦ ᠂  ᠳᠤᠬᠠᠢ ᠶ᠋ᠢᠨ ᠭᠠᠵᠠᠷ ᠤᠨ ᠪᠠᠶᠢᠳᠠᠯ ᠳ᠋ᠤ ᠵᠤᠬᠢᠴᠠᠭᠤᠯᠤᠨ ᠭᠠᠮᠰᠢᠭ ᠡᠴᠡ ᠰᠡᠷᠭᠡᠶᠢᠯᠡᠬᠦ ᠰᠠᠨᠠᠯ ᠰᠠᠨᠠᠭᠤᠯᠭ᠎ᠠ ᠪᠠᠨ ᠳᠤᠷᠠᠳᠴᠤ ᠂  ᠠᠭᠤᠯᠠᠨ ᠦᠶᠠᠷ ᠡᠬᠦᠰᠬᠦ ᠨᠢᠭᠡᠳᠤᠭᠡᠷ ᠱᠤᠭᠤᠮ ᠳ᠋ᠤ ᠵᠤᠷᠢᠭᠳᠠᠢ ᠰᠢᠭᠤᠷᠬᠠᠶᠢᠯᠠᠨ ᠂ ᠦᠳᠡᠬᠦᠰ ᠨᠢᠯᠬᠠᠰ ᠡᠪᠡᠳᠴᠢᠳᠠᠨ ᠬᠠᠭᠤᠴᠢᠳᠠᠳ ᠢ ᠴᠠᠭ ᠳᠤᠬᠠᠢ ᠳ᠋ᠤ ᠨᠢ ᠠᠮᠤᠷ ᠳᠦᠪᠰᠢᠨ ᠭᠠᠵᠡᠷ ᠰᠢᠯᠵᠢᠬᠦᠯᠦᠨ ᠳᠤᠬᠢᠷᠠᠭᠤᠯᠵᠦ ᠂  ᠰᠢᠨᠵᠢᠯᠡᠬᠦ ᠤᠬᠠᠭᠠᠨᠴᠢ ᠪᠠᠷ ᠠᠶᠤᠯ ᠡᠴᠡ ᠵᠠᠶᠢᠯᠠᠬᠤ ᠠᠵᠢᠯ ᠢ ᠠᠮᠵᠢᠯᠳᠠᠳᠠᠢ ᠵᠢᠯᠤᠭᠤᠳᠴᠤ ᠂ ᠠᠷᠠᠤᠨ ᠳᠦᠮᠡᠨ ᠦ ᠡᠳ᠋ ᠬᠤᠭᠰᠢᠯ ᠤᠨ ᠰᠦᠢᠳᠤᠯ ᠢ ᠪᠠᠭᠠᠰᠬᠠᠭᠰᠠᠨ ᠢᠶ᠋ᠡᠷ ᠪᠠᠷᠠᠬᠤ ᠦᠭᠡᠢ ᠦᠬᠦᠳᠡᠯ ᠰᠦᠨᠦᠯ ᠬᠡᠵᠦ ᠢᠯᠡᠷᠡᠭᠰᠡᠨ ᠦᠭᠡᠢ᠂ ᠴᠠᠭ ᠠᠭᠤᠷ  ‍ᠤᠨ ᠠᠶᠤᠯ ᠡᠴᠡ ᠰᠡᠷᠬᠡᠶᠢᠯᠡᠬᠦ ᠠᠶᠤᠯ ᠢ ᠪᠠᠭᠠᠰᠬᠠᠬᠤ ᠳᠠᠯ᠎ᠠ ᠳ᠋ᠤ ᠴᠢᠬᠤᠯᠠ ᠬᠤᠪᠢ ᠨᠠᠮᠠᠷᠢ ᠦᠵᠡᠬᠦᠯᠦᠭᠰᠡᠨ ᠪᠠᠶᠢᠨ᠎ᠠ ᠃
                                                        ( ᠪᠤᠤ ᠵᠢᠨ ᠯᠢᠶᠠᠨ  )
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ