ᠬᠠᠩᠳᠠᠭᠤᠳ · ᠤᠰᠤᠨᠪᠤᠳᠤᠭ ᠦᠨ︿ ︿ ᠭᠤᠷᠪᠠᠨᠬᠤᠸᠠ ﹀ ﹀ ᠨᠤᠮ ᠤᠨ ᠲᠦᠷᠪᠡᠳᠤᠭᠡᠷ ᠨᠠᠶᠢᠷᠠᠭᠤᠯᠤᠯ ᠤᠨ ᠬᠤᠶᠠᠳᠤᠭᠠᠷ ᠬᠡᠰᠡᠭ ‍ᠢ ᠰᠤᠩᠭᠤᠨ ᠰᠢᠯᠵᠢᠭᠦᠯᠪᠡ

ᠣᠩᠰᠢᠭᠰᠠᠨ ᠤᠳᠠᠭ᠎ᠠ ᠄ 6293     ᠨᠡᠶᠢᠳᠡᠯᠡᠭᠰᠡᠨ ᠴᠠᠭ ᠄ 2018/8/2 15:07:48

          ᠬᠤᠶᠠᠷ ᠂ ᠡᠮ ᠡᠮᠨᠡᠯᠭᠡ ᠂ ᠡᠷᠡᠬᠦᠯ ᠬᠠᠮᠠᠭᠠᠯᠠᠯ
 
ᠤᠷᠢᠳᠤᠬᠢ ᠲᠡᠤᠬᠡ

1950 ᠤᠨ ᠳ᠋ᠤ ᠵᠠᠡᠭᠭᠤᠤᠲᠠᠢ ᠲᠤᠭᠤᠷᠢᠭ (ᠭᠤᠷᠪᠠᠨᠬᠤᠸᠠ ᠳᠤ ᠪᠠᠬᠳᠠᠨ᠎ᠠ ) ᠶ᠋ᠢᠨ ᠬᠠᠮᠳᠤᠷᠠᠬᠰᠠᠨ ᠡᠮᠴᠢᠯᠡᠭᠡᠨ ᠤ ᠭᠠᠵᠠᠷ ᠪᠠᠶᠢᠭᠤᠯᠤᠬᠳᠠᠵᠤ ᠂ ᠪᠦᠭᠦ ᠲᠤᠭᠤᠷᠢᠭ ᠤᠨ ᠡᠮ ᠡᠮᠨᠡᠯᠭᠡ ᠂ ᠬᠢᠵᠢᠭ ‍ᠢ ᠰᠡᠷᠭᠡᠶᠢᠯᠡᠭᠦ ᠂ ᠡᠭᠡ ᠨᠢᠯᠬᠠᠰ ᠤᠨ ᠡᠷᠡᠭᠦᠯ ᠡᠡᠭᠭᠡ ᠂  ᠤᠯᠤᠰ ᠢᠶᠡᠨ ᠬᠠᠶᠢᠷᠠᠯᠠᠬᠤ ᠡᠷᠡᠭᠦᠯ ᠬᠠᠮᠠᠭᠠᠯᠠᠯ ᠵᠡᠷᠭᠡ ᠲᠠᠯ᠎ᠠ ᠶ᠋ᠢᠨ ᠠᠵᠢᠯ ‍ᠢ ᠬᠠᠷᠢᠭᠤᠴᠠᠵᠤ ᠪᠠᠶᠢᠪᠠ ᠃ ᠲᠡᠭᠦᠨ ᠡᠴᠠ ᠡᠮᠦᠨ᠎ᠡ ᠡᠮ ᠡᠮᠨᠡᠯᠭᠡ ᠶ᠋ᠢᠨ ᠠᠵᠢᠯ ᠨᠢ ᠵᠦᠪᠭᠡᠨ ᠭᠦᠳᠡᠭᠡ ᠶ᠋ᠢᠨ ᠶᠠᠪᠠᠭᠠᠨ ᠮᠤᠡᠭᠭᠤᠯ ᠡᠮᠴᠢ ᠳ᠋ᠤ ᠲᠦᠰᠢᠭᠯᠡᠵᠦ ᠪᠠᠶᠢᠪᠠ ᠃
ᠭᠤᠷᠪᠠᠨᠬᠤᠸᠠ ᠪᠤᠯ ᠮᠠᠯᠵᠢᠬᠤ ᠪᠠᠷ ᠭᠤᠤᠯ ᠪᠤᠯᠭᠠᠬᠰᠠᠨ ᠰᠤᠮᠤ ᠮᠦᠨ ᠃ 1958 ᠤᠨ ᠳ᠋ᠤ ᠭᠤᠷᠪᠠᠨᠬᠤᠸᠠ ᠭᠦᠡᠭᠱᠸ ᠶ᠋ᠢᠨ ᠡᠷᠡᠭᠦᠯ ᠬᠠᠮᠠᠭᠠᠯᠠᠯ ᠤᠨ ᠬᠤᠷᠢᠶ᠎ᠠ ᠨᠢ 10 ᠡᠮᠴᠢ ᠠᠵᠢᠯᠳᠠᠨ ᠲᠠᠢ ᠪᠠᠶᠢᠵᠠᠢ ᠃ ᠡᠬᠦᠨ ᠳ᠋ᠤ 9 ᠮᠤᠡᠭᠭᠤᠯ ᠡᠮᠴᠢ ᠂ 1  ᠨᠢᠬᠳᠠᠯᠠᠨ ᠪᠤᠳᠤᠬᠴᠢ ᠪᠠᠭᠲᠠᠨ᠎ᠠ ᠃ ᠡᠷᠡᠬᠦᠯ ᠬᠠᠮᠠᠭᠠᠯᠠᠯ ‍ᠤᠨ ᠬᠤᠷᠢᠶ᠎ᠠ ᠨᠢ ᠮᠤᠡᠭᠭᠤᠯ ᠡᠸᠦᠢᠷᠦᠫᠡ ᠬᠠᠮᠳᠤᠷᠠᠬᠰᠠᠨ ᠡᠮᠴᠢᠯᠡᠭᠡᠨ ᠤ ᠭᠠᠵᠠᠷ ᠲᠠᠢ ᠪᠠᠶᠢᠵᠤ ᠂ ᠰᠠᠭᠤᠵᠤ ᠡᠮᠴᠢᠯᠡᠬᠦ ᠪᠠ ᠲᠤᠷᠤᠬᠰᠢ ᠪᠠᠭᠤᠵᠤ ᠡᠮᠴᠢᠯᠡᠭᠦ ᠪᠠᠷ ᠭᠤᠤᠯ ᠪᠤᠯᠭᠠᠵᠤ ᠂  ᠲᠤᠬᠠᠢ ᠶ᠋ᠢᠨ ᠭᠠᠵᠠᠷ  ᠤᠷᠤᠨ ‍ᠤ ᠪᠠᠨ ᠡᠪᠡᠳᠴᠢᠨ ᠢ ᠰᠡᠷᠭᠡᠶᠢᠯᠡᠨ ᠵᠠᠰᠠᠬᠤ ᠂ ᠬᠢᠵᠢᠭ ᠢ ᠰᠡᠷᠭᠡᠶᠢᠯᠡᠭᠦ ᠪᠠ ᠭᠡᠦᠭᠡᠳ ᠭᠦᠡᠭᠭᠡᠵᠢᠭᠦᠯᠭᠦ ᠵᠡᠷᠭᠡ ᠠᠵᠢᠯ ᠢ ᠬᠦᠢᠴᠡᠳᠭᠡᠵᠦ ᠪᠠᠶᠢᠵᠠᠢ ᠃
1977 ᠣᠨ ᠳ᠋ᠤ ᠤᠤᠯ ᠤᠨ ᠭᠤᠷᠪᠠᠨᠬᠤᠸᠠ ᠡᠷᠡᠭᠦᠯ ᠬᠠᠮᠠᠭᠠᠯᠠᠯ ᠤᠨ ᠬᠤᠷᠢᠶ᠎ᠠ ᠪᠠ ᠵᠠᠡᠭᠭᠤᠤᠲᠠᠢ ᠭᠦᠡᠭᠱᠸ ᠳ᠋ᠤ ᠬᠠᠷᠢᠶᠠᠯᠠᠬᠳᠠᠵᠤ ᠪᠠᠶᠢᠬᠰᠠᠨ ᠶᠡᠭᠡᠳᠠᠴᠢᠨ ᠭᠤᠤᠯ ᠡᠷᠡᠭᠦᠯ ᠬᠠᠮᠠᠭᠠᠯᠠᠯ ᠤᠨ ᠬᠤᠷᠢᠶ᠎ᠠ ᠨᠡᠶᠢᠯᠡᠵᠦ ᠂  ᠭᠤᠷᠪᠠᠨᠬᠤᠸᠠ ᠰᠤᠮᠤ ᠶ᠋ᠢᠨ ᠵᠠᠰᠠᠭ ᠤᠨ ᠤᠷᠳᠤᠨ ᠤ ᠰᠠᠭᠤᠷᠢᠰᠢᠯ ᠪᠤᠯᠬᠤ ᠪᠠᠶᠠᠨᠳᠠᠯ᠎ᠠ ᠭᠠᠴᠠᠭᠠᠨ ᠳ᠋ᠤ  ᠭᠤᠷᠪᠠᠨᠬᠤᠸᠠ ᠭᠤᠤᠯ ᠡᠷᠡᠭᠦᠯ ᠬᠠᠮᠠᠭᠠᠯᠠᠯ ᠤᠨ ᠬᠤᠷᠢᠶ᠎ᠠ ᠪᠠᠶᠢᠭᠤᠯᠤᠭᠳᠠᠪᠠ ᠃ ᠡᠭᠦᠨ ᠳ᠋ᠤ ᠤᠯᠤᠰ ᠡᠴᠠ 10 ᠲᠦᠮᠡᠨ ᠲᠦᠭᠦᠷᠢᠭ  ᠤᠨ ᠪᠡᠯᠨ ᠮᠦᠡᠭᠭᠦ ᠤᠷᠤᠭᠤᠯᠤᠵᠤ ᠂ 15 ᠲᠠᠰᠤᠯᠭ᠎ᠠ  ᠲᠤᠭᠤᠰᠬᠠᠨ ᠭᠡᠷ ᠪᠤᠯᠤᠨ ᠰᠢᠪᠠᠷ ᠪᠠᠶᠢᠰᠢᠡᠭ  ᠪᠠᠷᠢᠨ ᠦᠭᠴᠦ ᠂  ᠪᠠᠷᠢᠯᠭ᠎ᠠ ᠶ᠋ᠢᠨ ᠭᠡᠪᠴᠢᠶ᠎ᠠ ᠨᠢ 600  ᠲᠡᠭᠰᠢ ᠲᠦᠷᠪᠡᠯᠵᠢᠨ ᠮᠸᠲ᠋ᠷ ᠭᠦᠷᠦᠭᠰᠡᠨ ᠪᠠᠶᠢᠨ᠎ᠠ ᠃
ᠬᠤᠶᠠᠷ ᠡᠮᠨᠡᠯᠭᠡ ᠶ᠋ᠢᠨ ᠬᠤᠷᠢᠶ᠎ᠠ ᠨᠢᠭᠡᠳᠦᠭᠰᠡᠨ ᠤ ᠲᠠᠷᠠᠭ᠎ᠠ ᠂ 7  ᠮᠤᠡᠭᠭᠤᠯ ᠡᠮᠴᠢ ᠂ 2 ᠬᠢᠳᠡᠳ ᠡᠮᠴᠢ  ᠂ 7 ᠡᠸᠦᠢᠷᠦᠫᠡ ᠡᠮᠴᠢ  ᠂ 2  ᠰᠤᠪᠢᠯᠠᠬᠴᠢ  ᠂ 3 ᠡᠮ ᠪᠡᠯᠡᠳᠭᠡᠭᠴᠢ   ᠂ 5 ᠵᠠᠰᠠᠭ ᠵᠠᠬᠢᠷᠭᠠᠨ ‍ᠤ ᠪᠠ ᠠᠷᠤ ᠭᠠᠵᠠᠷ ᠤᠨ ᠠᠵᠢᠯᠳᠠᠨ ᠲᠠᠢ ᠪᠤᠯᠪᠠ ᠃ ᠦᠭᠡᠷ᠎ᠡ ᠪᠠᠷ ᠬᠡᠯᠡᠪᠡᠯ 27 ᠨᠠᠷᠡᠰ ᠡᠮᠴᠢ ᠠᠵᠢᠯᠳᠠᠨ ᠲᠠᠢ ᠪᠤᠯᠵᠠᠢ᠃ 20 ᠡᠪᠡᠳᠴᠢᠲᠡᠨ ‍ᠤ ᠤᠷᠤ ᠲᠠᠢ ᠪᠤᠯᠤᠬᠰᠠᠨ ᠪᠠᠶᠢᠨ᠎ᠠ ᠃
ᠡᠮᠴᠢ ᠠᠵᠢᠯᠳᠠᠨ ᠢᠶᠡᠨ ᠭᠤᠷᠪᠠᠨ ᠲᠤᠭᠤᠶᠢᠯᠠᠡᠭ ᠬᠤᠪᠢᠶᠠᠵᠤ ᠂ ᠡᠮᠴᠢᠯᠡᠭᠡᠨ ᠤ ᠲᠤᠭᠤᠶᠢᠯᠠᠡᠭ ᠨᠢ ᠮᠤᠡᠭᠭᠤᠯ ᠡᠮᠴᠢᠯᠡᠭᠡ ᠶ᠋ᠢᠨ ᠰᠠᠯᠠᠭ᠎ᠠ ᠂ ᠲᠤᠳᠤᠷ᠎ᠠ ᠭᠠᠳᠠᠷ ᠡᠮᠴᠢᠯᠡᠭᠡ ᠶ᠋ᠢᠨ ᠰᠠᠯᠠᠭ᠎ᠠ ᠂ ᠡᠮᠡᠭᠳᠡᠶᠢᠴᠤᠳ ᠭᠡᠦᠭᠡᠳ ᠤᠨ ᠡᠮᠴᠢᠯᠡᠭᠡ ᠶ᠋ᠢᠨ ᠰᠠᠯᠠᠭ᠎ᠠ  ᠂    ᠡᠪᠡᠳᠴᠢᠲᠡᠨ ‍ᠤ ᠲᠠᠰᠣᠭ ᠪᠠ ᠡᠮᠴᠢᠯᠡᠭᠡᠨ ᠤ ᠲᠤᠳᠤᠯᠠᠨ ᠪᠠᠶᠢᠴᠠᠭᠠᠬᠤ ᠲᠠᠰᠤᠭ ᠂ x ᠰᠠᠴᠤᠷᠠᠭ ᠤᠨ ᠭᠡᠷ ᠂ ᠡᠮ ᠶ᠋ᠢᠨ ᠲᠠᠰᠤᠯᠠᠭ᠎ᠠ ᠵᠡᠷᠭᠡ ᠰᠠᠯᠠᠭ᠎ᠠ ᠮᠦᠴᠢᠷ ᠢ ᠪᠠᠬᠳᠠᠭᠠᠵᠤ ᠂ ᠲᠤᠰ ᠳᠤᠭᠤᠶᠢᠯᠠᠡᠭ ‍ᠤᠨ ᠠᠵᠢᠯᠳᠡᠨ ᠨᠢ ᠭᠤᠤᠯᠳᠠᠭᠤ ᠪᠦᠭᠦ ᠡᠮᠨᠡᠯᠭᠡ ᠶ᠋ᠢᠨ ᠬᠤᠷᠢᠶᠠᠨ ᠤ ᠡᠪᠡᠳᠴᠢᠨ ᠵᠠᠰᠠᠬᠤ ᠂ ᠭᠦᠨᠳᠦ ᠡᠪᠡᠳᠴᠢᠲᠡᠨ ᠢ ᠲᠦᠷᠭᠡᠨ ᠠᠪᠤᠷᠠᠬᠤ ᠪᠠ ᠡᠮ ᠶ᠋ᠢᠨ ᠵᠤᠶᠢᠯᠡᠰ ᠢ ᠬᠠᠡᠭᠭᠠᠬᠤ ᠵᠡᠷᠭᠡ ᠠᠵᠢᠯ ᠢ ᠬᠠᠷᠢᠭᠤᠴᠠᠨ᠎ᠠ ᠃ ᠭᠦᠳᠡᠭᠡ ᠲᠤᠰᠬᠤᠨ ᠤ ᠲᠤᠭᠤᠶᠢᠯᠠᠡᠭ ᠨᠢ 5 -- 6 ᠡᠮᠴᠢ ᠪᠠᠷ ᠪᠦᠷᠢᠯᠳᠦᠵᠦ ᠂ ᠡᠯ᠎ᠡ ᠪᠠᠷᠢᠭᠠᠳᠠ ᠶ᠋ᠢᠨ ᠡᠮ ᠡᠮᠨᠡᠯᠭᠡ ᠂ ᠡᠷᠡᠭᠦᠯ ᠬᠠᠮᠠᠭᠠᠯᠠᠯ ᠂ ᠬᠢᠵᠢᠭ ᠢ ᠰᠡᠷᠭᠡᠶᠢᠯᠡᠭᠦ ᠂ ᠲᠦᠯᠦᠪᠯᠡᠭᠡᠯᠳᠦ ᠦᠷᠡᠵᠢᠯ ᠵᠡᠷᠭᠡ ᠲᠠᠯ᠎ᠠ ᠶ᠋ᠢᠨ ᠠᠵᠢᠯ ᠢ ᠬᠠᠷᠢᠭᠤᠴᠠᠵᠤ ᠂  ᠭᠦᠳᠡᠭᠡ ᠲᠤᠰᠬᠤᠨ ᠤ ᠡᠮᠴᠢ ᠂ ᠭᠦᠡᠭᠭᠡᠵᠢᠭᠦᠯᠦᠭᠴᠢ ᠵᠡᠷᠭᠡ ᠭᠦᠮᠦᠰ ᠲᠤ ᠠᠵᠢᠯ ᠤᠨ ᠲᠠᠯ᠎ᠠ ᠪᠠᠷ ᠬᠠᠪᠰᠤᠷᠤᠠ ᠵᠢᠯᠤᠭᠤᠳᠬᠤ ᠠᠵᠢᠯ ᠡᠬᠦᠷᠭᠡᠯᠡᠳᠡᠭ  ᠠᠵᠠᠢ᠃ ᠠᠷᠤ ᠭᠠᠵᠠᠷ ᠤᠨ ᠲᠤᠭᠤᠶᠢᠯᠠᠡᠭ ᠨᠢ ᠡᠳ᠋ ᠤᠨ ᠲᠠᠰᠤᠭ ᠂ ᠵᠤᠭᠤᠰ ᠬᠤᠷᠢᠶᠠᠬᠤ  ᠭᠠᠵᠠᠷ ᠂ ᠡᠮ ᠤᠶᠢᠯᠡᠳᠭᠦ ᠲᠠᠰᠤᠯᠭ᠎ᠠ ᠂ ᠴᠠᠬᠢᠯᠭᠠᠨ ‍ᠤ ᠠᠵᠢᠯᠳᠠᠨ ᠂ ᠵᠢᠯᠤᠭᠤᠴᠢ ᠂ ᠨᠢᠬᠳᠠᠯᠠᠨ ᠪᠤᠳᠤᠬᠴᠢ ᠵᠡᠷᠭᠡ ᠠᠵᠢᠯ ᠬᠦᠢᠴᠡᠳᠭᠡᠵᠦ ᠂ ᠭᠤᠤᠯᠳᠠᠭᠤ ᠪᠦᠭᠦ ᠡᠮᠨᠡᠯᠭᠡ ᠶ᠋ᠢᠨ ᠬᠤᠷᠢᠶᠠᠨ ᠤ ᠡᠳ᠋ ᠶ᠋ᠢᠨ ᠵᠠᠰᠠᠭ ᠤᠨ ᠬᠠᠮᠢᠶᠠᠷᠤᠯᠳᠠ ᠂ ᠠᠷᠦ ᠲᠠᠯ᠎ᠠ ᠶ᠋ᠢᠨ ᠦᠢᠯᠡᠴᠢᠯᠡᠭᠡ ᠪᠠ ᠡᠮ ᠵᠤᠬᠢᠶᠠᠨ ᠤᠶᠢᠯᠡᠳᠪᠦᠷᠢᠯᠡᠭᠦ  ᠵᠡᠷᠭᠡ ᠠᠵᠢᠯ ᠢ ᠬᠠᠷᠢᠭᠤᠴᠠᠳᠠᠭ  ᠪᠠᠢᠢᠪᠠ᠃

ᠤᠳᠤᠬᠢ ᠪᠠᠶᠢᠳᠠᠯ

ᠭᠡᠳᠦᠨ ᠠᠷᠪᠠᠨ ᠵᠢᠯ ᠤᠨ ᠭᠦᠭᠵᠢᠯᠳᠡ ᠬᠤᠪᠢᠷᠠᠯᠳᠠ ᠵᠢ ᠲᠠᠮᠵᠢᠨ ᠭᠤᠷᠪᠠᠨᠬᠤᠸᠠ ᠰᠤᠮᠤ ᠵᠢᠨ ᠡᠮᠨᠡᠯᠭᠡ ᠶ᠋ᠢᠨ ᠬᠤᠷᠢᠶᠠᠨ ᠤ ᠭᠦᠷᠢᠶ᠎ᠡ ᠭᠡᠪᠴᠢᠶ᠎ᠡ ᠨᠢ ᠤᠯᠠᠮ ᠪᠠᠷ ᠦᠷᠭᠡᠳᠪᠡ ᠃ ᠡᠮᠨᠡᠯᠭᠡ ᠶ᠋ᠢᠨ ᠬᠤᠷᠢᠶ᠎ᠠ ᠨᠢ ᠭᠤᠷᠪᠠᠬᠤᠸᠨ ᠰᠤᠮᠤ ᠶ᠋ᠢᠨ ᠬᠠᠷᠢᠶᠠᠨ ᠳ᠋ᠠᠬᠢ 22 ᠵᠠᠰᠠᠭ ᠵᠠᠬᠢᠷᠭᠠᠨ ᠤ ᠲᠤᠰᠬᠤᠨ ᠤ 1.5 ᠲᠦᠮᠡᠨ ᠭᠦᠮᠦᠨ ᠠᠮᠨ ᠶ᠋ᠢᠨ ᠡᠷᠡᠭᠦᠯ ᠬᠠᠮᠠᠭᠠᠯᠠᠯ ᠪᠤᠶᠤ ᠡᠮᠴᠢᠯᠡᠭᠡᠨ ᠤ ᠠᠵᠢᠯ ‍ᠢ ᠡᠬᠦᠷᠭᠡᠯᠡᠳᠡᠭ ᠃
ᠤᠳᠤ ᠵᠢᠨ ᠡᠮᠨᠡᠯᠭᠡ ᠶ᠋ᠢᠨ ᠬᠤᠷᠢᠶ᠎ᠠ ᠨᠢ 3800 ᠲᠡᠭᠰᠢ ᠲᠦᠷᠪᠡᠯᠵᠢᠨ ᠮᠸᠲ᠋ᠷ ᠤᠨ ᠭᠦᠷᠢᠶ᠎ᠡ ᠬᠠᠰᠢᠶ᠎ᠠ ᠂   1074 ᠲᠡᠭᠰᠢ ᠲᠦᠷᠪᠡᠯᠵᠢᠨ ᠮᠸᠲ᠋ᠷ ᠤᠨ ᠶᠡᠷᠦᠡᠭᠬᠡᠶᠢᠯᠡᠭᠰᠡᠨ ᠡᠮᠴᠢᠯᠡᠭᠡᠨ  ᠤ ᠠᠰᠠᠷ ᠲᠠᠢ ᠪᠤᠯᠤᠬᠰᠠᠨ ᠪᠠᠶᠢᠨ᠎ᠠ ᠃
ᠤᠳᠤ ᠡᠮᠴᠢ ᠠᠵᠢᠯᠳᠡᠨ 23 ᠪᠤᠢ ᠃ ᠡᠭᠦᠨ ᠳ᠋ᠤ ᠦᠨᠳᠦᠷ ᠵᠠᠷᠭᠡ ᠶ᠋ᠢᠨ ᠲᠤᠰᠬᠠᠢ ᠮᠡᠷᠭᠡᠵᠢᠯ ᠤᠨ ᠰᠤᠷᠤᠯᠭ᠎ᠠ ᠶ᠋ᠢᠨ ᠦᠨᠠᠮᠯᠠᠯ ᠲᠠᠢ ᠡᠮᠴᠢ ᠠᠵᠢᠯᠳᠠᠨ13 ᠪᠠᠶᠢᠭ᠎ᠠ  ᠠᠵᠠᠢ᠃
ᠲᠤᠰ ᠡᠮᠨᠡᠯᠭᠡ ᠶ᠋ᠢᠨ ᠬᠤᠷᠢᠶᠠᠨ ‍ᠤ ᠲᠤᠨᠤᠭ ᠲᠦᠭᠦᠭᠡᠷᠦᠮᠵᠢ ᠨᠢ ᠴᠤ ᠤᠯᠠᠮ ᠢᠶᠠᠷ ᠰᠢᠨᠡᠳᠦᠨ ᠰᠠᠶᠢᠵᠢᠷᠠᠵᠤ ᠂ 《 200 MA X 》 ᠰᠠᠴᠤᠷᠠᠭ ᠮᠠᠰᠢᠨ ᠂ ᠮᠠᠢ ᠷᠦᠢ ᠪᠤᠳᠤᠬᠳᠤ ᠭᠡᠳᠦ ᠲᠤᠯᠬᠢᠶᠠᠨᠳᠤ ᠤᠨᠤᠰᠢᠯᠠᠬᠤ ᠮᠠᠰᠢᠨ ᠂ ᠠᠦᠢᠲ᠋ᠦᠴᠢᠯᠠᠬᠰᠡᠨ ᠴᠢᠰᠦᠨ ᠤ ᠪᠦᠮᠪᠦᠭᠡᠯᠢᠭ ᠲᠤᠭ᠎ᠠ ᠲᠡᠮᠳᠡᠭᠯᠡᠭᠦ ᠲᠦᠭᠦᠭᠡᠷᠦᠮᠵᠢ ᠂ ᠬᠠᠭᠠᠰ ᠠᠦᠢᠲ᠋ᠦᠴᠢᠯᠠᠬᠰᠡᠨ ᠠᠮᠢᠳᠤ ᠪᠤᠳᠠᠰ ᠤᠨ ᠲᠦᠭᠦᠭᠡᠷᠦᠮᠵᠢ ᠂  ᠰᠢᠭᠡᠰᠦᠨ ‍ᠤ ᠰᠢᠡᠭᠭᠡᠨ ᠤ ᠰᠤᠳᠤᠯᠤᠯᠳᠠ ᠶ᠋ᠢᠨ ᠲᠦᠭᠦᠭᠡᠷᠦᠮᠵᠢ ᠂ ᠵᠢᠷᠦᠭᠡᠨ ᠤ ᠴᠠᠬᠢᠯᠭᠠᠨ ᠵᠢᠷᠤᠭ ᠤᠨ ᠮᠠᠰᠢᠨ ᠵᠡᠷᠭᠡ ᠤᠳᠤᠬᠢᠴᠢᠯᠠᠬᠰᠠᠨ ᠲᠤᠨᠤᠭ ᠲᠦᠭᠦᠭᠡᠷᠦᠮᠵᠢ ᠪᠦᠷᠢᠳᠴᠤ ᠂ ᠮᠦᠨ ᠨᠢᠭᠡ ᠲᠦᠷᠭᠡᠨ ᠠᠪᠤᠷᠠᠯᠳᠠ ᠶ᠋ᠢᠨ ᠮᠠᠰᠢᠨ ᠲᠡᠷᠭᠡ ᠲᠠᠢ  ᠪᠤᠯᠤᠬᠰᠠᠨ  ᠪᠠᠢᠢᠨ᠎ᠠ᠃
ᠭᠤᠷᠪᠠᠨᠬᠤᠸᠠ ᠡᠮᠨᠡᠯᠭᠡ ᠶ᠋ᠢᠨ ᠬᠤᠷᠢᠶ᠎ᠠ ᠨᠢ 《 ᠦᠨᠡᠨᠴᠢ ᠰᠡᠳᠬᠢᠯ ᠂ ᠬᠢᠨᠠᠮᠠᠭᠠᠢ ᠤᠶᠢᠯᠡᠴᠢᠯᠡᠭᠡ ᠪᠠᠷ ᠢᠶᠡᠨ ᠭᠦᠮᠦᠰ ᠲᠤ ᠠᠮᠤᠷ ᠰᠠᠶᠢᠬᠠᠨ ᠂ ᠡᠷᠡᠭᠦᠯ ᠡᠡᠭᠭᠡ ᠶ᠋ᠢ ᠤᠯᠭᠤᠬᠤ ᠪᠠᠷ ᠭᠤᠤᠯ ᠬᠠᠷᠠᠯᠳᠠ ᠪᠠᠨ ᠪᠤᠯᠭᠠᠨ ᠂ ᠡᠮᠴᠢ ᠠᠵᠢᠯᠳᠠᠨ ᠤ  ᠲᠤᠰᠬᠠᠢ ᠮᠡᠷᠭᠡᠵᠢᠯ  ᠢᠶᠡᠨ ᠲᠠᠰᠤᠷᠠᠯᠳᠠ ᠦᠭᠡᠢ ᠲᠡᠭᠡᠭᠰᠢᠯᠡᠭᠦᠯᠵᠦ ᠂ ᠨᠤᠳᠤᠭ  ᠤᠨ ᠠᠷᠠᠳ ᠤᠯᠠᠨ ᠳ᠋ᠠᠭᠠᠨ ᠤᠯᠠᠮ ᠰᠠᠶᠢᠨ  ᠡᠮᠴᠢᠯᠡᠭᠡᠨ ᠤ ᠦᠢᠯᠡᠴᠢᠯᠡᠭᠡ  ᠭᠦᠷᠭᠡᠭᠦ ᠪᠠᠷ ᠴᠢᠷᠮᠠᠶᠢᠵᠤ ᠪᠤᠢ  ᠃
                            ( ᠲᠤᠰ ᠬᠡᠰᠡᠭ ‍ᠢ ᠴᠤᠶᠢᠵᠢ ᠂ ᠰᠠᠷᠠᠨ᠎ᠠ ᠡᠮᠬᠢᠳᠭᠡᠨ ᠪᠢᠴᠢᠪᠠ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ