ᠬᠠᠩᠳᠠᠭᠤᠳ · ᠤᠰᠤᠨᠪᠤᠳᠤᠭ ᠦᠨ︿ ︿ ᠭᠤᠷᠪᠠᠨᠬᠤᠸᠠ ﹀ ﹀ ᠨᠤᠮ ᠤᠨ ᠭᠤᠷᠪᠠᠳᠤᠭᠠᠷ ᠨᠠᠶᠢᠷᠠᠭᠤᠯᠤᠯ ᠤᠨᠲᠦ᠋ᠷᠪᠡᠳᠤᠭᠡᠷ ᠬᠡᠰᠡᠭ ‍ᠢ ᠰᠤᠩᠭᠤᠨ ᠰᠢᠯᠵᠢᠭᠦᠯᠪᠡ

ᠣᠩᠰᠢᠭᠰᠠᠨ ᠤᠳᠠᠭ᠎ᠠ ᠄ 7226     ᠨᠡᠶᠢᠳᠡᠯᠡᠭᠰᠡᠨ ᠴᠠᠭ ᠄ 2018/7/20 8:25:45

ᠳᠦᠷᠪᠡ ᠂ ᠭᠠᠮᠰᠢᠭ ᠪᠠ ᠣᠰᠣᠨ ᠠᠰᠢᠭᠯᠠᠯᠳᠠ

ᠨᠠᠢᠮᠠᠨ ᠬᠣᠰᠢᠭᠣᠨ ‍ᠤ ᠲᠡᠣᠭᠡᠨ ᠲᠡᠮᠳᠡᠭᠯᠡᠯ ‍ᠢ ᠦᠨᠳᠣᠰᠣᠯᠡᠪᠡᠯ ᠄ 1949 ᠂ 1954 ᠂ 1957 ᠂ 1962 ᠂ 1994 ᠣᠨ ᠪᠣᠯ ᠨᠠᠷᠢᠳ ‍ᠤᠨ ᠭᠣᠣᠯ ᠵᠡᠷᠭᠡ ᠭᠣᠣᠯ ᠮᠦᠷᠡᠨ ᠶᠡᠬᠡ ᠪᠠᠷ ᠦᠶᠡᠷᠯᠡᠭᠰᠡᠨ ᠵᠢᠯ ‍ᠤᠳ ᠶᠤᠮ ᠃ ᠭᠣᠷᠪᠠᠨᠬᠣᠸᠠ ᠨᠣᠳᠣᠭ ᠲᠦᠷᠪᠡ ᠣᠳᠠᠭ᠎ᠠ ᠦᠶᠡᠷ ‍ᠤᠨ ᠭᠠᠮᠰᠢᠭ  ᠲᠤ ᠲᠠᠭᠠᠷᠢᠭᠳᠠᠭᠰᠠᠨ ᠪᠠᠶᠢᠯ᠎ᠠ ᠃
1957  ᠣᠨ  ᠳᠤ ᠪᠠᠷᠠᠭᠣᠨ ᠯᠢᠶᠣᠤ ᠾᠧ ᠭᠣᠣᠯ ᠂ ᠨᠠᠷᠢᠳ ‍ᠤᠨ ᠭᠣᠣᠯ ᠂ ᠮᠦᠡᠭᠭᠡ ᠭᠣᠣᠯ ᠂ ᠲᠣᠭᠣᠢ ᠶ᠋ᠢᠨ ᠭᠣᠣᠯ ᠵᠠᠯᠭ᠎ᠠ ᠪᠠᠷ ᠦᠶᠡᠷᠯᠡᠵᠦ ᠂ ᠬᠠᠳᠠᠭᠣᠬᠣᠭᠣᠯᠠᠢ ᠳ᠋ᠡᠬᠢ ᠦᠶᠡᠷ ᠲᠣᠭᠳᠠᠭᠠᠬᠣ ᠬᠣᠳᠣᠭᠣᠷ ‍ᠤᠨ ᠠᠶᠠᠷᠠᠭᠤᠯᠤᠭᠰᠠᠨ ᠦᠶᠡᠷ ‍ᠤᠨ ᠬᠡᠮᠵᠢᠶ᠎ᠡ ᠰᠸᠺᠦᠨ᠋ᠳ᠋ ᠪᠦᠷᠢ  ᠳᠤ 400 ᠪᠣᠰᠣᠭ᠎ᠠ ᠮᠸᠲ᠋ᠷ ᠬᠦᠷᠴᠠᠢ ᠃
1962 ᠣᠨ  ᠳᠤ ᠨᠠᠢᠮᠠᠨ ᠬᠤᠰᠢᠭᠤᠨ ᠳ᠋ᠤ ᠪᠣᠷᠣᠭᠠᠨ ᠤᠯᠠᠡᠲᠠᠢ ᠪᠠᠶᠢᠵᠤ ᠂ ᠪᠠᠷᠣᠭ ᠡᠡᠭ ‍ᠤᠨ ᠵᠢᠯ ᠡᠴᠠ ᠬᠣᠶᠠᠷ ᠲᠠᠬᠢᠨ ᠢᠯᠡᠬᠦᠦ ᠪᠤᠷᠤᠭᠠᠯᠠᠪᠠ ᠃  7 ᠳ᠋ᠤᠭᠠᠷ ᠰᠠᠷ᠎ᠠ ᠶ᠋ᠢᠨ 25  ‍ᠤ ᠡᠳᠣᠷ ᠂ 7 ᠳ᠋ᠣᠭᠠᠷ ᠨᠣᠮᠸᠷᠳᠣ ᠲᠠᠶᠢᠹᠸᠡᠭ ᠰᠡᠯᠬᠢᠨ ‍ᠤ ᠨᠦᠯᠦᠭᠡᠯᠡᠯ ᠢᠶᠠᠷ ᠠᠭᠠᠳᠠᠷ ᠪᠣᠷᠣᠭᠠᠨ ᠣᠷᠣᠭᠠᠳ ᠯᠣᠣᠬ᠎ᠠ ᠶ᠋ᠢᠨ ᠭᠣᠣᠯ ᠂ ᠨᠠᠷᠢᠳ ‍ᠤᠨ ᠭᠣᠣᠯ ᠂ ᠮᠦᠡᠭᠭᠡ ᠭᠣᠣᠯ ᠂ ᠲᠣᠭᠣᠢ ᠶ᠋ᠢᠨ ᠭᠣᠣᠯ ᠵᠡᠷᠭᠡ ᠪᠠᠷ ᠦᠶᠡᠷᠯᠡᠵᠡᠢ ᠃ 7 ᠳ᠋ᠤᠭᠠᠷ ᠰᠠᠷ᠎ᠠ ᠶ᠋ᠢᠨ 26 ‍ᠤ ᠡᠳᠣᠷ ᠂ ᠨᠠᠷᠢᠳ ᠭᠣᠣᠯ ‍ᠤᠨ ᠰᠢᠶᠠ ᠸᠠ ᠦᠷᠳᠡᠭᠡᠨ  ᠳᠤ ᠦᠶᠡᠷ ‍ᠤᠨ ᠬᠡᠮᠵᠢᠶ᠎ᠡ ᠰᠸᠺᠦᠨ᠋ᠳ᠋ ᠪᠦᠷᠢ  ᠳᠤ 4170  ᠪᠣᠰᠣᠭ᠎ᠠ ᠮᠸᠲ᠋ᠷ  ᠬᠦᠷᠴᠡᠢ ᠃ ᠦᠶᠡᠷ ‍ᠤᠨ ᠣᠰᠣ ᠬᠠᠳᠠᠭᠣᠬᠣᠭᠣᠯᠠᠢ ᠳ᠋ᠡᠬᠢ ᠦᠶᠡᠷ ᠲᠣᠭᠳᠠᠭᠠᠬᠣ ᠬᠣᠳᠣᠭᠣᠷ ‍ᠤᠨ ᠣᠰᠣ ᠣᠷᠣᠬᠣ ᠠᠮᠠᠰᠠᠷ ᠬᠦᠷᠬᠦ ᠦᠶ᠎ᠡ ᠳ᠋ᠤ ᠭᠣᠣᠯ ‍ᠤᠨ ᠬᠠᠰᠢᠯᠭ᠎ᠠ ᠬᠣᠷᠢᠭᠯᠠᠭᠰᠠᠨ ᠡᠴᠠ ᠦᠶᠡᠷ ‍ᠤᠨ ᠬᠦᠴᠣᠨ ‍ᠢ ᠪᠠᠭᠠᠰᠬᠠᠨ ᠂ ᠲᠣᠣᠷ᠎ᠠ ᠣᠷᠣᠰᠬᠠᠯ ᠲᠡᠶᠢᠰᠢ ᠳᠠᠭᠠᠷᠢᠬᠤ ᠴᠠᠭ ‍ᠢ ᠣᠳᠠᠭᠠᠰᠢᠷᠠᠭᠣᠯᠵᠣ ᠴᠢᠳᠠᠭᠰᠠᠨ ᠪᠣᠯᠪᠠᠴᠣ ᠦᠶᠡᠷ ᠲᠣᠭᠳᠠᠭᠠᠬᠣ ᠬᠣᠳᠣᠭᠣᠷ ‍ᠤᠨ ᠲᠡᠭᠡᠷ᠎ᠡ ᠣᠷᠣᠰᠬᠠᠯ ᠳ᠋ᠤ 3 ᠮᠸᠲ᠋ᠷ ᠵᠣᠵᠠᠭᠠᠨ ᠡᠯᠡᠰᠣ ᠰᠢᠪᠡᠷ ᠲᠤᠭᠲᠠᠵᠤ ᠦᠶᠡᠷ ᠲᠤᠭᠲᠠᠭᠠᠬᠤ ᠴᠢᠳᠠᠪᠬᠢ ᠠᠯᠳᠠᠭᠳᠠᠭᠰᠠᠨ ᠡᠴᠠ ᠭᠣᠷᠪᠠᠨᠬᠣᠸᠠ ᠡᠴᠠ ᠵᠡᠬᠦᠡᠰᠢᠬᠢ ᠭᠠᠵᠠᠷ ᠦᠶᠡᠷ ᠲᠤ ᠳᠠᠭᠠᠷᠢᠭᠳᠠᠵᠠᠢ ᠃
 ᠭᠤᠷᠪᠠᠡᠬᠤᠸᠨ ᠨᠤᠲᠤᠭ ᠨᠢ 1963 ᠣᠨ ‍ᠤ ᠶᠡᠭᠡ ᠦᠶᠡᠷ ᠲᠤ ᠴᠤ ᠳᠠᠭᠠᠷᠢᠭᠳᠠᠪᠠ ᠃
 ᠬᠠᠮᠣᠭ ‍ᠤᠨ ᠬᠦᠨᠳᠣ ᠨᠣᠴᠢᠲᠠᠢ ᠨᠢ ᠵᠠᠭᠣᠨ ᠵᠢᠯ ‍ᠤᠨ ᠲᠡᠣᠭᠡᠨ ᠳᠤ ᠪᠠᠶᠢᠭ᠎ᠠ ᠦᠬᠡᠢ 1994 ᠣᠨ ‍ᠤ ᠦᠶᠡᠷ ‍ᠤᠨ ᠭᠠᠮᠰᠢᠭ ᠪᠠᠶᠢᠭ᠎ᠠ ᠶᠤᠮ ᠃ 1994 ᠣᠨ ‍ᠤ ᠵᠣᠨ ‍ᠤ ᠰᠡᠬᠦᠯᠴᠢ ᠪᠤᠶᠤ ᠨᠠᠮᠣᠷ ‍ᠤᠨ ᠡᠬᠢ ᠪᠡᠷ ( 7 ᠳ᠋ᠣᠭᠠᠷ  ᠰᠠᠷ᠎ᠠ ᠶ᠋ᠢᠨ 7 --12  ‍ᠤ ᠡᠳᠣᠷ  ) ᠲᠠᠪᠣᠨ ᠡᠳᠣᠷ ‍ᠤᠨ ᠶᠡᠭᠡ ᠪᠣᠷᠣᠭᠠᠨ ᠣᠷᠣᠪᠠ ᠃ ᠨᠠᠷᠢᠳ ‍ᠤᠨ ᠭᠣᠣᠯ ‍ᠤᠨ ᠣᠰᠣ ᠶᠡᠬᠡ ᠪᠠᠷ ᠦᠶᠡᠷᠯᠡᠵᠣ ᠂ ᠣᠰᠣ ᠨᠢ ᠲᠣᠭᠣᠢ ᠶ᠋ᠢᠨ ᠭᠣᠣᠯ ᠢᠶᠠᠷ ᠲᠠᠭᠠᠷᠢᠬᠣ  ᠳᠤ ᠲᠣᠭᠣᠢ ᠶ᠋ᠢᠨ ᠠᠷᠠᠯ ᠨᠢ ᠬᠦᠨᠳᠣ ᠨᠣᠴᠢᠲᠠᠢ ᠰᠡᠳᠡᠷᠡᠭᠡᠳ ᠂ ᠰᠢᠭᠣᠳ ᠭᠣᠷᠪᠠᠨᠬᠣᠸᠠ ᠶ᠋ᠢᠨ ᠪᠠᠷᠠᠭᠣᠨ ᠡᠮᠣᠨ᠎ᠡ ᠡᠴᠠ ᠲᠠᠭᠠᠷᠢᠨ ᠢᠷᠡᠭᠡᠳ ᠂ ᠴᠠᠭᠠᠨ ᠲᠠᠪᠠᠭ᠎ᠠ ᠂ ᠲᠡᠮᠡᠭᠡᠳᠣᠰᠠ ᠂ ᠪᠠᠶᠠᠡᠲᠠᠯ᠎ᠠ ᠶ᠋ᠢ ᠴᠦᠯᠪᠡᠨ ᠳᠠᠭᠠᠷᠢᠵᠤ ᠂ ᠭᠣᠷᠪᠠᠨᠬᠣᠸᠠ ᠂ ᠰᠣᠪᠣᠷᠭᠠᠨ ᠲᠠᠯ᠎ᠠ ᠂ ᠠᠵᠢᠪᠠᠢ ᠂  ᠰᠠᠶᠢᠬᠠᠨᠳᠠᠯ᠎ᠠ ᠂ ᠮᠠᠨᠳᠣᠬᠣ ᠂ ᠯᠣᠣᠵᠡᠢ ᠠᠯᠭᠠᠭ ᠡᠴᠠ ᠪᠣᠰᠣᠳ ᠠᠶᠢᠯ ᠲᠣᠰᠬᠣᠨ ‍ᠢ ᠴᠤ ᠲᠠᠭᠠᠷᠢᠨ ᠲᠠᠯᠠᠢ ᠪᠣᠯᠭᠠᠵᠣ ᠤᠷᠬᠢᠵᠠᠢ ᠃ ᠦᠶᠡᠷ ‍ ᠤᠨ ᠬᠡᠮᠵᠢᠶ᠎ᠡ ᠨᠢ ᠰᠸᠺᠣᠨ᠋ᠳ᠋ ᠪᠦᠷᠢ  ᠳᠤ 1730  ᠪᠣᠰᠣᠭ᠎ᠠ ᠮᠸᠲ᠋ᠷ  ᠲᠤ ᠬᠦᠷᠪᠡ ᠃
 ᠡᠨᠡ ᠣᠳᠠᠭᠠᠨ ‍ᠤ ᠶᠡᠭᠡ ᠦᠶᠡᠷ ᠨᠢ ᠲᠠᠷᠢᠶᠠᠨ ᠭᠠᠵᠠᠷ ᠂ ᠮᠠᠯ ‍ᠤᠨ ᠪᠡᠯᠴᠢᠬᠡᠷ ᠂ ᠬᠠᠳᠣᠯᠠᠡᠭ ‍ᠤᠨ ᠭᠠᠵᠠᠷ ᠂ ᠣᠢ ᠰᠢᠭᠣᠢ ᠂ ᠭᠣᠣᠯ ‍ᠤᠨ ᠬᠠᠰᠢᠯᠭ᠎ᠠ ᠂  ᠵᠠᠮ ᠨᠡᠪᠳᠡᠷᠡᠯᠭᠡ ᠂ ᠡᠷᠣᠭᠡ ᠭᠡᠷ ᠪᠦᠷ ᠬᠦᠨᠳᠣ ᠶᠡᠭᠡ ᠭᠠᠮᠰᠢᠭ  ᠲᠤ ᠣᠴᠠᠷᠠᠪᠠ ᠃ ᠨᠢᠬᠡ ᠬᠦᠮᠣᠨ ᠦᠶᠡᠷ ᠲᠤ ᠦᠬᠦᠵᠣ ᠂ ᠨᠢᠬᠡ ᠬᠦᠮᠣᠨ ᠭᠡᠯᠮᠡᠭᠳᠡᠨ ᠦᠬᠦᠭᠰᠡᠨ ᠲᠡᠮᠳᠡᠭᠯᠡᠯ ᠪᠤᠢ ᠃ ᠠᠵᠣ ᠠᠬᠣᠢ ᠶ᠋ᠢᠨ ᠰᠣᠶᠢᠳᠭᠡᠯ ᠭᠡᠳᠣᠨ ᠮᠢᠡᠭᠭᠠᠨ ᠲᠦᠮᠡᠨ ᠲᠦᠬᠦᠷᠢᠭ  ᠲᠤ ᠬᠦᠷᠴᠡᠢ ᠃ ᠲᠣᠬᠠᠢ ᠶ᠋ᠢᠨ ᠦᠶ᠎ᠡ ᠶ᠋ᠢᠨ ᠲᠡᠭᠡᠳᠣ ᠱᠠᠳᠣᠨ ᠡᠴᠠ ᠵᠢᠭᠠᠪᠤᠷᠢ ᠭᠠᠷᠭᠠᠵᠤ ᠂ ᠨᠠᠢᠮᠠᠨ ᠬᠣᠰᠢᠭᠣᠨ ᠲᠦᠪ  ᠲᠠᠴᠢᠨᠲᠠᠯ᠎ᠠ ᠪᠠᠯᠭᠠᠰᠤ  ᠪᠠ ᠪᠤᠰᠤᠳ ᠲᠠᠷᠢᠶᠠᠯᠠᠬᠤ ᠣᠷᠣᠨ ‍ᠢ ᠦᠶᠡᠷ ᠲᠤ ᠳᠠᠭᠠᠷᠢᠭᠳᠠᠭᠤᠯᠵᠤ ᠪᠤᠯᠬᠤ ᠦᠬᠡᠢ ᠭᠡᠰᠡᠨ ᠢᠶᠠᠷ ᠲᠡᠭᠡᠷᠡᠬᠢ ᠭᠠᠮᠰᠢᠭᠳᠣ ᠪᠠᠶᠢᠳᠠᠯ ‍ᠢ ᠪᠣᠢ ᠪᠤᠯᠤᠭᠰᠠᠨ ᠠᠵᠢ ᠃
ᠦᠶᠡᠷ ᠣᠰᠣᠳᠣᠯ ᠂ ᠭᠠᠡᠭ ᠭᠠᠴᠢᠭ ᠨᠢ ᠭᠣᠷᠪᠠᠨᠬᠣᠸᠠ ᠶ᠋ᠢᠨ ᠣᠳᠣᠷᠢᠳᠣᠯᠭ᠎ᠠ ᠂ ᠣᠯᠠᠨ ᠲᠦᠮᠡᠨ  ᠳᠤ ᠣᠰᠣᠨ ‍ᠤ ᠠᠰᠢᠭᠯᠠᠯᠳᠠ ᠪᠣᠯ ᠲᠠᠷᠢᠶᠠᠯᠠᠡᠭ ᠮᠠᠯ ᠠᠵᠣ ᠠᠬᠣᠢ ᠶ᠋ᠢᠨ ᠡᠬᠢ ᠰᠣᠷᠪᠣᠯᠵᠢ ᠂ ᠠᠮᠢ ᠠᠬᠣᠢ ᠶ᠋ᠢᠨ ᠰᠠᠭᠣᠷᠢ ᠂ ᠦᠢᠯᠡᠳᠪᠣᠷᠢᠯᠡᠯ ‍ᠤᠨ ᠬᠡᠷᠡᠭᠴᠡᠭᠡ ᠮᠦᠨ ᠂ ᠣᠰᠣᠨ ‍ᠤ ᠠᠰᠢᠭᠯᠠᠯᠳᠠ ᠶ᠋ᠢ ᠰᠠᠶᠢᠵᠢᠷᠠᠭᠤᠯᠵᠤ ᠂ ᠦᠶᠡᠷ ‍ᠤᠨ ᠭᠠᠮᠰᠢᠭ ‍ᠢ ᠰᠡᠷᠬᠡᠶᠢᠯᠡᠬᠦ ᠨᠢ ᠵᠠᠶᠢᠯᠠᠭᠣᠯᠵᠣ ᠪᠣᠯᠣᠰᠢ ᠦᠬᠡᠢ ᠠᠷᠢᠭᠣᠨ ᠲᠠᠷᠬᠠᠨ ᠬᠠᠷᠢᠭᠣᠴᠠᠯᠭ᠎ᠠ ᠪᠠᠶᠢᠭ᠎ᠠ ᠶᠤᠮ ᠬᠡᠮᠡᠬᠦ ᠶᠣᠰᠣ ᠤᠴᠢᠷ ‍ᠢ ᠬᠦᠨᠵᠡᠬᠡᠢ ᠲᠠᠨᠢᠭᠣᠯᠵᠡᠢ ᠃ ᠲᠡᠶᠢᠨ ᠬᠦ ᠠᠯᠣᠰ ‍ᠤᠨ ᠬᠠᠷᠠᠴᠠ ᠂ ᠬᠣᠯᠠ  ᠶ᠋ᠢᠨ ᠪᠣᠳᠣᠯᠭ᠎ᠠ ᠲᠠᠢ ᠡᠯ᠎ᠡ  ᠬᠣᠭᠣᠴᠠᠭᠠᠨ ‍ᠤ ᠣᠳᠣᠷᠢᠳᠣᠯᠭ᠎ᠠ ᠨᠠᠷ ᠣᠯᠠᠨ ᠲᠦᠮᠡᠨ ‍ᠢ ᠲᠠᠶᠢᠴᠢᠯᠠᠨ ᠣᠰᠣᠨ ᠠᠰᠢᠭᠯᠠᠯᠳᠠ ᠶ᠋ᠢᠨ ᠠᠵᠢᠯ ‍ᠢ ᠴᠢᠡᠭᠭ᠎ᠠ ᠠᠳᠬᠤᠭᠰᠠᠭᠠᠷ ᠢᠷᠡᠪᠡ  ᠃
1960 ᠣᠨ  ᠳᠤ ᠬᠠᠳᠠᠭᠣᠬᠣᠭᠣᠯᠠᠢ ᠦᠶᠡᠷ ‍ᠢ ᠰᠡᠷᠭᠡᠶᠢᠯᠡᠬᠦ ᠢᠨᠵᠸᠨ᠋ᠸᠷᠢᠡᠭ ‍ᠢ ᠪᠠᠶᠢᠭᠣᠯᠵᠡᠢ ᠃
1961 --1962 ᠣᠨ ‍ᠤ ᠬᠣᠭᠣᠷᠣᠨᠳᠣ ᠣᠰᠣ ᠳᠠᠳᠠᠬᠣ ᠬᠣᠳᠳᠣᠭ ᠭᠠᠷᠭᠠᠬᠣ ᠠᠵᠢᠯ ‍ᠢ ᠡᠬᠢᠯᠡᠬᠦᠯᠵᠡᠢ ᠃ ᠲᠡᠷᠡ ᠦᠶ᠎ᠡ  ᠳᠤ ᠮᠣᠷᠢ ᠯᠠᠭᠤᠰᠠ ᠬᠦᠯᠦᠵᠦ ᠶᠡᠬᠡ ᠪᠠᠷ ᠬᠤᠳᠳᠤᠭ ᠮᠠᠯᠳᠠᠵᠡᠢ ᠃
1978 --1979 ᠣᠨ ᠳ᠋ᠤ  ᠭᠤᠷᠪᠠᠨᠬᠤᠸᠠ ᠰᠣᠮᠣ ᠡᠴᠠ ᠣᠰᠣᠨ ᠠᠰᠢᠭᠯᠠᠯᠳᠠ ᠶ᠋ᠢᠨ ᠪᠠᠷᠢᠯᠭ᠎ᠠ ᠶ᠋ᠢᠨ ᠦᠷᠳᠡᠭᠡ ᠪᠠᠶᠢᠭᠣᠯᠵᠡᠢ ᠃ ᠨᠠᠷᠢᠳ ‍ᠤᠨ ᠭᠣᠣᠯ ‍ᠤᠨ ᠦᠶᠡᠷ ‍ᠤᠨ ᠣᠰᠣ ᠶ᠋ᠢ ᠲᠠᠰᠣᠯᠵᠣ ᠠᠪᠣᠭᠠᠳ ᠂ ᠬᠣᠶᠢᠳᠣ ᠪᠡᠶ᠎ᠡ ᠶ᠋ᠢᠨ ᠰᠣᠪᠣᠷᠭᠠᠨ ᠲᠠᠯ᠎ᠠ ᠂ ᠵᠡᠬᠦᠨ ᠮᠣᠷᠣᠢ ᠂ ᠯᠣᠣᠵᠡᠢ ᠠᠯᠭᠠᠭ ᠬᠦᠷᠲᠡᠯᠡᠬᠢ ᠭᠤᠤᠯ ᠲᠠᠷᠢᠶᠠᠨ ᠭᠠᠵᠠᠷ ‍ᠢ ᠣᠰᠣᠯᠠᠵᠣ ᠪᠠᠶᠢᠭᠰᠠᠨ ᠪᠢᠯᠨ ᠃
1985 --1989 ᠣᠨ  ᠳᠤ ᠬᠠᠰᠢᠯᠭ᠎ᠠ ᠪᠠᠶᠢᠭᠤᠯᠪᠠ ᠃ ᠭᠡᠪᠡᠴᠦ ᠲᠡᠮᠡᠢ ᠣᠳᠠᠯ ᠦᠬᠡᠢ ᠠᠰᠢᠭᠯᠠᠬᠤ ᠪᠠᠨ ᠪᠤᠯᠢᠪᠠ ᠃ ᠤᠴᠢᠷ ᠨᠢ ᠨᠠᠷᠢᠳ ‍ᠤᠨ ᠭᠣᠣᠯ ‍ᠤᠨ ᠲᠡᠭᠡᠳᠣ ᠣᠷᠣᠰᠬᠠᠯ ᠳ᠋ᠤ ᠬᠠᠰᠢᠯᠭ᠎ᠠ ᠤᠯᠠᠰᠢᠷᠠᠭᠠᠳ ᠣᠰᠣ ᠨᠢ ᠬᠦᠢᠴᠡᠬᠦ ᠪᠠᠨ ᠪᠤᠯᠢᠵᠠᠢ ᠃
1992 ᠣᠨ ᠡᠴᠠ ᠲᠣᠭᠣᠢ ᠶ᠋ᠢᠨ ᠭᠣᠣᠯ ‍ᠤᠨ ᠬᠠᠰᠢᠯᠭ᠎ᠠ ᠶ᠋ᠢ ᠡᠬᠢᠯᠡᠨ ᠵᠠᠰᠠᠵᠡᠢ ᠃ ᠮᠦᠨ ᠦᠶᠡᠷ ‍ᠤᠨ ᠠᠶᠣᠯ ᠡᠬᠦᠰᠴᠦ ᠮᠡᠳᠡᠬᠦ ᠭᠠᠵᠠᠷ ᠪᠦᠬᠦᠨ ᠳᠤ  ᠬᠠᠰᠢᠯᠭ᠎ᠠ ᠵᠠᠰᠠᠪᠠ ᠃ ᠪᠠᠷᠠᠭᠣᠨ ᠮᠣᠷᠣᠢ ᠭᠠᠴᠠᠭ᠎ᠠ《丁》 ᠬᠡᠯᠪᠡᠷᠢ ᠲᠠᠢ ᠬᠠᠰᠢᠯᠭ᠎ᠠ ᠪᠤᠰᠬᠠᠵᠤ ᠂ ᠵᠡᠬᠦᠨ ᠮᠣᠷᠣᠢ ᠣᠰᠣ ᠨᠠᠮᠳᠠᠭᠣᠯᠬᠣ ᠪᠠᠷᠢᠯᠭ᠎ᠠ ᠪᠠᠶᠢᠭᠣᠯᠵᠡᠢ ᠃
1994 ᠣᠨ ‍ᠤ ᠦᠶᠡᠷ ᠲᠤ  ᠭᠤᠷᠪᠠᠨᠬᠤᠸᠠ ᠶ᠋ᠢᠨ ᠬᠢᠨ ᠰᠡᠳᠬᠢᠯ ᠨᠢᠬᠡᠳᠣᠨ ᠠᠯᠢᠪᠠ ᠬᠦᠴᠦᠨ ᠢᠶᠡᠨ ᠰᠢᠪᠬᠠᠨ ᠦᠶᠡᠷ ᠲᠠᠢ ᠲᠡᠮᠡᠴᠡᠪᠡ ᠃ ᠭᠠᠮᠰᠢᠭᠳᠠᠭᠰᠠᠨ ᠠᠶᠢᠯ ᠲᠣᠰᠬᠣᠨ ‍ᠤ ᠠᠷᠠᠳ ᠣᠷᠣᠢ ᠵᠢᠯᠠᠭ᠎ᠠ ᠲᠡᠭᠡᠷ᠎ᠡ ᠤᠪᠤᠬᠠᠢ ᠰᠠᠷᠠᠪᠴᠢ ᠪᠠᠷᠢᠨ ᠤᠷᠤᠡᠭᠨᠠᠵᠤ ᠂ ᠦᠯᠦᠰᠬᠦ ᠂ ᠴᠠᠡᠭᠭᠠᠬᠤ ᠂ ᠪᠠᠲᠠᠭᠠᠨ᠎ᠠ ᠰᠢᠮᠠᠭᠤᠯ ᠵᠠᠭᠤᠬᠤ ᠂ ᠰᠡᠳᠬᠢᠯ ‍ᠤᠨ ᠲᠠᠷᠴᠢᠯᠠᠭᠠᠯ ᠳ᠋ᠤ ᠤᠨᠠᠬᠤ ᠵᠡᠷᠭᠡ ᠶ᠋ᠢ ᠲᠡᠰᠪᠦᠷᠢᠯᠡᠨ ᠠᠷᠪᠠᠨ ᠬᠡᠳᠣᠨ ᠡᠳᠣᠷ ‍ᠢ ᠭᠡᠭᠡᠷ᠎ᠡ ᠭᠠᠳᠠᠨ᠎ᠠ ᠲᠡᠰᠪᠦᠷᠢᠯᠡᠵᠦ ᠦᠡᠭᠭᠡᠷᠡᠭᠡᠪᠡ ᠃ ᠲᠡᠭᠡᠳᠣ ᠱᠠᠳᠣᠨ ‍ᠤ ᠨᠠᠮ ᠵᠠᠰᠠᠭ ᠡᠴᠠ ᠬᠦᠴᠣᠳᠠᠢ ᠠᠷᠭ᠎ᠠ ᠠᠪᠴᠣ ᠂ ᠬᠣᠰᠢᠭᠣᠨ ᠡᠴᠠ  ᠲᠡᠳ᠋ ᠰᠠᠯᠠᠭᠠᠨ ᠲᠡᠰ ‍ᠤᠨ ᠭᠣᠴᠢᠨ ᠭᠡᠳᠣᠨ ᠺᠠᠳ᠋ᠷ ᠲᠣᠮᠢᠯᠠᠵᠣ ᠭᠠᠮᠰᠢᠭᠳᠠᠭᠰᠠᠨ ᠲᠣᠰᠬᠣᠨ  ᠳᠤ ᠪᠠᠭᠣᠯᠭᠠᠨ ᠂ ᠠᠷᠠᠳ ᠲᠦᠮᠡᠨ ᠲᠠᠢ ᠭᠠᠴᠢᠭ ᠵᠣᠪᠠᠯ ‍ᠢ ᠨᠢ ᠬᠤᠪᠢᠶᠠᠯᠴᠠᠭᠤᠯᠵᠠᠢ ᠃ ᠰᠤᠮᠤᠨ ‍ᠤ ᠨᠠᠮ ᠵᠠᠰᠠᠭ ‍ᠤᠨ ᠣᠳᠣᠷᠢᠳᠣᠯᠭ᠎ᠠ ᠂ ᠰᠤᠮᠤᠨ ‍ᠤ ᠬᠠᠷᠢᠶᠠᠨ ᠳ᠋ᠡᠬᠢ ᠡᠯ᠎ᠡ ᠰᠠᠯᠠᠭ᠎ᠠ ᠮᠦᠴᠢᠷ ᠂ ᠪᠠᠶᠢᠭᠣᠯᠭ᠎ᠠ ᠨᠢᠭᠡᠴᠢ ᠪᠠ ᠰᠣᠷᠭᠠᠭᠣᠯᠢ ᠶ᠋ᠢᠨ ᠬᠢᠨ ᠪᠦᠬᠦᠳᠡᠭᠡᠷ ᠬᠦᠳᠡᠯᠣᠯᠴᠡᠵᠣ ᠭᠠᠮᠰᠢᠭ ‍ᠢ ᠡᠰᠡᠷᠬᠦᠴᠡᠬᠦ ᠠᠵᠢᠯᠯᠠᠭᠠᠨ  ᠳᠤ ᠣᠷᠣᠯᠴᠠᠪᠠ ᠃ ᠣᠯᠣᠰ ᠂ ᠣᠷᠣᠨ ‍ᠤ ᠬᠠᠮᠢᠭ᠎ᠠ ᠪᠦᠬᠦᠢ ᠣᠳᠣᠷᠢᠳᠣᠯᠭ᠎ᠠ ᠂ ᠠᠶᠢᠮᠠᠭ ᠂ ᠬᠤᠰᠢᠭᠤᠨ ‍ᠤ ᠭᠣᠣᠯ ᠣᠳᠣᠷᠢᠳᠣᠯᠭ᠎ᠠ ᠵᠠᠯᠭ᠎ᠠ ᠪᠡᠷ ᠢᠷᠡᠵᠣ ᠪᠤᠯᠭᠤᠭᠠᠨ ᠳᠤᠬᠤᠨᠢᠭᠤᠯᠬᠤ ᠪᠣᠶᠣ ᠵᠣᠭᠣᠰ ᠮᠦᠡᠭᠬᠦ ᠂ ᠡᠳ᠋ ᠪᠣᠳᠠᠰ ᠢᠶᠠᠷ ᠲᠣᠰᠠᠯᠠᠪᠠ ᠃ ᠨᠢᠰᠭᠡᠯ ᠢᠶᠠᠷ ᠢᠳᠡᠭᠡᠨ ᠣᠮᠳᠠᠭᠠᠨ ᠬᠠᠡᠭᠭᠠᠵᠤ ᠂ ᠭᠠᠮᠰᠢᠭᠳᠠᠭᠰᠠᠨ ᠠᠷᠠᠳ ‍ᠢ  ᠲᠤᠰᠠᠯᠠᠪᠠ ᠃ ᠲᠡᠭᠡᠳᠣ ᠱᠠᠳᠣᠨ ᠡᠴᠠ ᠭᠠᠮᠰᠢᠭᠳᠠᠭᠰᠠᠨ ᠣᠷᠣᠨ ‍ᠤ ᠪᠠᠶᠢᠳᠠᠯ  ᠳᠤ ᠬᠦᠨᠵᠡᠭᠡᠶᠢᠷᠡᠨ ᠪᠠᠶᠢᠴᠠᠭᠠᠨ ᠰᠣᠳᠣᠯᠣᠯᠳᠠ ᠬᠢᠵᠣ ᠂ ᠭᠠᠮᠰᠢᠭᠳᠠᠭᠰᠠᠨ ᠠᠷᠠᠳ ‍ᠢ ᠨᠡᠬᠦᠯᠭᠡᠨ ᠰᠢᠯᠵᠢᠬᠦᠯᠪᠡ ᠃ ᠮᠠᠯᠳᠠᠭᠣᠷ ᠂ ᠪᠠᠷᠠᠭᠣᠨ ᠲᠠᠷᠢᠶᠠᠳᠣ ᠂ ᠰᠣᠮᠣᠳᠣ ᠂ ᠲᠣᠮᠳᠠ ᠴᠠᠭᠠᠴᠢᠯᠠᠭᠣ ᠂ ᠣᠨᠳᠣ ᠂ ᠴᠠᠭᠠᠨᠳᠠᠪᠠᠭ᠎ᠠ ᠂ ᠰᠢᠷᠠᠬᠣᠭᠣᠯᠠᠢ ᠂ ᠡᠮᠣᠨ᠎ᠡ ᠬᠠᠷᠢᠶᠠᠳᠣ ᠂ ᠲᠣᠯᠣᠭᠠᠨ ᠲᠠᠷᠢᠶᠠᠳᠣ ᠵᠡᠷᠭᠡ  9 ᠠᠶᠢᠯ ᠂ 512 ᠡᠷᠣᠭᠡ ᠶ᠋ᠢ ᠠᠶᠢᠮᠠᠭ ‍ᠤᠨ ᠬᠡᠪᠴᠢᠶᠡᠨ  ᠳᠤ ᠰᠢᠯᠵᠢᠬᠦᠯᠪᠡ ᠃
 ᠲᠤᠰ ᠣᠳᠠᠭᠠᠨ ‍ᠤ ᠶᠡᠭᠡ ᠦᠶᠡᠷ ᠨᠢ ᠪᠦᠬᠦ ᠬᠤᠰᠢᠭᠤᠨ ‍ᠤ ᠂ ᠳᠤᠬᠠᠶᠢᠯᠠᠪᠠᠯ ᠭᠣᠷᠪᠠᠨᠬᠣᠸᠠ ᠵᠡᠷᠭᠡ ᠦᠶᠡᠷ ‍ᠤᠨ ᠣᠰᠣᠨ  ᠳᠤ ᠬᠢᠯᠪᠠᠷ ᠳᠠᠭᠠᠷᠢᠭᠳᠠᠬᠤ ᠰᠣᠮᠣ ᠪᠠᠯᠭᠠᠰᠣᠨ  ᠳᠤ ᠦᠶᠡᠷ ‍ᠢ ᠰᠡᠷᠬᠡᠶᠢᠯᠡᠬᠦ ᠠᠵᠢᠯ ‍ᠢ ᠴᠢᠡᠭᠭᠠᠳᠬᠠᠬᠤ ᠶ᠋ᠢᠨ ᠴᠢᠬᠣᠯᠠ ᠴᠢᠨᠠᠷ ᠪᠠ ᠠᠴᠢ ᠬᠣᠯᠪᠣᠭᠳᠠᠯ ‍ᠢ ᠬᠦᠢᠴᠡᠳ ᠲᠠᠨᠢᠭᠤᠯᠪᠠ ᠃ ᠡᠶᠢᠨ ᠬᠦ 1997 ᠣᠨ ᠡᠴᠠ ᠬᠠᠰᠢᠯᠭ᠎ᠠ ᠪᠠᠷᠢᠵᠣ ᠂ ᠰᠣᠪᠠᠭ ᠲᠠᠳᠠᠨ ᠂ ᠣᠰᠣᠨ ‍ᠤ ᠠᠰᠢᠭᠯᠠᠯᠲᠠ ᠶ᠋ᠢᠨ ᠪᠦᠳᠣᠬᠡᠨ ᠪᠠᠶᠢᠭᠣᠯᠣᠯᠳᠠ ᠬᠢᠵᠡᠢ ᠃
1998 ᠣᠨ  ᠳᠤ ᠰᠣᠪᠣᠷᠭᠠᠨ ᠲᠠᠯ᠎ᠠ ᠡᠴᠠ ᠵᠡᠬᠦᠨ ᠮᠣᠷᠣᠢ ᠬᠦᠷᠳᠡᠯ᠎ᠡ 30 ᠭᠠᠵᠠᠷ ᠣᠰᠣᠨ ‍ᠤ ᠰᠣᠪᠠᠭ ᠮᠠᠯᠳᠠᠵᠤ ᠂ ᠲᠡᠷᠨ ᠨᠢ ᠨᠢᠬᠡ ᠲᠠᠯ᠎ᠠ ᠪᠡᠷ ᠣᠰᠣ ᠶ᠋ᠢ ᠣᠷᠣᠰᠬᠠᠵᠣ ᠂ ᠨᠦᠬᠦᠬᠡ ᠲᠠᠯ᠎ᠠ ᠪᠡᠷ ᠵᠠᠰᠠᠮᠠᠯ  ᠵᠠᠮ ‍ᠤᠨ ᠦᠢᠯᠡᠳᠣᠯ ᠲᠠᠢ ᠪᠣᠯᠣᠭᠰᠠᠨ ᠪᠠᠶᠢᠨ᠎ᠠ ᠃
1999 ᠣᠨ  ᠳᠤ ᠰᠣᠮᠣ ᠶ᠋ᠢᠨ ᠨᠠᠮ ᠵᠠᠰᠠᠭ ᠡᠴᠠ ᠣᠯᠠᠨ ᠲᠦᠮᠡᠨ ‍ᠢ ᠲᠠᠶᠢᠴᠢᠯᠠᠨ ᠭᠣᠷᠪᠠᠨ ᠶᠡᠭᠡ  ( ᠲᠡᠮᠡᠭᠡᠲᠣᠰᠠ ‍ᠤᠨ ᠵᠡᠬᠦᠨ ᠡᠮᠣᠨ᠎ᠡ ᠂ ᠪᠠᠷᠠᠭᠣᠨ ᠮᠣᠷᠣᠢ ᠶ᠋ᠢᠨ ᠡᠮᠣᠨ᠎ᠡ ᠂ ᠵᠡᠬᠦᠨ ᠮᠣᠷᠣᠢ ᠶ᠋ᠢᠨ ᠪᠠᠷᠠᠭᠣᠨ ᠬᠣᠶᠢᠳᠠᠢ ) ᠣᠰᠣᠨ ‍ᠤ ᠬᠠᠰᠢᠯᠭ᠎ᠠ ( ᠲᠠᠯᠠᠡᠭ ) ᠵᠠᠰᠠᠵᠡᠢ ᠃ ᠲᠣᠰ ᠬᠠᠰᠢᠯᠭ᠎ᠠ ᠶ᠋ᠢ ᠡᠯᠡᠰᠣ ᠪᠠ ᠬᠠᠷ᠎ᠠ ᠰᠢᠷᠣᠢ ᠪᠡᠷ ᠪᠤᠰᠬᠠᠵᠤ ᠂  ᠳᠡᠭᠡᠷ᠎ᠡ ᠨᠢ ᠬᠠᠷᠭᠠᠨ᠎ᠠ ᠲᠠᠷᠢᠵᠣ ᠪᠠᠭᠢᠯᠡᠭᠰᠡᠨ ᠪᠠᠶᠢᠯ᠎ᠠ ᠃ ᠡᠨᠡ ᠨᠢ ᠲᠣᠬᠠᠢ ᠶ᠋ᠢᠨ ᠦᠶ᠎ᠡ ᠶ᠋ᠢᠨ ᠲᠡᠭᠡᠳᠣ ᠱᠠᠳᠣᠨ ‍ᠤ ᠦᠨᠳᠣᠷ ᠦᠨᠡᠯᠡᠯᠳᠡ ᠶ᠋ᠢ ᠬᠦᠷᠲᠡᠪᠡ ᠃
ᠮᠠᠯ ᠤᠨᠤᠭᠠᠨ ‍ᠤ ᠤᠤᠭᠤᠬᠤ ᠣᠰᠣ ᠶ᠋ᠢ ᠰᠢᠢᠣᠪᠣᠷᠢᠯᠡᠬᠦ  ᠂ ᠬᠦᠷᠵᠡ ᠪᠡᠷ ᠬᠣᠳᠳᠣᠭ ᠮᠠᠯᠲᠠᠬᠤ ᠂ ᠬᠦᠮᠣᠨ ‍ᠤ ᠬᠦᠴᠣ ᠪᠡᠷ ᠮᠠᠯᠳᠠᠭᠰᠠᠨ ᠬᠣᠳᠳᠣᠭ ‍ᠤᠨ ᠣᠰᠣ ᠣᠣᠭᠣᠬᠣ ᠪᠠᠶᠢᠳᠠᠯ ‍ᠢ ᠢᠳᠡᠭ ᠢᠳᠡᠭ ᠢᠶᠠᠷ ᠬᠤᠪᠢᠷᠠᠵᠤ ᠂ ᠮᠠᠰᠢᠨ ᠢᠶᠠᠷ ᠬᠣᠳᠳᠣᠭ ᠭᠠᠷᠭᠠᠵᠣ ᠣᠰᠣᠯᠠᠬᠣ ᠂ ᠲᠦᠬᠡᠬᠡᠯ ᠣᠰᠣ ᠭᠡᠷᠡᠭᠯᠡᠬᠦ ᠂ ᠣᠰᠣᠯᠠᠯᠳᠠ ᠶ᠋ᠢᠨ ᠲᠠᠷᠢᠶᠠᠨ ᠭᠠᠵᠠᠷ ‍ᠢ ᠦᠷᠭᠡᠳᠭᠡᠬᠦ ᠦᠢᠯᠡᠰ ᠠᠯᠭᠤᠷ ᠬᠦᠭᠵᠢᠪᠡ ᠃ 2003 ᠣᠨ --2006 ᠣᠨ  ᠳᠤ  ᠭᠣᠷᠪᠠᠨ  ᠮᠦ ᠲᠠᠷᠢᠶᠠᠨ ‍ᠤ ᠪᠦᠳᠣᠭᠡᠨ ᠪᠠᠶᠢᠭᠣᠯᠣᠯᠳᠠ  ᠳᠦ ᠵᠣᠬᠢᠴᠠᠭᠣᠯᠣᠨ ᠴᠠᠬᠢᠯᠭᠠᠨ ᠮᠠᠰᠢᠨ ᠬᠣᠳᠳᠣᠭ 49 ᠂ ᠪᠠᠭ᠎ᠠ ᠬᠣᠭᠣᠯᠠᠢ ᠲᠠᠢ ᠬᠣᠳᠳᠣᠭ 588 ᠭᠠᠷᠭᠠᠵᠤ ᠂ ᠣᠰᠣᠯᠠᠯᠳᠠ ᠶ᠋ᠢᠨ ᠲᠠᠯᠠᠪᠠᠢ ᠪᠠᠨ6300  ᠮᠦ ᠦᠷᠭᠡᠳᠬᠡᠭᠰᠡᠨ ᠪᠠᠶᠢᠪᠠᠯ ᠂ 2011 ᠣᠨ ᠳ᠋ᠤ ᠴᠠᠬᠢᠯᠭᠠᠨ ᠮᠠᠰᠢᠨ ᠬᠣᠳᠳᠣᠭ 868 ᠂ ᠪᠠᠭ᠎ᠠ ᠬᠣᠳᠳᠣᠭ 1258  ᠂ ᠬᠣᠳᠳᠣᠭ ‍ᠤᠨ ᠬᠡᠷ 76 ᠮᠠᠯᠲᠠᠬᠤ ᠪᠤᠶᠤ ᠪᠠᠶᠢᠭᠤᠯᠵᠤ ᠂ ᠣᠰᠣᠯᠠᠯᠳᠠ ᠶ᠋ᠢᠨ ᠲᠠᠯᠠᠪᠠᠢ ᠪᠠᠨ 56000  ᠮᠦ ᠪᠣᠯᠭᠠᠨ ᠦᠷᠭᠡᠳᠭᠡᠪᠡ ᠃
ᠰᠣᠮᠣ ᠶ᠋ᠢᠨ ᠰᠠᠭᠤᠷᠢᠰᠢᠯ ᠂ ᠬᠠᠷᠠᠨᠠᠭᠣᠷ ᠂ ᠶᠡᠭᠡᠳᠠᠴᠢᠨ ᠵᠡᠷᠭᠡ ᠭᠠᠴᠠᠭ᠎ᠠ ᠲᠣᠰᠬᠣᠨ ᠳ᠋ᠤ ᠲᠦᠬᠡᠬᠡᠯ ᠣᠰᠣᠨ ‍ᠤ ᠢᠨᠵᠸᠨ᠋ᠸᠷᠢᠡᠭ ‍ᠢ ᠬᠡᠷᠡᠭᠵᠢᠬᠦᠯᠵᠤ ᠂ 379  ᠡᠷᠣᠭᠡ ᠂ 1090 ᠬᠦᠮᠣᠨ ᠪᠣᠬᠢᠷᠳᠣᠯ ᠦᠬᠡᠢ ᠲᠦᠬᠡᠬᠡᠯ ᠣᠰᠣ ᠣᠣᠭᠣᠬᠣ ᠪᠣᠯᠪᠠ ᠃ ᠡᠬᠦᠨ ᠡᠴᠠ ᠦᠵᠡᠪᠡᠯ ᠂ ᠭᠣᠷᠪᠠᠨᠬᠣᠸᠠ ᠰᠣᠮᠣ ᠠᠷᠠᠳ ᠢᠶᠡᠨ ᠪᠠᠶᠠᠵᠢᠭᠣᠯᠵᠣ ᠂ ᠰᠣᠮᠣ ᠪᠠᠨ ᠮᠠᠨᠳᠣᠭᠣᠯᠬᠣ ᠂ ᠮᠣᠡᠭᠭᠣᠯ ᠦᠨᠳᠣᠰᠣᠳᠡᠨ ᠲᠦᠪᠯᠡᠷᠡᠨ ᠰᠠᠭᠤᠷᠢᠰᠢᠭᠰᠠᠨ ᠨᠣᠳᠣᠭ ᠢᠶᠡᠨ ᠣᠷᠣᠨ ᠠᠶᠢᠮᠠᠭ ᠲᠠᠭᠠᠨ ᠬᠣᠰᠢᠭᠣᠷᠠᠭᠣᠯᠬᠣ ᠬᠣᠯᠠ ᠶ᠋ᠢᠨ ᠪᠣᠳᠣᠯᠭ᠎ᠠ ᠡᠪᠦᠷᠯᠡᠵᠦ ᠂ ᠣᠰᠣᠨ ‍ᠤ ᠠᠰᠢᠭᠯᠠᠯᠳᠠ ᠶ᠋ᠢᠨ ᠠᠵᠢᠯ ‍ᠢ ᠲᠠᠪᠢ ᠭᠠᠷᠣᠢ ᠵᠢᠯ ᠴᠦᠬᠦᠷᠡᠰᠢ ᠦᠭᠡᠢ ᠪᠠᠷᠢᠮᠲᠠᠯᠠᠭᠰᠠᠭᠠᠷ ᠢᠷᠡᠭᠰᠡᠨ ᠪᠠᠶᠢᠨ᠎ᠠ ᠃
                                    (  ᠮᠠᠡᠭᠭᠤᠳ ᠪᠦᠭᠡ ᠡᠮᠬᠢᠳᠭᠡᠨ ᠪᠢᠴᠢᠪᠡ  )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ