ᠬᠠᠩᠳᠠᠭᠤᠳ · ᠤᠰᠤᠨᠪᠤᠳᠤᠭ ᠦᠨ︿ ︿ ᠭᠤᠷᠪᠠᠨᠬᠤᠸᠠ ﹀ ﹀ ᠨᠤᠮ ᠤᠨ ᠭᠤᠷᠪᠠᠳᠤᠭᠠᠷ ᠨᠠᠶᠢᠷᠠᠭᠤᠯᠤᠯ ᠤᠩᠤᠷᠪᠠᠳᠤᠭᠠᠷ ᠬᠡᠰᠡᠭ ‍ᠢ ᠰᠤᠩᠭᠤᠨ ᠰᠢᠯᠵᠢᠭᠦᠯᠪᠡ

ᠣᠩᠰᠢᠭᠰᠠᠨ ᠤᠳᠠᠭ᠎ᠠ ᠄ 8497     ᠨᠡᠶᠢᠳᠡᠯᠡᠭᠰᠡᠨ ᠴᠠᠭ ᠄ 2018/7/13 15:05:47

ᠭᠤᠷᠪᠠ ᠂ ᠣᠢ ᠰᠢᠭᠣᠢ ᠪᠠ ᠣᠷᠴᠢᠨ ᠲᠣᠭᠣᠷᠢᠨ

ᠪᠠᠶᠢᠭᠠᠯᠢ ᠶ᠋ᠢᠨ ᠣᠢ ᠰᠢᠭᠣᠢ ᠪᠠ ᠲᠠᠷᠢᠮᠠᠯ ‍ᠤᠨ ᠣᠢ ᠰᠢᠭᠣᠢ

ᠭᠣᠷᠪᠠᠨᠬᠣᠸᠠ ᠶ᠋ᠢᠨ  ᠣᠢ ᠰᠢᠭᠣᠢ ᠶ᠋ᠢᠨ ᠦᠨᠳᠣᠰᠣᠨ ᠪᠠᠶᠢᠳᠠᠯ ᠡᠴᠠ ᠦᠵᠡᠪᠡᠯ ᠄ ᠣᠢ ᠰᠢᠭᠣᠢ ᠶ᠋ᠢᠨ ᠶᠡᠷᠣᠡᠭᠬᠡᠢ ᠲᠠᠯᠠᠪᠠᠢ ᠨᠢ 60 ᠲᠦᠮᠡᠨ  ᠮᠦ ᠪᠠᠶᠢᠭ᠎ᠠ ᠶᠤᠮ ᠃ ᠪᠣᠳᠠ ᠮᠣᠳᠣᠨ ‍ᠤ ᠲᠠᠯᠠᠪᠠᠢ ᠨᠢ 40 ᠲᠦᠮᠡᠨ  ᠮᠦ ᠂ ᠲᠣᠷᠣᠭ ᠮᠣᠳᠣᠨ ‍ᠤ ᠲᠠᠯᠠᠪᠠᠢ ᠨᠢ 20 ᠲᠦᠮᠡᠨ  ᠮᠦ ᠂ ᠨᠡᠶᠢᠳᠡ ᠶ᠋ᠢᠨ ᠣᠢ ᠮᠣᠳᠣᠨ ‍ᠤ ᠲᠠᠯᠠᠪᠠᠢ ᠨᠢ 20 ᠲᠦᠮᠡᠨ  ᠮᠦ᠂  ᠠᠵᠣ ᠠᠬᠣᠢ ᠶ᠋ᠢᠨ ᠣᠢ ᠮᠣᠳᠣᠨ ‍ᠤ ᠲᠠᠯᠠᠪᠠᠢ ᠨᠢ 2000  ᠮᠦ᠂ ᠪᠢᠳᠡᠬᠦᠮᠵᠢᠬᠦᠯᠵᠣ ᠣᠶᠢᠵᠢᠭᠣᠯᠣᠭᠰᠠᠨ ᠮᠣᠳᠣᠨ ‍ᠤ ᠲᠠᠯᠠᠪᠠᠢ ᠨᠢ 8000 ᠮᠦ᠂  ᠬᠦᠮᠣᠨ ‍ᠤ ᠬᠦᠴᠣ ᠪᠡᠷ ᠣᠶᠢᠵᠢᠭᠣᠯᠣᠭᠰᠠᠨ ᠨᠢ 20 ᠲᠦᠮᠡᠨ  ᠮᠦ ᠂ ᠪᠠᠶᠢᠭᠠᠯᠢᠯᠢᠭ ᠤᠢ ᠮᠣᠳᠣᠨ ᠲᠠᠯᠠᠪᠠᠢ ᠨᠢ 71 ᠲᠦᠮᠡᠨ ᠮᠦ᠂ ᠲᠠᠷᠢᠶᠠᠯᠠᠬᠤ ᠶ᠋ᠢ ᠵᠤᠭᠰᠣᠭᠠᠵᠤ ᠣᠢ ᠰᠢᠭᠣᠢ ᠪᠤᠯᠭᠠᠭᠰᠠᠨ ᠮᠣᠳᠣᠨ ‍ᠤ ᠲᠠᠯᠠᠪᠠᠢ ᠨᠢ 2 .6 ᠲᠦᠮᠡᠨ  ᠮᠦ᠂ ᠰᠢᠷ᠎ᠠ ᠨᠠᠷᠠᠰᠣ (  ᠬᠠᠶᠢᠯᠠᠷ ᠨᠠᠷᠠᠰᠣ ) 4000  ᠮᠦ ᠪᠠᠶᠢᠳᠠᠭ ᠃ ᠡᠬᠦᠨ ᠡᠴᠠ ᠭᠠᠳᠠᠨ᠎ᠠ ᠠᠯᠢᠮ᠎ᠠ ᠂ ᠠᠯᠮᠠᠷᠠᠳ ᠂ ᠬᠦᠢᠯᠡᠰᠦ ᠂ ᠰᠠᠡᠭᠳᠠᠡᠭ ᠵᠡᠷᠭᠡ ᠮᠤᠳᠤ ᠴᠤ ᠵᠤᠬᠢᠬᠤ ᠲᠠᠯᠠᠪᠠᠢ ᠡᠵᠡᠯᠡᠵᠦ ᠪᠤᠢ ᠃ ᠣᠢ ᠰᠢᠭᠣᠢ ᠶ᠋ᠢᠨ ᠪᠦᠷᠬᠦᠴᠡ ᠶ᠋ᠢᠨ ᠨᠣᠷᠮ᠎ᠠ ᠨᠢ ᠵᠠᠭᠣᠨ ‍ᠤ 31 ᠳᠦ ᠬᠦᠷᠴᠣ ᠪᠠᠶᠢᠨ᠎ᠠ ᠃  ᠲᠣᠰ ᠨᠣᠳᠣᠭ ‍ᠤᠨ ᠪᠠᠶᠢᠭᠠᠯᠢ ᠶ᠋ᠢᠨ ᠣᠢ ᠰᠢᠭᠣᠢ ᠨᠢ ᠣᠯᠠᠨ ᠲᠦᠷᠣᠯ ᠵᠣᠶᠢᠯ ‍ᠤᠨ ᠪᠠᠶᠢᠳᠠᠭ ᠃ ᠭᠤᠤᠯᠳᠠᠭᠤ ᠣᠳᠠ ( ᠪᠦᠭᠲᠦᠷ ᠣᠳᠠ ) ᠂ ᠬᠠᠶᠢᠯᠠᠰᠤ ᠂ ᠬᠣᠨᠳᠠᠷ ᠂ ᠬᠦᠢᠯᠡᠰᠦ ᠂ ᠢᠯᠠᠮ᠎ᠠ ᠂ ᠶᠠᠰᠢᠯ  ᠂ ᠡᠮᠡᠭᠡᠨ ᠴᠠᠭᠠᠨ ᠂ ᠰᠣᠬᠠᠢ ᠂ ᠲᠠᠣᠯᠠᠢ ᠶ᠋ᠢᠨ ᠪᠦᠬᠡᠷ᠎ᠡ ᠵᠡᠷᠭᠡ ᠮᠤᠳᠤᠳ ᠪᠤᠢ ᠃ ᠪᠦᠭᠲᠦᠷ ᠤᠲᠠ ᠨᠢ ᠨᠠᠢᠮᠠᠨ ᠨᠣᠳᠣᠭ ‍ᠤᠨ ᠣᠨᠴᠠᠯᠢᠭ ᠪᠤᠯᠵᠤ ᠂ ᠡᠨᠡ ᠨᠣᠳᠣᠭ ᠲᠤ ᠦᠡᠭᠬᠡ ᠦᠵᠡᠮᠵᠢ ᠨᠡᠮᠡᠷᠢᠯᠡᠭᠰᠡᠨ ᠪᠠᠶᠢᠨ᠎ᠠ ᠃ ᠪᠠᠶᠢᠭᠠᠯᠢ ᠶ᠋ᠢᠨ ᠮᠣᠳᠣᠨ ‍ᠤ ᠲᠠᠯᠠᠪᠠᠢ ᠨᠢ 18 ᠲᠦᠮᠡ 8 ᠮᠢᠡᠭᠭᠠᠨ  ᠮᠦ  ᠪᠠᠶᠢᠳᠠᠭ ᠃ ᠪᠠᠶᠢᠭᠠᠯᠢ ᠶ᠋ᠢᠨ  ᠮᠣᠳᠣᠨ ‍ᠤ ᠭᠣᠣᠯ ᠨᠢ ᠣᠳᠠ ᠪᠠᠶᠢᠭ᠎ᠠ ᠶᠤᠮ ᠃
1961 ᠣᠨ-- 1962 ᠣᠨ ‍ᠤ ᠶᠡᠭᠡ ᠦᠶᠡᠷ ‍ᠤᠨ ᠦᠶ᠎ᠡ ᠳ᠋ᠤ ᠨᠠᠷᠢᠳ ‍ᠤᠨ ᠭᠣᠣᠯ ᠦᠶᠡᠷᠯᠡᠭᠡᠳ ᠂ ᠲᠣᠭᠰᠢᠨ ᠦᠶᠡᠷ ‍ᠤᠨ ᠣᠰᠣ ᠲᠦᠯᠬᠢᠯᠡᠨ ᠢᠷᠡᠵᠣ ᠭᠣᠷᠪᠠᠨᠬᠣᠸᠠ ᠶ᠋ᠢᠨ ᠬᠣᠶᠢᠳᠣ ᠬᠡᠰᠡᠭ ᠂ ᠰᠣᠪᠣᠷᠭᠠᠨ ᠲᠠᠯ᠎ᠠ ᠡᠴᠠ ᠯᠤᠤᠵᠠᠢ ᠠᠯᠭᠠᠭ ᠬᠦᠷᠳᠡᠯᠡᠬᠢ ᠶᠡᠭᠡ ᠬᠡᠪᠴᠢᠶᠡᠨ ‍ᠤ ᠭᠠᠵᠠᠷ ‍ᠢ ᠳᠠᠭᠠᠷᠢᠭᠰᠠᠨ ‍ᠤ ᠤᠯᠠᠮ ᠢᠶᠠᠷ ᠬᠤᠵᠢᠮ ᠨᠢ ᠦᠶᠡᠷ ᠲᠤ ᠳᠠᠭᠠᠷᠢᠭᠳᠠᠭᠰᠠᠨ ᠭᠠᠵᠠᠷ ᠲᠤ ᠢᠭᠴᠤ ᠰᠠᠬᠣᠯᠠᠭ ᠣᠳᠠ ᠮᠣᠳᠣ ᠣᠷᠭᠣᠵᠡᠢ ᠃ ᠰᠡᠬᠦᠯᠡᠷ  ᠨᠢ ᠡᠳᠡᠭᠡᠷ ᠣᠳᠠ ᠮᠣᠳᠣ ᠨᠢ ᠪᠠᠶᠢᠰᠢᠡᠭᠳᠣ ᠳ᠋ᠡᠬᠢ ᠣᠯᠣᠰ ‍ᠤᠨ ᠣᠢ ᠮᠣᠳᠣᠨ ‍ᠤ ᠲᠠᠯᠠᠪᠠᠢ  ᠳᠦ ᠡᠷᠬᠡᠰᠢᠶᠡᠭᠳᠡᠵᠣ ᠂ ᠮᠣᠳᠣ ᠨᠢ ᠣᠢ ᠰᠢᠭᠣᠢ ᠶ᠋ᠢᠨ ᠲᠠᠯᠠᠪᠠᠢ  ᠳᠦ ᠬᠠᠷᠢᠶᠠᠯᠠᠭᠳᠠᠵᠣ ᠂ ᠭᠠᠵᠠᠷ ᠨᠢ ᠭᠣᠷᠪᠠᠨᠬᠣᠸᠠ  ᠳᠦ ᠬᠠᠷᠢᠶᠠᠯᠠᠭᠳᠠᠭᠰᠠᠨ ᠪᠠᠶᠢᠨ᠎ᠠ ᠃
ᠲᠠᠷᠢᠮᠠᠯ ‍ᠤᠨ ᠣᠢ ᠰᠢᠭᠣᠢ ᠨᠢ ᠬᠣᠨᠳᠠᠷ ᠢᠶᠠᠷ ᠭᠣᠣᠯ ᠪᠣᠯᠭᠠᠵᠡᠢ ᠃ ᠬᠣᠨᠳᠠᠷ ᠪᠠᠶᠠᠯᠢᠭ ᠪᠠᠶᠢᠳᠠᠭ ᠪᠤᠯᠬᠤᠷ ᠪᠣᠷᠣᠭᠣᠯᠣᠯᠳᠠ ᠶ᠋ᠢᠨ ᠠᠰᠢᠭ ᠢᠶᠠᠷ ᠢᠶᠡᠨ ᠣᠯᠣᠰ ‍ᠤᠨ ᠲᠣᠳᠣᠭᠠᠳᠣ ᠭᠠᠳᠠᠭᠠᠳᠣ ᠶ᠋ᠢᠨ ᠬᠦᠮᠣᠰ ‍ᠤᠨ ᠠᠡᠭᠬᠠᠷᠣᠯ ‍ᠢ ᠲᠠᠳᠠᠵᠣ ᠪᠣᠢ ᠃
ᠪᠠᠶᠢᠭᠠᠯᠢ ᠶ᠋ᠢᠨ ᠣᠢ ᠰᠢᠭᠣᠢ ᠳ᠋ᠤ ᠬᠠᠷᠢᠶᠠᠯᠠᠭᠳᠠᠬᠤ ᠪᠦᠭᠲᠦᠷ ᠤᠲᠠ ᠨᠢ  ᠭᠤᠷᠪᠠᠨᠬᠤᠸᠠ ᠨᠤᠲᠤᠭ ‍ᠤᠨ ᠡᠲᠡᠭᠡᠳ ᠦᠵᠡᠮᠵᠢ ᠪᠤᠯᠵᠤ ᠵᠢᠭᠤᠯᠴᠢᠯᠠᠭᠰᠠᠳ ‍ᠤᠨ ᠰᠤᠨᠢᠷᠬᠠᠯ ‍ᠢ ᠲᠠᠲᠠᠭᠰᠠᠭᠠᠷ ᠪᠠᠶᠢᠭ᠎ᠠ ᠪᠢᠯᠨ ᠃

ᠣᠢ ᠰᠢᠭᠣᠢ ᠪᠠ ᠣᠷᠴᠢᠨ ᠲᠣᠭᠣᠷᠢᠨ ‍ᠤ ᠬᠠᠮᠠᠭᠠᠯᠠᠯᠳᠠ
 
ᠭᠣᠷᠪᠠᠨᠬᠣᠸᠠ ᠰᠣᠮᠣ ᠨᠠᠢᠮᠠᠨ ᠬᠣᠰᠢᠭᠣᠨ ‍ᠤ ᠲᠣᠮᠳᠠ ᠬᠡᠰᠡᠭ ‍ᠤᠨ ᠡᠯᠡᠰᠦᠷᠬᠡᠭ ᠭᠠᠵᠠᠷ ᠣᠷᠣᠰᠢᠵᠣ ᠪᠠᠶᠢᠭ᠎ᠠ ᠣᠴᠢᠷ ᠡᠴᠠ ᠡᠯᠡᠰᠣ ᠶ᠋ᠢ ᠵᠠᠰᠠᠨ ᠂ ᠣᠷᠴᠢᠨ ᠲᠣᠭᠣᠷᠢᠨ ‍ᠤ ᠲᠡᠡᠭᠴᠡᠬᠦᠷᠢ ᠶ᠋ᠢ ᠪᠠᠳᠣᠯᠠᠬᠤ ᠨᠢ ᠮᠠᠯ ᠠᠵᠣ ᠠᠬᠣᠢ ᠶ᠋ᠢᠨ ᠣᠶᠢᠯᠡᠰ ‍ᠢ ᠬᠦᠭᠵᠢᠬᠦᠯᠬᠦ ᠶ᠋ᠢᠨ ᠣᠷᠢᠳᠠᠯ ᠨᠦᠬᠦᠴᠡᠯ ᠪᠣᠯᠳᠠᠭ ᠃ ᠣᠢ ᠮᠣᠳᠣ ᠲᠠᠷᠢᠬᠣ ᠲᠠᠯᠠᠪᠠᠢ ᠶᠡᠭᠡ ᠂ ᠣᠢ ᠰᠢᠭᠣᠢ ᠶ᠋ᠢ ᠬᠦᠭᠵᠢᠬᠦᠯᠬᠦ ᠤᠷᠤᠨ ᠵᠠᠢ ᠶᠡᠭᠡ ᠵᠡᠷᠭᠡ ᠳᠠᠪᠠᠭᠤᠯᠢᠭ ᠲᠠᠯ᠎ᠠ ᠲᠠᠢ ᠪᠠᠶᠢᠳᠠᠭ ᠡᠴᠠ ᠠᠯᠣᠰ ‍ᠤᠨ ᠰᠠᠶᠢᠬᠠᠨ ᠢᠷᠡᠭᠡᠳᠣᠢ ᠲᠠᠢ ᠪᠠᠶᠢᠭ᠎ᠠ ᠶᠤᠮ ᠃ ᠠᠰᠢᠭ ᠦᠬᠡᠢ ᠲᠠᠯ᠎ᠠ ᠨᠢ ᠭᠡᠪᠡᠯ ᠡᠯᠡᠰᠣᠷᠭᠡᠭᠵᠢᠯ ᠬᠡᠴᠡᠬᠦᠤ ᠂ ᠣᠢ ᠰᠢᠭᠣᠢ ᠪᠠ ᠮᠠᠯ ᠠᠵᠣ ᠠᠬᠣᠢ ᠶ᠋ᠢᠨ ᠵᠦᠷᠢᠴᠡᠯ ᠲᠣᠪᠣᠶᠢᠮ᠎ᠠ ᠪᠠᠶᠢᠳᠠᠭ ᠃ ᠭᠣᠷᠪᠠᠨᠬᠣᠸᠠ ᠨᠣᠳᠣᠭ ᠰᠢᠶᠠᠡᠭ ᠪᠠᠶᠢᠭᠣᠯᠣᠭᠳᠠᠬᠣ ᠦᠶ᠎ᠡ ᠳ᠋ᠤ ᠡᠪᠡᠰᠣᠨ ‍ᠤ ᠳᠤᠮᠳᠠ ᠢᠳᠡᠰᠢᠯᠡᠵᠦ ᠪᠠᠶᠢᠭ᠎ᠠ ᠵᠡᠭᠡᠷ᠎ᠡ ᠨᠢ ᠬᠠᠷᠠᠭᠳᠠᠬᠤ ᠦᠬᠡᠢ ᠪᠠᠶᠢᠭᠰᠠᠨ ᠃ ᠰᠡᠬᠦᠯᠳᠡᠵᠣ ᠢᠷᠡᠭᠡᠳ ᠬᠣᠶᠠᠷ ᠵᠣᠷᠠᠮ᠎ᠠ ᠶ᠋ᠢ  ᠴᠦ ᠡᠷ᠎ᠡ ᠡᠮ᠎ᠡ ᠶ᠋ᠢ ᠨᠢ ᠢᠯᠭᠠᠵᠣ ᠲᠡᠶᠢᠯᠬᠦ ᠦᠵᠡᠭᠳᠡᠯ ᠢᠯᠡᠷᠡᠭᠰᠡᠨ ᠪᠠᠶᠢᠯ᠎ᠠ ᠃ ᠡᠨᠡ ᠨᠢ ᠴᠠᠭ ᠲᠦᠷᠣ ᠣᠯᠠᠷᠢᠯᠳᠠ ᠬᠣᠪᠢᠰᠣᠯ ᠂ ᠬᠦᠮᠣᠰ ‍ᠤᠨ ᠦᠵᠡᠯ ᠣᠬᠠᠮᠰᠠᠷ ᠵᠡᠷᠭᠡ ᠲᠠᠯ᠎ᠠ ᠲᠠᠯ᠎ᠠ ᠶ᠋ᠢᠨ ᠪᠠᠶᠢᠳᠠᠯ ᠡᠴᠠ ᠰᠢᠯᠲᠠᠭᠠᠯᠠᠭᠳᠠᠵᠠᠢ ᠃
ᠭᠡᠪᠡᠴᠦ ᠭᠣᠷᠪᠠᠨᠬᠣᠸᠠᠴᠣᠳ ᠨᠠᠮ ᠵᠠᠰᠠᠭ ‍ᠤᠨ ᠣᠳᠣᠷᠢᠳᠣᠯᠭ᠎ᠠ ᠲᠣᠣᠷ᠎ᠠ ᠴᠦᠬᠦᠷᠡᠰᠢ ᠦᠬᠡᠢ ᠵᠢᠳᠬᠦᠨ ᠴᠢᠷᠮᠠᠶᠢᠵᠣ ᠂ ᠵᠤᠬᠢᠬᠤ ᠦᠷ᠎ᠡ ᠪᠦᠲᠦᠮᠵᠢ ᠤᠯᠤᠭᠰᠠᠭᠠᠷ ᠢᠷᠡᠭᠰᠡᠨ ᠪᠠᠶᠢᠨ᠎ᠠ ᠃ ᠭᠣᠷᠪᠠᠨᠬᠣᠸᠠ ᠰᠣᠮᠣ ᠶ᠋ᠢᠨ ᠬᠢᠨ ᠲᠠᠯᠠᠭᠠᠳ ᠣᠨ ‍ᠤ 《 ᠬᠠᠰᠢᠶ᠎ᠠ ᠲᠣᠭᠣᠷᠢᠭᠣᠯᠣᠨ ᠨᠣᠭᠣᠭᠠᠷᠠᠭᠣᠯᠬᠣ 》 ( ᠨᠡᠶᠢᠳᠡ ᠪᠡᠷ ᠮᠣᠳᠣ ᠵᠠᠶᠢᠯᠠᠬᠣ ) ᠦᠶ᠎ᠡ ᠳ᠋ᠤ ᠰᠣᠮᠣ ᠶ᠋ᠢᠨ ᠰᠠᠭᠣᠭ᠎ᠠ ᠠᠶᠢᠯ ‍ᠤᠨ ᠵᠡᠬᠦᠨ ᠴᠠᠭᠠᠨ ᠮᠠᠡᠭᠬ᠎ᠠ ᠪᠡᠷ ᠲᠦᠪ ᠪᠣᠯᠭᠠᠵᠣ ᠂ ᠬᠣᠶᠢᠰᠢ ᠪᠠᠨ ᠰᠣᠮᠣ ᠶ᠋ᠢᠨ ᠮᠠᠯᠵᠢᠯ ‍ᠤᠨ ᠲᠠᠯᠠᠪᠠᠢ ᠂ ᠰᠢᠨ᠎ᠡ ᠠᠶᠢᠯ ‍ᠤᠨ ᠵᠡᠭᠦᠨᠲᠡᠢ ᠰᠣᠮᠣ ᠶ᠋ᠢᠨ ᠣᠢ ᠮᠣᠳᠣᠨ ᠲᠠᠯᠠᠪᠠᠢ ᠶ᠋ᠢ ᠪᠠᠶᠢᠭᠣᠯᠵᠡᠢ ᠃ ᠡᠶᠢᠨ ᠬᠦ ᠬᠦᠮᠣᠨ ‍ᠤ ᠬᠦᠴᠣ ᠪᠡᠷ ᠮᠣᠳᠣ ᠵᠠᠶᠢᠯᠬᠣ ᠬᠦᠳᠡᠯᠭᠡᠭᠡᠨ ᠦᠷᠨᠢᠬᠦᠯᠪᠡ ᠃ ᠡᠷᠣᠭᠡ ᠶ᠋ᠢᠨ ᠴᠡᠷᠢᠭ ‍ᠢ ᠵᠣᠬᠢᠶᠠᠨ ᠪᠠᠶᠢᠭᠣᠯᠵᠣ ᠂ ᠨᠢᠬᠡ ᠲᠠᠯ᠎ᠠ ᠪᠡᠷ ᠲᠡᠳᠡᠨ ‍ᠢ ᠴᠡᠷᠢᠭ ‍ᠤᠨ ᠪᠣᠯᠪᠠᠰᠣᠷᠠᠯ ᠬᠢᠯᠬᠡᠵᠣ ᠂ ᠨᠦᠬᠦᠬᠡ ᠲᠠᠯ᠎ᠠ ᠪᠡᠷ ᠮᠣᠳᠣ ᠪᠣᠷᠭᠠᠰᠣ ᠵᠠᠶᠢᠯᠠᠭᠣᠯᠣᠭᠰᠠᠨ ᠪᠠᠶᠢᠨ᠎ᠠ ᠃ ᠲᠣᠬᠠᠢ ᠶ᠋ᠢᠨ ᠦᠶ᠎ᠡ ᠶ᠋ᠢᠨ ᠮᠣᠳᠣ ᠪᠣᠷᠭᠠᠰᠣ ᠵᠠᠶᠢᠯᠠᠭᠰᠠᠨ ᠲᠠᠯᠠᠪᠠᠢ ᠨᠢ 1000   ᠮᠦ  ᠳᠦ ᠬᠦᠷᠪᠡ ᠃ ᠬᠠᠷᠢᠶᠠᠳᠣ ᠂ ᠬᠣᠵᠢᠷᠳᠣ ᠂ ᠪᠠᠶᠠᠨᠳᠠᠯ᠎ᠠ ᠂ ᠭᠣᠷᠪᠠᠨᠬᠣᠸᠠ ᠂ ᠣᠯᠠᠭᠠᠨᠪᠣᠯᠣ ᠵᠡᠷᠭᠡ ᠠᠶᠢᠯ ᠲᠣᠰᠬᠣᠨ ‍ᠢ ᠬᠣᠮᠢᠵᠣ  ᠨᠣᠭᠣᠭᠠᠷᠠᠭᠣᠯᠪᠠ ᠃ ᠲᠣᠬᠠᠢ ᠶ᠋ᠢᠨ ᠦᠶ᠎ᠡ ᠳ᠋ᠤ ᠡᠯ᠎ᠡ ᠭᠠᠴᠠᠭ᠎ᠠ ᠲᠣᠰᠬᠣᠨ ᠪᠦᠬᠦᠨ ᠢᠶᠠᠷ ᠢᠶᠡᠨ ᠬᠦᠳᠡᠯᠣᠯᠴᠡᠵᠣ ᠂ ᠨᠡᠶᠢᠳᠡ ᠪᠡᠷ ᠢᠶᠡᠨ ᠮᠣᠳᠣ ᠵᠠᠶᠢᠯᠠᠬᠣ ᠬᠦᠳᠡᠯᠭᠡᠭᠡᠨ ᠳ᠋ᠣ ᠣᠷᠣᠯᠴᠠᠪᠠ ᠃  ᠡᠬᠦᠨ ‍ᠤ ᠵᠢᠱᠢᠶ᠎ᠡ ᠨᠢ ᠄ ᠴᠠᠭᠠᠨᠴᠢᠯᠠᠭᠣ ᠠᠶᠢᠯ ‍ᠤᠨ ᠠᠷᠠᠳ ‍ᠤᠨ  ᠪᠠᠭᠰᠢ  ᠰᠦᠸᠸ  ᠵᠦ  ᠬᠦᠮᠣᠨ ‍ᠤ ᠬᠦᠴᠣ ᠪᠡᠷ ᠮᠣᠳᠣ ᠵᠠᠶᠢᠯᠠᠬᠣ ᠬᠦᠳᠡᠯᠭᠡᠭᠡᠨ  ᠳᠤ ᠢᠳᠡᠪᠬᠢᠲᠠᠢ ᠣᠷᠣᠯᠴᠠᠵᠣ ᠂ ᠰᠣᠷᠣᠭᠴᠢᠳ ᠢᠶᠡᠨ ᠲᠠᠭᠠᠭᠣᠯᠣᠨ ᠮᠣᠳᠣ ᠵᠠᠶᠢᠯᠠᠭᠠᠳ ᠦᠨᠳᠣᠷ ᠦᠨᠡᠯᠡᠯᠳᠡ ᠣᠯᠣᠭᠰᠠᠨ ᠪᠦᠬᠡᠳ ᠣᠳᠣ ᠪᠤᠯᠲᠠᠯ᠎ᠠ ᠵᠠᠶᠢᠯᠠᠭᠰᠠᠨ ᠮᠣᠳᠣ ᠨᠢ  ᠤᠷᠭᠤᠭᠰᠠᠭᠠᠷ ᠪᠤᠢ ᠃ ᠨᠡᠡᠭ ᠲᠣᠷᠠᠳᠣᠭᠣᠰᠢᠲᠠᠢ ᠣᠴᠢᠷ ᠭᠡᠪᠡᠯ 1986 ᠣᠨ -- 1987 ᠣᠨ ᠳ᠋ᠤ ᠦᠪᠣᠷ ᠮᠣᠡᠭᠭᠣᠯ ‍ᠤᠨ ᠲᠠᠷᠢᠶᠠᠯᠠᠡᠭ ‍ᠤᠨ ᠶᠡᠭᠡ ᠰᠣᠷᠭᠠᠭᠣᠯᠢ ᠶ᠋ᠢᠨ ᠣᠢ ᠰᠢᠭᠣᠢ ᠶ᠋ᠢᠨ ᠲᠡᠭᠡᠳᠣ ᠰᠣᠷᠭᠠᠭᠣᠯᠢ ᠶ᠋ᠢᠨ ᠨᠠᠰᠣᠨ ᠫᠷᠤᠹᠸᠰᠰᠤᠷ ᠨᠠᠢᠮᠠᠨ ᠬᠣᠰᠢᠭᠣᠨ  ᠳᠤ ᠲᠦᠷᠪᠡᠯᠵᠢᠯᠡᠨ ᠮᠣᠳᠣ ᠵᠠᠶᠢᠯᠠᠬᠤ ᠰᠢᠨ᠎ᠡ ᠠᠷᠭ᠎ᠠ ᠮᠠᠶᠢᠭ ‍ᠢ ᠡᠬᠦᠳᠴᠣ ᠂ ᠨᠠᠢᠮᠠᠨ ‍ᠤ ᠣᠶᠢᠵᠢᠭᠣᠯᠣᠯᠳᠠ ᠶ᠋ᠢᠨ ᠦᠢᠯᠡᠰ ᠲᠤ ᠰᠢᠨ᠎ᠠ ᠬᠠᠭᠤᠳᠠᠰᠤ ᠪᠢᠴᠢᠭᠯᠡᠭᠰᠡᠨ ᠪᠢᠯᠨ ᠃ ᠡᠬᠦᠨ  ᠳᠤ ᠭᠣᠷᠪᠠᠨᠬᠣᠸᠠ ᠶ᠋ᠢᠨ ᠬᠢᠨ  ᠴᠦ ᠲᠦᠷᠪᠡᠯᠵᠢᠯᠡᠨ ᠮᠣᠳᠣ ᠵᠠᠶᠢᠯᠠᠬᠤ ᠰᠢᠨ᠎ᠡ ᠠᠷᠭ᠎ᠠ ᠮᠠᠶᠢᠭ ‍ᠢ ᠲᠤᠷᠰᠢᠭᠰᠠᠨ ᠪᠠᠶᠢᠨ᠎ᠠ ᠃ 1978 ᠣᠨ  ᠳᠦ ᠪᠦᠬᠦ ᠣᠷᠣᠨ ‍ᠤ ᠲᠣᠬᠠᠢ ᠶ᠋ᠢᠨ ᠠᠬᠤᠢ ᠳ᠋ᠤ ᠲᠣᠷᠰᠢᠯᠭ᠎ᠠ ᠪᠠᠨ ᠰᠣᠯᠢᠯᠴᠠᠬᠤ ᠬᠤᠷᠠᠯ ᠭᠣᠷᠪᠠᠨᠬᠣᠸᠠ ᠰᠣᠮᠣ  ᠳᠦ ᠶᠠᠪᠤᠭᠳᠠᠪᠠ ᠃
ᠦᠬᠡᠷᠡᠴᠢᠯᠡᠯᠳᠡ ᠨᠡᠬᠡᠬᠡᠯᠳᠡ ᠶ᠋ᠢᠨ ᠲᠠᠷᠠᠭ᠎ᠠ ᠂ ᠲᠠᠷᠣᠢ ᠨᠠᠶᠠᠭᠠᠳ ᠣᠨ ‍ᠤ ᠦᠶ᠎ᠡ ᠳ᠋ᠤ ᠬᠡᠨ ᠦᠮᠴᠢᠯᠡᠪᠡᠯ ᠬᠡᠨ ᠠᠰᠢᠭ ᠬᠦᠷᠳᠡᠬᠦ ᠲᠦᠷᠣ ᠶ᠋ᠢᠨ ᠪᠣᠳᠣᠯᠭ᠎ᠠ ᠶ᠋ᠢ ᠰᠡᠷᠬᠦᠬᠡᠨ ᠬᠡᠷᠡᠭᠵᠢᠬᠦᠯᠵᠣ ᠂ ᠣᠯᠣᠰ ‍ᠤᠨ ᠭᠣᠷᠪᠠᠨ ᠣᠮᠠᠷᠠᠳᠣ ᠶ᠋ᠢᠨ ᠪᠦᠰᠡᠯᠡᠬᠦᠷ ‍ᠤᠨ ᠣᠶᠢᠵᠢᠭᠣᠯᠣᠯᠳᠠ ᠶ᠋ᠢᠨ ᠢᠨᠵᠧᠨᠧᠷᠢᠩ ‍ᠤᠨ ᠪᠦᠳᠣᠭᠡᠨ ᠪᠠᠶᠢᠭᠣᠯᠣᠯᠳᠠ ᠶ᠋ᠢᠨ ᠤᠷᠢᠶᠠᠯᠠᠭ᠎ᠠ ᠶ᠋ᠢ ᠦᠨᠳᠣᠰᠣᠯᠡᠵᠣ ᠂ ᠣᠶᠢᠵᠢᠭᠣᠯᠣᠯᠳᠠ ᠶ᠋ᠢᠨ ᠲᠠᠯ᠎ᠠ  ᠳᠦ ᠰᠢᠨ᠎ᠡ ᠲᠣᠬᠢᠷᠠᠭᠣᠯᠣᠯᠳᠠ ᠬᠢᠵᠣ ᠡᠬᠢᠯᠡᠪᠡ ᠃ ᠲᠠᠷᠣᠢ ᠰᠣᠮᠣ ᠡᠴᠠ ᠨᠢᠬᠡᠳᠣᠯᠲᠠᠢ ᠵᠣᠬᠢᠶᠠᠨ ᠪᠠᠶᠢᠭᠣᠯᠵᠣ ᠂ ᠬᠣᠪᠢ ᠬᠦᠮᠣᠨ ᠮᠣᠳᠣ ᠵᠠᠶᠢᠯᠠᠬᠣ ᠶ᠋ᠢ ᠲᠤᠭᠤᠰᠢᠯᠠᠭᠤᠯᠵᠠᠢ ᠃ 1996 ᠣᠨ ᠡᠴᠠ ᠡᠬᠢᠯᠡᠭᠡᠳ 《 5820 》 ᠢᠨᠵᠧᠨᠧᠷᠢᠩ ‍ᠤᠨ ᠮᠣᠳᠣ ᠵᠠᠶᠢᠯᠠᠬᠣ ᠲᠦᠷᠣᠯ  ‍ᠤᠨ ᠮᠣᠳᠣ ᠶ᠋ᠢ ᠡᠬᠢᠯᠡᠨ ᠵᠠᠶᠢᠯᠠᠭᠰᠠᠨ ᠪᠠᠶᠢᠨ᠎ᠠ ᠃ ᠲᠠᠷᠣᠢ ᠮᠠᠰᠢᠨ ᠰᠣᠪᠠᠭ ᠳᠠᠳᠠᠵᠣ ᠂ ᠦᠨᠳᠣᠰᠣ ᠲᠠᠢ ᠪᠠᠷᠢᠮᠵᠢᠶᠠᠳᠣ ᠴᠢᠬᠢ ᠮᠣᠳᠣ ᠰᠠᠭᠣᠯᠭᠠᠬᠣ ᠠᠵᠢᠯᠯᠠᠭᠠᠨ ‍ᠢ ᠦᠷᠨᠢᠬᠦᠯᠵᠡᠢ ᠃ ᠪᠠᠷᠣᠭ ᠵᠢᠯ ᠪᠦᠷᠢ 6  ᠲᠦᠮᠡᠨ  ᠮᠦ ᠣᠶᠢᠵᠢᠭᠣᠯᠣᠭᠰᠠᠨ ᠪᠠᠶᠢᠨ᠎ᠠ ᠃  ᠮᠠᠰᠢᠨ ᠢᠶᠠᠷ ᠰᠣᠪᠠᠭ ᠲᠠᠳᠠᠵᠣ ᠵᠠᠶᠢᠯᠠᠭᠰᠠᠨ ᠮᠣᠳᠣ ᠶ᠋ᠢ ᠬᠤᠰᠢᠭᠤᠨ ‍ᠤ ᠬᠠᠮᠢᠶ᠎ᠠ ᠪᠦᠬᠦᠢ ᠨᠢᠭᠡᠴᠢ ᠡᠴᠠ ᠵᠢᠯ ᠪᠦᠷᠢ ᠪᠠᠶᠢᠴᠠᠭᠠᠨ᠎ᠠ ᠃ ᠬᠢᠷᠢ ᠲᠡᠡᠭᠴᠡᠪᠡᠯ ᠵᠣᠬᠢᠬᠣ ᠨᠦᠬᠦᠪᠦᠷᠢ ᠤᠯᠭᠤᠨ᠎ᠠ ᠃ ᠡᠶᠢᠮᠦᠷᠬᠦᠦ ᠠᠮᠢᠳᠤᠯᠢᠭ ᠲᠦᠷᠣ ᠶ᠋ᠢᠨ ᠪᠣᠳᠣᠯᠭ᠎ᠠ ᠶ᠋ᠢ ᠬᠡᠷᠡᠭᠵᠢᠬᠦᠯᠣᠭᠰᠡᠨ ᠡᠴᠠ ᠠᠷᠠᠳ ᠲᠦᠮᠡᠨ ‍ᠤ ᠢᠳᠡᠪᠬᠢᠵᠢᠯ ‍ᠢ ᠲᠡᠭᠡᠭᠰᠢᠯᠡᠬᠦᠯᠪᠡ ᠃
1997 ᠡᠴᠠ ᠰᠢᠨ᠎ᠡ ᠵᠠᠭᠣᠨ ‍ᠤ ᠡᠬᠢᠨ ᠪᠣᠯᠳᠠᠯ᠎ᠠ ᠵᠠᠰᠠᠭ ‍ᠤᠨ ᠣᠷᠳᠣᠨ ᠡᠴᠠ ᠰᠣᠪᠠᠭ ᠭᠠᠷᠭᠠᠬᠤ ᠪᠠ ᠴᠢᠬᠢ ᠬᠠᠡᠭᠭᠠᠬᠣ  ᠳᠦ 200 ᠲᠦᠮᠡᠨ ᠲᠦᠬᠦᠷᠢᠭ ᠵᠠᠷᠣᠴᠠᠭᠣᠯᠵᠣ ᠂ 20 ᠲᠦᠮᠨᠨ  ᠮᠦ ᠭᠠᠵᠠᠷ  ᠳᠤ 2000 ᠲᠦᠮᠡᠨ ᠰᠠᠭᠤᠷᠢ ᠮᠣᠳᠣ ᠣᠶᠢᠵᠢᠭᠣᠯᠪᠠ ᠃ ᠡᠨᠡ ᠦᠶ᠎ᠡ ᠡᠴᠠ ᠡᠬᠢᠯᠡᠨ ᠣᠢ ᠮᠣᠳᠣ ᠵᠠᠶᠢᠯᠠᠭᠰᠠᠨ ᠲᠠᠯᠠᠪᠠᠢ ᠦᠷᠬᠡᠵᠢᠵᠣ ᠂ ᠣᠯᠠᠨ ᠲᠦᠮᠡᠨ ‍ᠤ ᠢᠳᠡᠪᠬᠢᠵᠢᠯ ᠲᠡᠭᠡᠭᠰᠢᠯᠡᠵᠣ ᠂ ᠨᠣᠳᠣᠭ ᠨᠣᠭᠣᠭᠠᠷᠠᠵᠣ ᠣᠷᠴᠢᠨ ᠠᠬᠣᠢ ᠰᠠᠶᠢᠵᠢᠷᠠᠪᠠ ᠃
ᠰᠢᠨ᠎ᠡ ᠵᠠᠭᠣᠨ ᠡᠴᠠ ᠣᠳᠣ  ᠪᠣᠯᠳᠠᠯᠠᠬᠢ ᠪᠠᠶᠢᠳᠠᠯ ‍ᠢ ᠦᠬᠦᠯᠡᠪᠡᠯ ᠄ ᠠᠮᠢ ᠠᠮᠢᠵᠢᠷᠠᠯ ‍ᠤᠨ ᠨᠣᠭᠣᠭᠠᠨ ᠦᠡᠭᠭᠡ ᠨᠣᠳᠣᠭ ᠶ᠋ᠢᠨ ᠰᠢᠷᠭᠠᠯ ᠬᠦᠷᠣᠰᠣ ᠶ᠋ᠢ ᠬᠤᠴᠢᠵᠤ ᠂ ᠪᠠᠶᠠᠨ ᠴᠢᠨᠡᠭᠡᠯᠢᠭ ᠂ ᠪᠣᠯᠪᠠᠰᠣᠨ ᠬᠦᠴᠣᠷᠭᠡᠭ ᠨᠡᠶᠢᠭᠡᠮ ‍ᠤᠨ ᠬᠡᠰᠢᠭ ᠪᠣᠶᠠᠨ ‍ᠢ ᠳᠠᠯᠠᠯᠵᠤ ᠪᠠᠶᠢᠭ᠎ᠠ ᠠᠵᠢ ᠃ ᠨᠤᠲᠤᠭ ᠣᠰᠣ ᠪᠠᠨ ᠨᠣᠭᠣᠭᠠᠷᠠᠭᠣᠯᠣᠭᠰᠠ ᠲᠠᠯ᠎ᠠ ᠪᠠᠷ ᠭᠤᠷᠪᠠᠡᠬᠤᠸᠠ ᠶ᠋ᠢᠨ ᠬᠢᠨ ᠪᠦᠬᠦ ᠨᠠᠢᠮᠠᠨ ᠬᠣᠰᠢᠭᠣ ᠴᠢᠨᠠᠭᠰᠢᠯᠠᠨ ᠪᠦᠬᠦ ᠠᠶᠢᠮᠠᠭ ᠣᠷᠣᠨ  ᠳᠤ ᠨᠡᠶᠢᠳᠡᠯᠢᠭ ᠵᠢᠱᠢᠶ᠎ᠡ ᠪᠣᠯᠵᠣ ᠪᠤᠯᠤᠨ᠎ᠠ ᠃ 《 ᠦᠪᠣᠷ ᠮᠣᠡᠭᠭᠣᠯ ‍ᠤᠨ ᠣᠢ ᠰᠢᠭᠣᠢ 》 ᠰᠡᠳᠬᠦᠯ   ᠳᠤ 《 ᠡᠯᠡᠰᠣᠨ ᠨᠣᠳᠣᠭ ‍ᠤᠨ ᠭᠠᠵᠠᠷ ᠰᠢᠷᠣᠢ ᠶ᠋ᠢᠨ ᠲᠦᠯᠣᠬᠡ 》 ᠬᠡᠬᠦ ᠮᠡᠳᠡᠭᠡᠯᠡᠯ ‍ᠤᠨ ᠣᠷᠠᠨ ᠵᠣᠬᠢᠶᠠᠯ ᠨᠡᠶᠢᠳᠡᠯᠡᠵᠣ ᠂ ᠭᠣᠷᠪᠠᠨᠬᠣᠸᠠ ᠨᠣᠳᠣᠭ ‍ᠤᠨ ᠣᠶᠢᠵᠢᠭᠣᠯᠣᠯᠳᠠ ᠨᠣᠭᠣᠭᠠᠷᠠᠭᠣᠯᠣᠯᠳᠠ ᠂ ᠣᠷᠴᠢᠨ ᠠᠬᠣᠢ ᠪᠠᠨ ᠵᠠᠰᠠᠭᠰᠠᠨ ᠪᠠᠶᠢᠳᠠᠯ ‍ᠢ ᠪᠦᠬᠦ ᠲᠠᠯ᠎ᠠ ᠪᠡᠷ ᠲᠣᠰᠬᠠᠵᠡᠢ ᠃ 2004 ᠣᠨ  ᠳᠤ ᠪᠦᠬᠦ ᠣᠯᠣᠰ ‍ᠤᠨ ᠣᠷᠴᠢᠨ ᠲᠣᠭᠣᠷᠢᠨ ‍ᠤ ᠬᠠᠮᠠᠭᠠᠯᠠᠯᠳᠠ ᠶ᠋ᠢᠨ ᠠᠬᠤᠢ ᠬᠣᠷᠠᠯ ᠭᠣᠷᠪᠠᠨᠬᠣᠸᠠ  ᠳᠤ ᠬᠣᠷᠠᠯᠳᠣᠵᠣ ᠂ ᠣᠯᠣᠰ ᠂ ᠣᠷᠣᠨ ᠂ ᠬᠣᠳᠠ ᠶ᠋ᠢᠨ ᠣᠳᠣᠷᠢᠳᠣᠯᠭ᠎ᠠ ᠨᠠᠷ ‍ᠤᠨ ᠲᠡᠭᠡᠳᠣ ᠬᠡᠮᠵᠢᠶᠡᠨ ‍ᠤ ᠦᠨᠡᠯᠡᠯᠳᠡ ᠶ᠋ᠢ ᠤᠯᠪᠠ ᠃
2000 -- 2011 ᠣᠨ ᠪᠤᠯᠲᠠᠯ᠎ᠠ ᠬᠦᠮᠣᠨ ‍ᠤ ᠬᠦᠴᠣ  ᠪᠡᠷ 30 ᠲᠦᠮᠡᠨ  ᠮᠦ ᠮᠣᠳᠣ ᠵᠠᠶᠢᠯᠠᠵᠣ ᠂ ᠨᠢᠰᠬᠡᠯ ᠢᠶᠠᠷ 8 ᠲᠦᠮᠡ 5 ᠮᠢᠡᠭᠭᠠᠨ  ᠮᠦ ᠬᠠᠷᠭᠠᠨ᠎ᠡ ᠲᠠᠷᠢᠵᠣ ᠂ ᠬᠦᠮᠣᠨ ‍ᠤ ᠬᠦᠴᠣ ᠪᠡᠷ 5 ᠲᠦᠮᠡ 2 ᠮᠢᠡᠭᠭᠠᠨ  ᠮᠦ ᠡᠪᠡᠰᠣ ᠲᠠᠷᠢᠵᠤ ᠂ ᠡᠯᠡᠰᠣ ᠶ᠋ᠢ ᠪᠢᠳᠡᠬᠦᠮᠵᠢᠯᠡᠨ ᠣᠶᠢᠵᠢᠭᠣᠯᠣᠭᠰᠠᠨ ᠲᠠᠯᠠᠪᠠᠢ ᠨᠢ 26 ᠲᠦᠮᠡᠨ  ᠮᠦ  ᠳᠦ ᠬᠦᠷᠴᠡᠢ ᠃

ᠠᠷᠠᠯᠵᠢᠶ᠎ᠠ ᠬᠣᠳᠠᠯᠳᠣᠭ᠎ᠠ

ᠠᠷᠠᠳ ‍ᠤᠨ ᠨᠢᠬᠡᠳᠣᠯ ᠪᠠᠶᠢᠭᠣᠯᠣᠭᠳᠠᠬᠣ ᠡᠴᠠ ᠡᠮᠣᠨ᠎ᠡ  ᠭᠤᠷᠪᠠᠨᠬᠤᠸᠠ ᠨᠤᠲᠤᠭ ᠲᠤ ᠪᠦᠷᠢᠨ ᠲᠦᠬᠦᠷ ᠠᠷᠠᠯᠵᠢᠶ᠎ᠠ ᠬᠣᠳᠠᠯᠳᠣᠭ᠎ᠠ ᠬᠡᠵᠣ ᠪᠠᠶᠢᠭ᠎ᠠ ᠦᠬᠡᠢ ᠂ ᠡᠳᠣᠷ ᠲᠣᠳᠣᠮ ‍ᠤᠨ ᠠᠮᠢᠳᠣᠷᠠᠯ ‍ᠤᠨ ᠬᠡᠷᠡᠭᠴᠡᠭᠡ ᠪᠠᠨ ᠬᠣᠷᠢᠭᠠᠳ ᠭᠠᠵᠠᠷ ᠵᠠᠶᠢᠲᠠᠢ ᠵᠠᠡᠭᠭᠤᠤᠲᠠᠢ ᠪᠣᠶᠣ ᠲᠦᠴᠢᠬᠡᠳ ᠭᠠᠵᠠᠷ ᠵᠠᠶᠢᠲᠠᠢ ᠪᠠᠶᠢᠰᠢᠡᠭᠳᠣ ᠪᠠᠯᠭᠠᠰᠤᠨ ᠡᠴᠠ ᠤᠴᠢᠵᠤ ᠬᠣᠳᠠᠯᠳᠣᠨ ᠠᠪᠳᠠᠭ ᠪᠠᠶᠢᠪᠠ ᠃ ᠬᠣᠯᠠ ᠵᠠᠮ ᠶᠠᠪᠣᠵᠣ ᠲᠡᠶᠢᠯᠬᠦ ᠦᠬᠡᠢ ᠨᠢ ᠬᠢᠳᠠᠳ ᠨᠣᠳᠣᠭ ᠡᠴᠠ ᠢᠷᠡᠭᠰᠡᠨ ᠬᠡᠰᠦᠬᠦᠯ ᠮᠠᠶᠢᠮᠠᠶᠢᠴᠢᠨ ᠡᠴᠠ ᠠᠮᠢᠳᠣᠷᠠᠯ ‍ᠤᠨ ᠬᠡᠷᠡᠭᠴᠡᠭᠡ ᠲᠠᠢ ᠵᠦᠢᠯᠡᠰ ᠢᠶᠡᠨ ᠬᠣᠳᠠᠯᠳᠣᠨ ᠠᠪᠴᠣ ᠪᠠᠶᠢᠯ᠎ᠠ ᠃
1958 ᠣᠨ  ᠳᠤ ᠠᠷᠠᠳ ‍ᠤᠨ ᠨᠢᠭᠡᠳᠣᠯ ᠪᠠᠶᠢᠭᠣᠯᠣᠭᠳᠠᠬᠣ ᠶ᠋ᠢ ᠲᠠᠭᠠᠯᠳᠣᠨ ᠵᠠᠡᠭᠭᠤᠤᠲᠠᠢ ᠶᠡᠷᠣᠡᠭᠬᠡᠢ ᠬᠣᠳᠠᠯᠳᠣᠭ᠎ᠠ ᠡᠴᠠ ᠠᠷᠪᠠᠭᠠᠳ ᠬᠦᠮᠣᠨ ᠭᠣᠷᠪᠠᠨᠬᠣᠸᠠ ᠳᠤ ᠢᠷᠡᠵᠣ  ᠂ ᠬᠠᠡᠭᠭᠠᠯᠭ᠎ᠠ ᠶ᠋ᠢᠨ ᠬᠣᠷᠰᠢᠶ᠎ᠠ ᠪᠠᠶᠢᠭᠣᠯᠬᠣ ᠪᠡᠯᠡᠳᠭᠡᠯ ᠠᠵᠢᠯ ‍ᠢ ᠭᠠᠷᠳᠠᠨ ᠬᠢᠵᠠᠢ ᠃ ᠲᠣᠬᠠᠢ ᠶ᠋ᠢᠨ ᠦᠶ᠎ᠡ ᠳ᠋ᠤ ᠴᠠᠭᠠᠨᠴᠢᠯᠠᠭᠣ ᠂ ᠯᠣᠣᠪᠠᠡᠭᠳᠣ ᠂ ᠬᠠᠳᠠᠭᠣᠬᠣᠭᠣᠯᠠᠢ ᠂ ᠯᠣᠣᠵᠠᠢ ᠠᠯᠭᠠᠭ ᠂ ᠣᠯᠠᠭᠠᠨᠪᠣᠯᠣ  ᠳᠤ  ᠲᠣᠰ ᠲᠣᠰ ᠨᠢᠬᠡ ᠵᠢᠵᠢᠭ ᠬᠠᠡᠭᠭᠠᠯᠭ᠎ᠠ ᠶ᠋ᠢᠨ ᠬᠣᠷᠰᠢᠶ᠎ᠠ ᠪᠠᠶᠢᠵᠡᠢ ᠃ 1960 ᠣᠨ  ᠳᠤ  ᠪᠠᠶᠠᠨᠳᠠᠯ᠎ᠠ  ᠳᠤ ᠶᠡᠷᠣᠡᠭᠬᠡᠢ ᠬᠣᠷᠰᠢᠶ᠎ᠠ  ᠪᠠᠶᠢᠭᠣᠯᠪᠠ ᠃ ᠲᠣᠬᠠᠢ ᠶ᠋ᠢᠨ ᠦᠶ᠎ᠡ  ᠳᠤ 15 ᠬᠦᠮᠣᠨ ᠠᠵᠢᠯᠯᠠᠵᠤ ᠪᠠᠶᠢᠵᠡᠢ ᠃ ᠡᠷᠬᠢᠯᠡᠭᠴᠢ ᠨᠢ ᠨᠢᠡᠭ  ᠬᠦᠸ᠋ᠸ᠋ ᠵᠧᠨ ( ᠬᠢᠳᠠᠳ ᠦᠨᠳᠣᠰᠣᠳᠡᠨ ) ᠬᠡᠮᠡᠬᠦ ᠬᠦᠮᠣᠨ ᠪᠠᠶᠢᠭᠰᠠᠨ ᠪᠢᠯᠨ ᠃ ᠬᠣᠳᠠᠯᠳᠣᠭ᠎ᠠ ᠨᠢ ᠠᠷᠠᠳ ᠲᠦᠮᠡᠨ  ᠳᠦ ᠨᠡᠡᠭ ᠲᠠᠪᠠᠭᠣᠯᠢᠭ ᠨᠦᠬᠦᠴᠡᠯ ‍ᠢ ᠪᠦᠷᠢᠯᠳᠣᠬᠦᠯᠵᠣ ᠦᠭᠭᠦᠭᠰᠡᠨ ᠪᠤᠯᠪᠠᠴᠤ ᠪᠣᠷᠣᠭᠣᠯᠭ᠎ᠠ ᠨᠢ ᠲᠡᠶᠢᠮᠣ ᠦᠡᠳᠦᠷ ᠦᠷ᠎ᠡ ᠠᠰᠢᠭ ᠲᠠᠢ ᠪᠠᠶᠢᠭ᠎ᠠ ᠦᠬᠡᠢ ᠃ ᠵᠢᠷᠠᠭᠠᠳ ᠣᠨ ‍ᠤ ᠰᠡᠬᠦᠯᠴᠢ ᠡᠴᠠ ᠲᠠᠯᠠᠭᠠᠳ ᠣᠨ ᠪᠣᠯᠬᠣ  ᠳᠦ ᠤᠤᠯ ᠨᠢ ᠵᠢᠯ ‍ᠤᠨ ᠪᠤᠷᠤᠯᠠᠭᠤᠯᠭ᠎ᠠ ᠨᠢ 20 ᠲᠦᠮᠡ ᠡᠴᠠ 36 ᠲᠦᠮᠡ ᠪᠠᠶᠢᠭᠰᠠᠨ ᠡᠴᠠ ᠪᠠᠨ 60 ᠲᠦᠮᠡᠨ ᠲᠦᠬᠦᠷᠢᠭ ᠬᠦᠷᠪᠡ ᠃
1969  ᠣᠨ  ᠳᠦ ᠭᠡᠰᠢᠭᠳᠣᠬᠦᠷᠡᠡᠭ ᠡᠨᠡ ᠬᠦ ᠶᠡᠷᠣᠡᠭᠬᠡᠢ ᠬᠣᠷᠰᠢᠶᠠᠨ ᠳᠦ ᠲᠦᠷ ᠴᠠᠭ ‍ᠤᠨ ᠠᠵᠢᠯᠳᠡᠨ ᠢᠶᠠᠷ ᠢᠷᠡᠵᠦ ᠠᠵᠢᠯᠯᠠᠭᠰᠠᠨ ᠢᠶᠡᠨ ᠦᠬᠡᠷᠡᠴᠢᠯᠡᠯᠳᠡ ᠨᠡᠬᠡᠬᠡᠯᠳᠡ ᠶ᠋ᠢᠨ ᠦᠶ᠎ᠡ  ᠳᠦ ᠵᠢᠡᠭᠬᠢᠨᠢ ᠠᠵᠢᠯᠳᠡᠨ ᠪᠣᠯᠵᠣ ᠂ 1983 ᠣᠨ  ᠳᠦ ᠶᠡᠷᠣᠡᠭᠬᠡᠢ ᠬᠠᠡᠭᠭᠠᠯᠭ᠎ᠠ ᠶ᠋ᠢᠨ ᠬᠣᠷᠰᠢᠶᠠᠨ ‍ᠤ ᠡᠷᠬᠢᠯᠡᠭᠴᠢ ᠪᠣᠯᠪᠠ ᠃ ᠡᠬᠦᠨ ᠡᠴᠠ ᠡᠬᠢᠯᠡᠨ ᠶᠡᠷᠣᠡᠭᠬᠡᠢ ᠬᠠᠡᠭᠭᠠᠯᠭ᠎ᠠ ᠶ᠋ᠢᠨ ᠬᠣᠷᠰᠢᠶ᠎ᠠ ᠶ᠋ᠢᠨ ᠵᠢᠯ ‍ᠤᠨ ᠪᠣᠷᠣᠭᠣᠯᠭ᠎ᠠ ᠨᠢ 100 ᠲᠦᠮᠨᠨ ᠲᠦᠬᠦᠷᠢᠭ ᠡᠴᠠ 200 ᠲᠦᠮᠡᠨ ᠲᠦᠬᠦᠷᠢᠭ  ᠲᠤ ᠬᠦᠷᠳᠡᠭ ᠪᠤᠯᠪᠠ ᠃ 1988  ᠂ 1989 ᠂ 1990 ᠣᠨ  ᠳᠤ 500 ᠲᠦᠮᠡᠨ ᠲᠦᠬᠦᠷᠢᠭ ᠲᠤ ᠬᠦᠷᠣᠭᠰᠡᠨ ᠪᠠᠶᠢᠨ᠎ᠠ ᠃ ᠡᠨᠡ ᠦᠶ᠎ᠡ ᠶ᠋ᠢᠨ ᠬᠠᠡᠭᠭᠠᠯᠭ᠎ᠠ ᠨᠢ ᠬᠦᠢᠴᠡᠳ ᠂ ᠲᠦᠷᠣᠯ ᠵᠣᠶᠢᠯ ᠨᠢ ᠣᠯᠠᠨ ᠂ ᠦᠨᠳᠣᠰᠣᠳᠡᠨ ‍ᠤ ᠣᠨᠴᠠᠯᠢᠭ ᠲᠠᠢ ᠪᠠᠶᠢᠭᠰᠠᠨ ᠪᠢᠯᠨ ᠃ ᠮᠦᠨ ᠠᠷᠠᠰᠣ ᠰᠢᠷᠢ ᠂ ᠰᠦ ᠶ᠋ᠢᠨ ᠦᠢᠯᠡᠳᠬᠦᠨ ‍ᠢ ᠭᠠᠳᠠᠭᠰᠢ ᠪᠣᠷᠣᠭᠣᠯᠵᠣ ᠂ ᠦᠬᠡᠷ ᠪᠣᠷᠳᠣᠵᠣ ᠂ ᠰᠢᠶᠠᠡᠭᠭᠠᠡᠭ ᠵᠡᠷᠭᠡ ᠭᠠᠵᠠᠷ  ᠲᠤ ᠬᠦᠷᠭᠡᠵᠣ ᠪᠠᠶᠢᠭᠰᠠᠨ ᠶᠤᠮ ᠃
1993 ᠣᠨ ᠳ᠋ᠤ ᠪᠤᠷᠤᠯᠠᠭᠤᠯᠭ᠎ᠠ ᠨᠢ 600 ᠲᠦᠮᠡᠨ ᠲᠦᠬᠦᠷᠢᠭ ᠲᠤ ᠬᠦᠷᠴᠡᠢ ᠃ 1993 ᠣᠨ  ᠳᠤ ᠬᠡᠰᠢᠭᠳᠣᠬᠦᠷᠡᠡᠭ ᠰᠣᠮᠣ ᠶ᠋ᠢᠨ ᠵᠠᠰᠠᠭ ‍ᠤᠨ ᠣᠷᠳᠣᠨ  ᠳᠤ ᠰᠣᠮᠣ ᠶ᠋ᠢᠨ ᠲᠠᠷᠣᠭ᠎ᠠ ᠪᠡᠷ ᠰᠢᠯᠵᠢᠵᠤ ᠂ 1994 ᠣᠨ ᠡᠴᠠ ᠶᠠᠷᠣᠡᠭᠬᠡᠢ ᠬᠠᠡᠭᠭᠠᠯᠭ᠎ᠠ ᠶ᠋ᠢᠨ ᠬᠣᠷᠰᠢᠶ᠎ᠠ ᠠᠯᠠᠭᠣᠷ ᠠᠭᠠᠵᠢᠮ ᠪᠡᠷ ᠵᠠᠳᠠᠷᠠᠭᠰᠠᠭᠠᠷ ᠪᠠᠶᠢᠭᠠᠳ 1997 ᠣᠨ  ᠳᠤ ᠵᠢᠡᠭᠬᠢᠨᠢ ᠪᠡᠷ ᠵᠠᠳᠠᠷᠠᠪᠠ ᠃ ᠡᠶᠢᠨ ᠬᠦ ᠭᠣᠷᠪᠠᠨᠬᠣᠸᠠ ᠶ᠋ᠢᠨ ᠬᠠᠮᠣᠭ ᠠᠡᠭᠬᠠᠨ ‍ᠤ ᠶᠡᠷᠣᠡᠭᠬᠡᠢ ᠬᠠᠡᠭᠭᠠᠯᠭ᠎ᠠ ᠶ᠋ᠢᠨ ᠬᠣᠷᠰᠢᠶ᠎ᠠ ᠲᠡᠣᠭᠡ ᠪᠣᠯᠣᠨ ᠬᠣᠴᠣᠷᠪᠠ ᠃ ᠡᠨᠡ ᠴᠠᠭ ᠦᠶ᠎ᠡ ᠡᠴᠠ ᠡᠬᠢᠯᠡᠨ ᠭᠣᠷᠪᠠᠨᠬᠣᠸᠠ ᠨᠣᠳᠣᠭ ᠲᠤ ᠬᠣᠪᠢ ᠬᠦᠮᠣᠨ ‍ᠤ ᠡᠵᠡᠡᠭᠨᠡᠭᠰᠡᠨ ᠬᠤᠳᠠᠯᠳᠤᠭ᠎ᠠ ᠪᠤᠢ ᠪᠤᠯᠵᠤ ᠂ ᠢᠳᠡᠭ ᠢᠳᠡᠭ ᠬᠦᠭᠵᠢᠨ ᠪᠠᠳᠠᠷᠠᠪᠠ ᠃
ᠨᠢᠬᠡᠳᠣᠯ  ᠪᠠᠶᠢᠭᠣᠯᠣᠭᠳᠠᠬᠣ ᠦᠶ᠎ᠡ  ᠳᠤ ᠶᠡᠭᠡ ᠬᠣᠷᠰᠢᠶ᠎ᠡ ᠨᠢᠬᠡ ᠂ ᠪᠠᠭ᠎ᠠ ᠬᠣᠳᠠᠯᠳᠣᠭᠠᠨ ‍ᠤ ᠴᠢᠭ ᠲᠠᠪᠤ᠋ ᠪᠠᠶᠢᠭᠰᠠᠨ ᠡᠴᠠ ᠪᠠᠨ ᠰᠢᠨ᠎ᠡ ᠵᠠᠭᠣᠨ ᠪᠣᠯᠬᠣ  ᠳᠤ ᠭᠠᠴᠠᠭ᠎ᠠ ᠲᠣᠰᠬᠣᠨ ᠳ᠋ᠤ ᠲᠡᠭᠰᠢᠳᠭᠡᠭᠡᠳ ᠬᠣᠶᠠᠷ ᠬᠣᠳᠠᠯᠳᠣᠭ᠎ᠠ ᠲᠠᠢ ᠪᠣᠯᠵᠣ ᠂ ᠰᠤᠮᠤᠨ ‍ᠤ ᠰᠠᠭᠤᠷᠢᠰᠢᠯ ᠳ᠋ᠤ ᠠᠷᠪᠠᠭᠠᠳ ᠬᠣᠳᠠᠯᠳᠣᠭ᠎ᠠ ᠲᠠᠢ ᠪᠣᠯᠵᠣ ᠂ ᠪᠦᠬᠦ ᠰᠤᠮᠤᠨ ᠳ᠋ᠤ ᠨᠡᠶᠢᠳᠡ  67 ᠬᠣᠳᠠᠯᠳᠣᠭ᠎ᠠ ᠲᠠᠢ ᠪᠣᠯᠵᠡᠢ ᠃
ᠣᠳᠣ ᠬᠠᠷᠢᠨ ᠬᠣᠪᠢ ᠬᠦᠮᠣᠨ ‍ᠤ ᠬᠣᠳᠠᠯᠳᠣᠭ᠎ᠠ 175 ᠪᠣᠯᠵᠣ ᠂ ᠣᠯᠣᠰ  ᠲᠤ 10 ᠲᠦᠮᠡᠨ ᠲᠦᠬᠦᠷᠢᠭ ‍ᠤᠨ ᠭᠠᠶᠢᠯᠢ ᠶ᠋ᠢᠨ ᠣᠷᠣᠯᠭ᠎ᠠ ᠣᠯᠭᠣᠵᠣ ᠪᠠᠶᠢᠭ᠎ᠠ ᠪᠢᠯᠨ ᠃
ᠡᠬᠦᠨ ᠡᠴᠠ ᠭᠠᠳᠠᠨ᠎ᠠ ᠬᠠᠷ᠎ᠠ ᠨᠠᠭᠣᠷ ‍ᠤᠨ ᠰᠦ ᠪᠣᠯᠪᠠᠰᠣᠷᠠᠭᠣᠯᠬᠣ ᠨᠡᠶᠢᠬᠡᠮᠯᠢᠭ ᠪᠠᠶᠢᠭᠤᠯᠤᠭᠳᠠᠭᠰᠠᠨ ᠨᠢ ᠭᠤᠷᠪᠠᠡᠬᠤᠸᠨ ᠶ᠋ᠢᠨ ᠬᠢᠨ ‍ᠤ ᠪᠠᠰᠠ ᠨᠢᠭᠡᠨ ᠰᠢᠨ᠎ᠡ ᠦᠵᠡᠭᠳᠡᠯ ᠪᠤᠯᠵᠤ ᠪᠠᠶᠢᠭ᠎ᠠ ᠶᠤᠮ ᠃
ᠡᠳᠡᠭᠡᠷ ᠨᠢ ᠮᠣᠡᠭᠭᠣᠯ ᠨᠣᠳᠣᠭ ‍ᠤᠨ ᠠᠷᠠᠳ ᠲᠦᠮᠡᠨ ᠠᠷᠠᠯᠵᠢᠶ᠎ᠡ ᠬᠢᠬᠦ ᠣᠬᠠᠮᠰᠡᠷ ᠲᠠᠢ ᠪᠣᠯᠭᠠᠵᠣ ᠂ ᠵᠠᠬ᠎ᠠ ᠲᠡᠯᠬᠡᠬᠦᠷ ‍ᠤᠨ ᠠᠵᠣ ᠠᠬᠣᠢ ᠲᠠᠢ ᠵᠡᠷᠬᠡᠴᠡᠨ ᠣᠷᠣᠭᠰᠢᠯᠠᠬᠣ ᠪᠤᠯᠤᠭᠰᠠᠨ ‍ᠢ ᠬᠠᠷᠠᠭᠤᠯᠵᠤ ᠪᠤᠢ ᠃

ᠠᠵᠣ ᠠᠬᠣᠶᠢᠯᠠᠯ ᠂ ᠠᠵᠣ ᠦᠢᠯᠡᠳᠪᠣᠷᠢ

ᠵᠢᠷᠠᠭᠠᠳ ᠣᠨ ‍ᠤ ᠡᠬᠢᠨ ᠳ᠋ᠣ ᠪᠠᠶᠢᠭᠣᠯᠣᠭᠳᠠᠭᠰᠠᠨ ᠬᠠᠡᠭᠭᠠᠯᠭ᠎ᠠ ᠶ᠋ᠢᠨ ᠬᠣᠷᠰᠢᠶ᠎ᠠ ᠨᠢ ᠨᠡᠶᠢᠳᠡ ᠪᠠ ᠬᠣᠪᠢ ᠶ᠋ᠢᠨ ᠠᠵᠣ ᠠᠬᠤᠶᠢᠯᠠᠯ ‍ᠤᠨ ᠬᠣᠰᠢᠭᠣᠴᠢ ᠪᠠᠶᠢᠭ᠎ᠠ ᠶᠤᠮ ᠃
ᠡᠳᠦᠬᠡ ᠠᠷᠠᠯᠵᠢᠶᠠᠴᠢᠨ ᠣᠷᠢᠵᠣ ᠪᠡᠯᠡ ᠣᠷᠣᠭᠣᠯᠬᠣ ᠲᠦᠷᠣ ᠶ᠋ᠢᠨ ᠪᠣᠳᠣᠯᠭ᠎ᠠ ᠶ᠋ᠢᠨ ᠲᠣᠶᠠᠭᠠᠯᠠᠯ ᠢᠶᠠᠷ ᠭᠤᠷᠪᠠᠡᠬᠤᠸᠨ ᠰᠤᠮᠤᠨ ᠳ᠋ᠤ 11ᠠᠵᠣ ᠠᠬᠣᠶᠢᠯᠠᠯ ‍ᠤᠨ ᠨᠢᠭᠡᠴᠢ ᠡᠷᠦᠬᠡ ᠪᠠᠨ ᠰᠡᠬᠦᠭᠡᠳ ᠪᠤᠢ ᠃ ᠡᠳᠡᠭᠡᠷ ᠠᠵᠤ ᠠᠬᠤᠶᠢᠯᠠᠯ ‍ᠤᠨ ᠦᠢᠯᠡᠳᠬᠦᠨ ‍ᠤ ᠦᠷᠳᠡᠭ ᠨᠢ 2000 ᠲᠦᠮᠡᠨ ᠲᠦᠬᠦᠷᠢᠭ  ᠲᠤ  ᠬᠦᠷᠴᠣ ᠂ 400 ᠲᠦᠮᠡᠨ ᠲᠦᠬᠦᠷᠢᠭ ‍ᠤᠨ ᠠᠰᠢᠭ ᠡᠬᠦᠳᠴᠦ ᠪᠠᠶᠢᠭ᠎ᠠ ᠪᠢᠯᠨ ᠃
ᠡᠬᠦᠨ ᠳ᠋ᠤ 《 ᠪᠠᠶᠠᠨ ᠲᠡᠯᠡᠭᠡᠢ 》 ᠵᠤᠭᠠᠴᠠᠯ ‍ᠤᠨ ᠺᠣᠮᠫᠠᠨᠢ 2005 ᠣᠨ  ᠳᠤ  ᠪᠠᠶᠢᠭᠤᠯᠤᠭᠳᠠᠪᠠ ᠃ ᠵᠢᠯ  ᠳᠤ 10 ᠲᠦᠮᠡᠨ ᠲᠦᠬᠦᠷᠢᠭ ‍ᠤᠨ ᠣᠷᠣᠯᠭ᠎ᠠ ᠤᠯᠵᠤ ᠪᠤᠢ ᠃ ᠲᠠᠪᠤᠨ ᠵᠢᠯ ‍ᠤᠨ ᠲᠣᠳᠣᠷ᠎ᠠ ᠰᠣᠮᠣᠨ  ᠳᠤ 15 ᠲᠦᠮᠡᠨ ᠲᠦᠬᠦᠷᠢᠭ ‍ᠤᠨ ᠣᠷᠣᠯᠭ᠎ᠠ ᠣᠯᠭᠣᠵᠣ ᠪᠠᠶᠢᠨ᠎ᠠ ᠃  ᠲᠣᠰ ᠺᠣᠮᠫᠠᠨᠢ ᠨᠢ ᠮᠤᠡᠭᠭᠤᠯ ᠦᠡᠳᠦᠰᠦᠲᠡᠨ ‍ᠤ ᠣᠨᠴᠠᠯᠢᠭ ᠢᠶᠠᠷ ᠢᠶᠡᠨ ᠣᠯᠣᠰ ‍ᠤᠨ ᠲᠣᠳᠣᠭᠠᠳᠣ ᠭᠠᠳᠠᠭᠠᠳᠣ ᠳ᠋ᠤ ᠨᠡᠷ᠎ᠡ ᠲᠠᠢ ᠪᠣᠯᠵᠣ ᠂ ᠣᠷᠣᠨ ᠂ ᠬᠣᠳᠠ ᠳ᠋ᠠᠭᠠᠨ ᠠᠯᠳᠠᠷ ᠲᠠᠢ ᠪᠣᠯᠵᠣ ᠪᠣᠢ ᠃ ᠶᠠᠫᠣᠨ ᠂ ᠭᠸᠷᠮᠠᠨ ᠂ ᠠᠮᠸᠷᠢᠺᠠ ᠵᠡᠷᠭᠡ ᠣᠯᠣᠰ ‍ᠤᠨ ᠵᠣᠴᠢᠳ ᠡᠡᠳᠡ ᠰᠠᠭᠠᠲᠠᠵᠤ ᠦᠡᠭᠭᠡᠷᠡᠭᠰᠡᠨ ᠮᠦᠷᠳᠡᠭᠡᠨ ᠶᠠᠫᠣᠨ ‍ᠤ ᠣᠶᠢᠵᠢᠭᠣᠯᠬᠣ ᠶ᠋ᠢ ᠲᠡᠮᠵᠢᠬᠦ ᠬᠦᠮᠣᠰ ᠭᠣᠷᠪᠠᠨ ᠵᠢᠯ ᠲᠠᠷᠠᠭᠠᠯᠠᠨ ᠢᠷᠡᠪᠡ ᠃ ᠣᠯᠣᠰ ‍ᠤᠨ ᠲᠣᠳᠣᠭᠠᠳᠣ  ᠳᠤ  ᠪᠡᠭᠡᠵᠢᠡᠭ ᠂ ᠱᠠᠡᠭᠬᠠᠢ ᠂ ᠭᠣᠸᠠᠡᠭᠵᠸᠣ ᠂ ᠮᠦᠭᠳᠡᠨ ᠵᠡᠷᠭᠡ ᠭᠠᠵᠠᠷ ‍ᠤᠨ ᠬᠦᠮᠣᠰ ᠪᠦᠷ ᠪᠠᠶᠢᠡᠭᠭᠤ ᠰᠠᠭᠠᠲᠠᠳᠠᠭ ᠃ ᠲᠣᠰ ᠺᠣᠮᠫᠠᠨᠢ ᠦᠨᠳᠣᠰᠣᠳᠡᠨ ‍ᠤ ᠰᠣᠶᠣᠯ ᠵᠠᠡᠭᠰᠢᠯ ᠢᠶᠠᠷ ᠦᠳᠬᠡᠨ ᠪᠠᠶᠢᠳᠠᠭ ᠮᠦᠷᠲᠡᠭᠡᠨ ᠦᠪᠡᠷ ᠢᠶᠡᠨ ᠬᠣᠨᠢ ᠂ ᠦᠬᠡᠷ ᠂ ᠲᠡᠮᠡᠭᠡ ᠂ ᠮᠣᠷᠢ ᠲᠡᠵᠢᠬᠡᠵᠣ ᠂ ᠪᠣᠬᠢᠷᠳᠣᠯ ᠦᠬᠡᠢ  ᠰᠢᠮ᠎ᠡ ᠲᠡᠵᠢᠬᠡᠯ ᠲᠠᠢ ᠮᠢᠬ᠎ᠠ ᠨᠣᠭᠣᠭ᠎ᠠ ᠬᠢᠭᠡᠳ ᠵᠢᠮᠢᠰ ‍ᠤᠨ ᠵᠣᠶᠢᠯ ᠬᠠᠡᠭᠭᠠᠵᠣ ᠪᠠᠶᠢᠳᠠᠭ ᠂ ᠲᠡᠷᠨ ᠮᠦᠷᠲᠡᠭᠡᠨ ᠦᠢᠯᠡᠴᠢᠯᠡᠬᠦ ᠤᠪᠤᠷ ᠰᠠᠶᠢᠨ ᠂ ᠵᠤᠴᠢᠳ ᠲᠠᠭᠠᠨ ᠢᠲᠡᠭᠡᠯ ᠨᠠᠶᠢᠳᠠᠪᠤᠷᠢᠲᠠᠢ ᠪᠠᠶᠢᠳᠠᠭ ᠡᠴᠠ ᠲᠦᠷᠪᠡᠨ ᠵᠦᠭ ᠨᠠᠢᠮᠠᠨ ᠵᠣᠪᠬᠢᠰ ‍ᠤᠨ ᠵᠣᠴᠢᠳ ‍ᠢ ᠲᠡᠲᠡᠵᠦ ᠪᠠᠶᠢᠳᠠᠭ ᠠᠵᠢ ᠃
ᠡᠬᠦᠨ ᠡᠴᠠ ᠭᠠᠳᠠᠨ᠎ᠠ ᠨᠠᠢᠮᠠᠨ ᠬᠣᠰᠢᠭᠣᠨ ‍ᠤ 《 ᠮᠸᠢ ᠺᠧ ᠱᠢ 》 ᠪᠣᠷᠳᠣᠭᠣᠷ ‍ᠤᠨ ᠣᠶᠢᠯᠡᠰ ‍ᠤᠨ ᠬᠢᠵᠠᠭᠠᠷᠳᠣ ᠺᠣᠮᠫᠠᠨᠢ ( ᠭᠠᠣᠯᠢ ᠬᠣᠷᠢᠶᠠᠬᠣ ᠦᠬᠡᠢ ᠠᠵᠤ ᠠᠬᠣᠶᠢᠯᠠᠯ ) ᠂ ᠬᠣᠤ ᠲᠢᠶᠠᠨ ᠬᠢᠮᠢ ᠶ᠋ᠢᠨ ᠬᠢᠵᠠᠭᠠᠷᠳᠣ ᠺᠣᠮᠫᠠᠨᠢ ( ᠺᠠᠡᠭ ᠴᠤᠸᠠᠨ ᠦᠢᠯᠡᠳᠪᠣᠷᠢ ) ᠂ ᠨᠠᠢᠮᠠᠨ ᠬᠣᠰᠢᠭᠣᠨ ‍ᠤ ᠲᠦᠡᠭ ᠯᠸ ᠲᠣᠯᠠᠭᠠᠴᠠᠯ ‍ᠤᠨ ᠮᠠᠲ᠋ᠸᠷᠢᠶᠠᠯ ‍ᠤᠨ ᠦᠢᠯᠡᠳᠪᠣᠷᠢ ᠂ ᠵᠢᠨ ᠶᠤᠸᠠᠨ ᠢᠳᠡᠭᠡᠨ ‍ᠤ ᠬᠢᠵᠠᠭᠠᠷᠳᠣ ᠺᠣᠮᠫᠠᠨᠢ ᠪᠠ ᠵᠣᠭᠠᠴᠠᠯ ‍ᠤᠨ ᠺᠣᠮᠫᠠᠨᠢ  ᠂ ᠯᠦᠡᠭ ᠵᠢᠶᠠᠡᠭ ᠭᠦᠸᠸ ᠫᠢᠨ ᠬᠢᠵᠠᠭᠠᠷᠳᠣ ᠺᠣᠮᠫᠠᠨᠢ ᠂ ᠳ᠋ᠦᠡᠭ ᠹᠠᠡᠭ ᠭᠠᠵᠠᠷ ᠰᠢᠷᠣᠢ ᠬᠦᠷᠣᠡᠭᠬᠡ ᠶ᠋ᠢᠨ ᠬᠢᠵᠠᠭᠠᠷᠳᠣ ᠺᠣᠮᠫᠠᠨᠢ ᠂ ᠳ᠋ᠦᠡᠭ ᠹᠸᠡᠭ ᠹᠸᠡᠭ ᠶᠢᠡᠭ ᠰᠠᠯᠬᠢᠨ ᠬᠦᠴᠣ ᠪᠡᠷ ᠴᠠᠬᠢᠯᠭᠠᠨ ᠭᠠᠷᠭᠠᠬᠣ ᠦᠷᠳᠡᠭᠡ ᠂ ᠬᠣᠸᠠ ᠳ᠋ᠢᠶᠡᠨ ᠴᠢᠨ ᠲᠢᠶᠠᠨ ᠰᠠᠯᠬᠢᠨ ‍ᠤ ᠬᠦᠴᠦ ᠪᠠᠷ ᠴᠠᠬᠢᠯᠭᠠᠨ ᠭᠠᠷᠭᠠᠬᠤ ᠦᠷᠳᠡᠭᠡ ᠂ ᠣᠯᠣᠰ ‍ᠤᠨ ᠡᠷᠬᠢᠯᠡᠭᠰᠡᠨ ᠪᠠᠶᠠᠨᠳᠠᠯ᠎ᠠ ‍ᠤᠨ ᠰᠠᠯᠬᠢᠨ ‍ᠤ ᠬᠦᠴᠣ ᠪᠡᠷ ᠴᠠᠬᠢᠯᠭᠠᠨ ᠭᠠᠷᠭᠠᠬᠣ ᠦᠢᠯᠡᠳᠪᠣᠷᠢ ᠂ ᠳ᠋ᠢᠡᠭ ᠬᠣᠡᠭ ᠲᠡᠭᠡᠪᠣᠷᠢ ᠶ᠋ᠢᠨ ᠬᠢᠵᠠᠭᠠᠷᠳᠣ ᠺᠣᠮᠫᠠᠨᠢ ᠵᠡᠷᠭᠡ  ᠨᠢ ᠭᠣᠷᠪᠠᠨᠬᠣᠸᠠ  ᠶ᠋ᠢᠨ ᠠᠵᠣ ᠠᠬᠣᠢ ᠂ ᠠᠷᠠᠳ ‍ᠤᠨ ᠠᠮᠢᠳᠣᠷᠠᠯ ᠳ᠋ᠣ ᠶᠡᠬᠡᠬᠡᠨ ᠨᠡᠮᠡᠷᠢ ᠦᠵᠡᠬᠦᠯᠵᠣ ᠪᠠᠶᠢᠭ᠎ᠠ ᠶᠤᠮ ᠃
 ᠭᠤᠷᠪᠠᠨᠬᠤᠸᠠ ᠶ᠋ᠢᠨ ᠠᠵᠤ ᠦᠢᠯᠡᠳᠪᠣᠷᠢ ᠠᠷᠠᠳ ‍ᠤᠨ ᠨᠢᠬᠡᠳᠣᠯ ᠪᠠᠶᠢᠭᠣᠯᠣᠭᠳᠠᠬᠣ ᠦᠶ᠎ᠡ  ᠳᠤ ᠪᠣᠢ ᠪᠣᠯᠵᠡᠢ ᠃ 1958 ᠣᠨ ᠳ᠋ᠤ ᠠᠷᠠᠳ ‍ᠤᠨ ᠨᠢᠬᠡᠳᠣᠯ ᠡᠴᠠ ᠪᠠᠭ᠎ᠠ ᠬᠡᠮᠵᠢᠶᠡᠨ ‍ᠤ ᠶᠡᠷᠣᠡᠭᠬᠡᠶᠢᠯᠡᠭᠰᠡᠨ ᠦᠢᠯᠡᠳᠪᠣᠷᠢ ᠪᠠᠶᠢᠭᠣᠯᠪᠠ ᠃ ᠲᠣᠬᠠᠢ ᠶ᠋ᠢᠨ ᠦᠶ᠎ᠡ  ᠳᠤ ᠵᠢᠨᠯᠢᠶᠠᠡᠭ ᠬᠡᠰᠡᠨ ᠬᠦᠮᠣᠨ ᠬᠠᠷᠢᠭᠣᠴᠠᠵᠣ ᠪᠠᠶᠢᠵᠡᠢ ᠃ 1959 ᠣᠨ  ᠳᠤ ᠬᠣᠰᠢᠭᠣᠨ ᠡᠴᠠ  ᠬᠣᠯᠣᠰᠣᠳᠠᠢ ᠂ ᠵᠢᠷᠭᠣᠭᠠᠨ ᠪᠠᠶᠢᠰᠢᠡᠭᠳᠣ  ᠳᠤ ᠰᠦ ᠬᠣᠷᠢᠶᠠᠬᠣ ᠴᠢᠭ ᠪᠠᠶᠢᠭᠣᠯᠵᠡᠢ ᠃ 1985 ᠣᠨ  ᠳᠤ  ᠭᠣᠷᠪᠠᠨᠬᠣᠸᠠ ᠰᠣᠮᠣ ᠶ᠋ᠢᠨ ᠵᠠᠰᠠᠭ ‍ᠤᠨ ᠣᠷᠳᠣᠨ ᠡᠴᠠ ᠲᠤᠭᠤᠰᠬ᠎ᠠ ᠶ᠋ᠢᠨ ᠦᠢᠯᠡᠳᠪᠣᠷᠢ ᠪᠠᠶᠢᠭᠣᠯᠵᠣ ᠂ ᠭᠡᠷ ᠪᠠᠷᠢᠯᠭ᠎ᠠ ᠶ᠋ᠢᠨ ᠮᠠᠲ᠋ᠸᠷᠢᠶᠠᠯ ‍ᠢ ᠬᠠᠡᠭᠭᠠᠵᠤ ᠪᠠᠶᠢᠪᠠ ᠃ 2008 ᠣᠨ ᠡᠴᠠ 《 ᠠᠵᠣ ᠦᠢᠯᠡᠳᠪᠣᠷᠢ ᠪᠡᠷ ᠰᠣᠮᠣ ᠪᠠᠨ ᠮᠠᠨᠳᠣᠭᠣᠯᠬᠣ 》 ᠪᠠᠶᠢᠯᠳᠣᠬᠣ ᠪᠣᠳᠣᠯᠭ᠎ᠠ ᠶ᠋ᠢ ᠬᠡᠷᠡᠭᠵᠢᠬᠦᠯᠵᠣ ᠂ ᠣᠷᠣᠨ ᠨᠤᠲᠤᠭ ᠡᠬᠢ ᠪᠠᠶᠠᠯᠢᠭ ᠡᠴᠠ ᠪᠠᠨ ᠡᠭᠦᠰᠴᠤ ᠂ ᠠᠷᠠᠯᠵᠢᠶᠠᠴᠢᠨ ᠣᠷᠢᠵᠣ ᠪᠡᠯᠡ ᠣᠷᠣᠭᠣᠯᠬᠣ ᠬᠦᠴᠣᠨ ᠢᠶᠡᠨ ᠴᠢᠡᠭᠭᠠᠳᠬᠠᠵᠣ ᠂ ᠬᠡᠳᠣᠭᠡᠨ ᠵᠢᠯ ‍ᠤᠨ ᠲᠣᠳᠣᠷ᠎ᠠ ᠲᠡᠭᠡᠷ᠎ᠡ ᠲᠣᠷᠠᠳᠣᠭᠰᠠᠨ ᠠᠵᠣ ᠦᠢᠯᠡᠳᠪᠣᠷᠢ ᠪᠠ ᠠᠵᠣ ᠠᠬᠣᠶᠢᠯᠠᠯ ‍ᠢ ᠨᠣᠳᠣᠭᠰᠢᠭᠣᠯᠵᠡᠢ ᠃

 ᠵᠠᠮ ᠨᠡᠪᠲᠡᠷᠡᠯᠭᠡ

ᠭᠣᠷᠪᠠᠨᠬᠣᠸᠠ ᠰᠣᠮᠣ ᠨᠢ ᠨᠠᠢᠮᠠᠨ ᠬᠣᠰᠢᠭᠣᠨ ‍ᠤ ᠵᠡᠬᠦᠨ ᠡᠮᠣᠨ᠎ᠡ ᠣᠷᠣᠰᠢᠵᠣ ᠂ ᠨᠠᠷᠢᠳ ‍ᠤᠨ ᠭᠣᠣᠯ ‍ᠤᠨ ᠡᠮᠣᠨ᠎ᠡ ᠡᠷᠬᠢ  ᠳᠤ ᠰᠠᠭᠣᠷᠢᠰᠢᠵᠣ ᠪᠣᠢ ᠃ ᠨᠢᠬᠡ ᠵᠠᠭᠣ ᠬᠣᠷᠢᠨ ᠬᠣᠶᠠᠷ ᠲᠦᠮᠡᠨ ᠨᠣᠳᠣᠭ ᠲᠡᠪᠢᠰᠡᠭᠡᠷ ᠲᠡᠭᠡᠷ᠎ᠡ ᠲᠦᠮᠡ ᠭᠠᠷᠣᠢ ᠬᠦᠮᠦᠨ ᠠᠷᠠᠳ ᠵᠤᠪᠠᠬᠤ ᠳ᠋ᠠᠭᠠᠨ ᠵᠤᠪᠠᠵᠤ ᠂ ᠪᠠᠶᠠᠷᠯᠠᠬᠤ ᠳ᠋ᠠᠭᠠᠨ ᠪᠠᠶᠠᠷᠯᠠᠨ ᠠᠵᠤ ᠲᠦᠷᠦᠭᠰᠡᠭᠡᠷ ᠢᠷᠡᠪᠡ ᠃ ᠠᠷᠠᠳ ‍ᠤᠨ ᠨᠢᠬᠡᠳᠣᠯ ᠪᠠᠶᠢᠭᠤᠯᠤᠭᠳᠠᠬᠤ ( 1958 ᠣᠨ  )   ᠳᠤ ᠬᠦᠮᠣᠰ ᠪᠠᠶᠠᠵᠢᠨ ᠴᠢᠨᠡᠭᠡᠯᠢᠭᠵᠢᠬᠦ ᠠᠷᠭ᠎ᠠ ᠵᠠᠮ ᠰᠦᠪᠡᠭᠴᠢᠯᠡᠭᠰᠡᠨ  ᠴᠦ ᠵᠠᠮ ᠨᠡᠪᠳᠡᠷᠡᠯᠭᠡ ᠮᠠᠭᠤᠲᠠᠢ ᠪᠤᠯᠬᠤᠷ ᠰᠠᠨᠠᠭ᠎ᠠ ᠤᠨᠤᠭ᠎ᠠ ᠨᠢ ᠨᠡᠶᠢᠯᠡᠵᠦ ᠦᠭᠭᠦ ᠦᠭᠡᠢ ᠪᠠᠶᠢᠯ᠎ᠠ ᠃ ᠡᠶᠢᠨ ᠬᠦ ᠬᠦᠮᠦᠰ ᠄ 《 ᠮᠠᠨ ‍ᠤ ᠡᠡᠳᠡ ᠵᠠᠮ ᠨᠡᠪᠳᠡᠷᠡᠬᠦ ᠦᠬᠡᠢ ᠂ ᠴᠠᠬᠢᠯᠭᠠᠨ ᠨᠡᠪᠳᠡᠷᠡᠬᠦ ᠦᠬᠡᠢ ᠂ ᠰᠣᠷᠠᠭ ᠴᠢᠮᠡᠭᠡ ᠨᠡᠪᠳᠡᠷᠡᠬᠦ ᠦᠬᠡᠢ 》 ᠬᠡᠵᠣ ᠦᠬᠦᠯᠡᠳᠡᠭ ᠪᠠᠶᠢᠭᠰᠠᠨ ᠪᠢᠯᠡ ᠃
ᠲᠡᠭᠡᠷ᠎ᠡ ᠵᠠᠭᠣᠨ ‍ᠤ ᠨᠠᠶᠠᠭᠠᠳ ᠣᠨ ᠡᠴᠠ ᠡᠬᠢᠯᠡᠨ ᠨᠣᠳᠣᠭ ‍ᠤᠨ ᠬᠦᠮᠣᠰ 《 ᠪᠠᠶᠠᠵᠢᠨ ᠴᠢᠨᠡᠭᠡᠯᠢᠭᠵᠢᠶ᠎ᠡ ᠬᠡᠪᠡᠯ ᠤᠷᠢᠳ ᠢᠶᠠᠷ ᠵᠠᠮ ᠵᠠᠰᠠᠬᠣ ᠴᠢᠬᠣᠯᠠ ᠲᠠᠢ 》 ᠬᠡᠰᠡᠨ ᠪᠣᠷᠣᠭᠵᠢᠭᠣᠨ ᠶᠣᠰᠣ ᠶ᠋ᠢ ᠣᠬᠠᠵᠣ ᠂ ᠣᠷᠳᠣ ᠠᠶᠠᠯᠠᠯ ‍ᠤᠨ ᠵᠠᠮ ᠵᠠᠰᠠᠵᠣ ᠡᠬᠢᠯᠡᠵᠡᠢ ᠃
1982 ᠣᠨ ᠡᠴᠠ ᠡᠬᠢᠯᠡᠨ ᠠᠶᠢᠯ ᠠᠶᠢᠯ ᠡᠴᠠ ᠬᠦᠳᠡᠯᠮᠣᠷᠢ ᠬᠦᠴᠣ ᠲᠠᠳᠠᠨ ᠨᠠᠢᠮᠠᠨ-- ᠭᠣᠷᠪᠠᠨᠬᠣᠸᠠ ᠬᠦᠷᠬᠦ ᠵᠠᠰᠠᠮᠠᠯ ᠵᠠᠮ ‍ᠢ ᠵᠠᠰᠠᠵᠡᠢ ᠃
1987 -- 1988 ᠣᠨ  ᠳᠦ ᠭᠣᠷᠪᠠᠨᠬᠣᠸᠠ ᠡᠴᠠ ᠪᠠᠶᠢᠰᠢᠡᠭᠳᠣ ᠬᠦᠷᠬᠦ ᠵᠠᠮ ᠵᠠᠰᠠᠵᠡᠢ ᠃
1989  ᠣᠨ ᠡᠴᠠ 1996 ᠣᠨ ᠪᠣᠯᠳᠠᠯ᠎ᠠ ᠦᠷᠬᠦᠯᠵᠢᠯᠡᠨ ᠵᠢᠯ ᠵᠢᠯ ᠵᠠᠮ ᠵᠠᠰᠠᠭᠰᠠᠭᠠᠷ ᠪᠠᠶᠢᠵᠡᠢ ᠃ ᠭᠡᠳᠣᠨ ᠦᠶ᠎ᠡ ᠶ᠋ᠢᠨ ᠣᠳᠣᠷᠢᠳᠣᠯᠭ᠎ᠠ ᠪᠠ ᠣᠯᠠᠨ ᠲᠦᠮᠡᠨ ᠵᠠᠮ ᠵᠠᠰᠠᠬᠤ ᠦᠢᠯᠡᠰ ᠲᠤ ᠬᠦᠴᠦ ᠤᠬᠠᠭᠠᠨ ᠢᠶᠠᠷ ᠰᠢᠪᠬᠠᠭᠰᠠᠭᠠᠷ ᠢᠷᠡᠪᠡ ᠃

ᠭᠣᠷᠪᠠᠨᠬᠣᠸᠠ ᠰᠣᠮᠣ ᠶ᠋ᠢᠨ 2001 ᠣᠨ ᠡᠴᠠ ᠨᠠᠭᠠᠰᠢ ᠵᠠᠰᠠᠭᠰᠠᠨ ᠵᠠᠰᠠᠮᠠᠯ ᠵᠠᠮ
 
 ᠴᠠᠭ            ᠱᠣᠭᠣᠮ          ᠵᠠᠮ ᠠᠶᠠᠯᠠᠯ            ᠪᠡᠯᠡ ᠣᠷᠣᠭᠣᠯᠣᠯᠳᠠ ( ᠲᠦᠮᠡᠨ ᠲᠦᠬᠦᠷᠢᠭ )
2003 ᠣᠨ     ᠪᠣᠷᠭᠠᠰᠣᠳᠠᠢ -- ᠳ᠋ᠠ ᠨᠠᠢ  ᠱᠣᠭᠣᠮ    12    182     ᠬᠠᠶᠢᠷ ᠵᠠᠮ
2003 ᠣᠨ     ᠣᠪᠣᠭ᠎ᠠ ᠬᠣᠵᠢᠷ -- ᠭᠦ᠋ ᠴᠢᠶᠣᠣ ᠱᠣᠭᠣᠮ12.8    19         ᠬᠠᠶᠢᠷ ᠵᠠᠮ
2006 ᠣᠨ     ᠳ᠋ᠠ ᠨᠠᠢ ᠱᠣᠭᠣᠮ-- ᠰᠣᠪᠣᠷᠭᠠᠨ ᠲᠠᠯ᠎ᠠ    6.8    122     ᠬᠠᠶᠢᠷ ᠵᠠᠮ
2007 ᠣᠨ     ᠵᠡᠬᠦᠨ ᠬᠠᠷᠠᠭᠠᠲᠤ -- ᠳ᠋ᠠ ᠨᠠᠢ ᠱᠣᠭᠣᠮ    6.8    150     ᠬᠠᠶᠢᠷ ᠵᠠᠮ
2007 ᠣᠨ     ᠠᠭᠳᠠ -- ᠭᠦ᠋ ᠴᠣᠣ ᠱᠣᠭᠣᠮ    6.6    140     ᠬᠠᠶᠢᠷ ᠵᠠᠮ
2008 ᠣᠨ     ᠦᠯᠣᠭᠳᠠᠢ -- ᠳ᠋ᠠ ᠨᠠᠢ ᠱᠣᠭᠣᠮ    5.8    116      ᠬᠠᠶᠢᠷ ᠵᠠᠮ
2008 ᠣᠨ     ᠡᠮᠤᠨ᠎ᠡ ᠲᠦᠬᠦᠷᠢᠭ -- ᠴᠣᠭᠳᠠᠢ    7    140     ᠬᠠᠶᠢᠷ ᠵᠠᠮ
2008 ᠣᠨ      ᠬᠠᠷ᠎ᠠ ᠨᠠᠭᠣᠷ -- ᠳ᠋ᠠ ᠨᠠᠢ ᠱᠣᠭᠣᠮ    5.6    112     ᠬᠠᠶᠢᠷ ᠵᠠᠮ
2008 ᠣᠨ     ᠲᠤᠯᠣᠭᠠᠶᠢᠳᠣ -- ᠳ᠋ᠠ ᠨᠠᠢ ᠱᠣᠭᠣᠮ    6.8    136     ᠬᠠᠶᠢᠷ ᠵᠠᠮ
2008 ᠣᠨ     ᠴᠠᠭᠠᠨᠴᠢᠯᠠᠭᠣ -- ᠭᠦ᠋ ᠰᠠᠨ ᠱᠣᠭᠣᠮ    5    100     ᠬᠠᠷᠢ ᠵᠠᠮ
2008 ᠣᠨ     ᠬᠠᠰᠢᠶᠠᠳᠣ -- ᠪᠣᠷᠭᠠᠰᠣᠳᠠᠢ    29.7    594     ᠬᠠᠶᠢᠷ ᠵᠠᠮ
2008 ᠣᠨ      ᠰᠣᠮᠣ ᠶ᠋ᠢᠨ ᠭᠦ᠋ᠱᠢᠨ ᠱᠣᠭᠣᠮ -- ᠬᠠᠷ᠎ᠠ ᠨᠠᠭᠣᠷ 3.9    78     ᠬᠠᠶᠢᠷ ᠵᠠᠮ
2008 ᠣᠨ     ᠪᠠᠶᠢᠰᠢᠡᠭᠳᠣ -- ᠰᠢᠨ᠎ᠡ ᠠᠶᠢᠯ    2.2    44     ᠬᠠᠶᠢᠷ ᠵᠠᠮ
2008 ᠣᠨ     ᠭᠣᠷᠪᠠᠨᠬᠣᠸᠠ -- ᠰᠠᠨ ᠳ᠋ᠣᠤ ᠸᠠ    3.6    72     ᠬᠠᠶᠢᠷ ᠵᠠᠮ
2009 ᠣᠨ     ᠳ᠋ᠠ ᠨᠠᠢ ᠱᠣᠭᠣᠮ -- ᠶᠦᠡᠭ ᠰᠢᠡᠭ    4.4    88     ᠬᠠᠶᠢᠷ ᠵᠠᠮ
2009 ᠣᠨ     ᠬᠠᠳᠠᠭᠣᠬᠣᠯᠠᠢ -- ᠰᠣᠮᠣ ᠶ᠋ᠢᠨ ᠳ᠋ᠠ ᠨᠠᠢ ᠱᠣᠭᠣᠮ1.8    36     ᠬᠠᠶᠢᠷ ᠵᠠᠮ
2002 ᠣᠨ     ᠳᠠᠴᠠ ᠶ᠋ᠢᠨ ᠲᠠᠯ᠎ᠠ -- ᠭᠣᠷᠪᠠᠨᠬᠣᠸᠠ  35.5     655      ᠴᠠᠷᠳᠠᠮᠠᠯ ᠵᠠᠮ
2007 ᠣᠨ     ᠳ᠋ᠠ ᠨᠠᠢ ᠱᠣᠭᠣᠮ ᠬᠠᠰᠢᠶᠠᠳᠣ --  ᠭᠣᠷᠪᠠᠨᠬᠣᠸᠠ    21.1    1588 ᠴᠠᠷᠳᠠᠮᠠᠯ ᠵᠠᠮ
2009 ᠣᠨ     ᠨᠠᠢᠮᠠᠨ -- ᠭᠣᠷᠪᠠᠨᠬᠣᠸᠠ -- ᠨᠠᠷᠢᠨ ᠵᠠᠰᠠᠮᠠᠯ ᠵᠠᠮ    38    3200      ᠴᠠᠷᠳᠠᠮᠠᠯ ᠵᠠᠮ
2011 ᠣᠨ     ᠨᠠᠢᠮᠠᠨ -- ᠭᠣᠷᠪᠠᠨᠬᠣᠸᠠ -- ᠰᠢᠨ ᠵᠧᠨ ᠵᠠᠰᠠᠮᠠᠯ ᠵᠠᠮ    52    5400       ᠴᠠᠷᠳᠠᠮᠠᠯ ᠵᠠᠮ
2008 ᠣᠨ     ᠭᠣᠷᠪᠠᠨᠬᠣᠸᠠ -- ᠪᠠᠭ᠎ᠠ ᠬᠣᠵᠢᠷ              3    30      ᠬᠠᠶᠢᠷ ᠵᠠᠮ           
2009 ᠣᠨ     ᠭᠦ᠋ ᠰᠠᠨ  ᠱᠣᠭᠣᠮ -- ᠣᠪᠣᠭ᠎ᠠ ᠬᠣᠵᠢᠷᠳᠣ    5    50      ᠬᠠᠶᠢᠷ ᠵᠠᠮ
2009 ᠣᠨ     ᠰᠣᠪᠣᠷᠭᠠᠨ ᠲᠠᠯ᠎ᠠ -- ᠰᠢᠨ᠎ᠡ ᠠᠶᠢᠯ              7    70       ᠬᠠᠶᠢᠷ ᠵᠠᠮ        
2009 ᠣᠨ     ᠦᠯᠣᠡᠭᠳᠠᠢ -- ᠭᠠᠨᠳᠠᠢ -- ᠭᠣᠷᠪᠠᠨᠬᠣᠸᠠ          6.5     65        ᠬᠠᠶᠢᠷ ᠵᠠᠮ
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ