ᠬᠠᠩᠳᠠᠭᠤᠳ · ᠤᠰᠤᠨᠪᠤᠳᠤᠭ ᠦᠨ︿ ︿ ᠭᠤᠷᠪᠠᠨᠬᠤᠸᠠ ﹀ ﹀ ᠨᠤᠮ ᠤᠨ ᠭᠤᠷᠪᠠᠳᠤᠭᠠᠷ ᠨᠠᠶᠢᠷᠠᠭᠤᠯᠤᠯ ᠤᠨ ᠬᠤᠶᠠᠳᠤᠭᠠᠷ ᠬᠡᠰᠡᠭ ‍ᠢ ᠰᠤᠩᠭᠤᠨ ᠰᠢᠯᠵᠢᠭᠦᠯᠪᠡ

ᠣᠩᠰᠢᠭᠰᠠᠨ ᠤᠳᠠᠭ᠎ᠠ ᠄ 7471     ᠨᠡᠶᠢᠳᠡᠯᠡᠭᠰᠡᠨ ᠴᠠᠭ ᠄ 2018/7/6 14:41:34

ᠬᠤᠶᠠᠷ ᠂ ᠲᠠᠷᠢᠶᠠᠯᠠᠩ ᠠᠵᠤ ᠠᠬᠤᠢ

ᠪᠠᠶᠢᠭᠠᠯᠢ ᠶ᠋ᠢᠨ ᠨᠦᠭᠦᠴᠡᠯ

ᠭᠤᠷᠪᠠᠨᠬᠤᠸᠠ ᠰᠤᠮᠤ ᠨᠠᠢᠮᠠᠨ ᠬᠤᠰᠢᠭᠤᠨ ᠤ ᠳᠤᠮᠳᠠ ᠬᠡᠰᠡᠭ ‍ᠤᠨ ᠡᠯᠡᠰᠦᠷᠬᠡᠭ ᠤᠷᠤᠨ ᠳ᠋ᠥ ᠪᠠᠶᠢᠷᠢᠰᠢᠵᠤ ᠂ ᠲᠠᠷᠢᠶᠠᠯᠠᠬᠤ ᠭᠠᠵᠠᠷ  4 ᠲᠦᠮᠡ ᠭᠠᠷᠤᠢ ᠮᠦ ᠪᠠᠶᠢᠳᠠᠭ ᠃ ᠰᠤᠮᠤ ᠶ᠋ᠢᠨ ᠰᠠᠭᠤᠷᠢᠰᠢᠯ ᠪᠤᠯᠬᠤ ᠪᠠᠶᠠᠨᠲᠠᠯ᠎ᠠ ᠭᠠᠴᠠᠭᠠᠨ ᠡᠴᠠ ᠤᠮᠠᠷᠠᠰᠢᠬᠢ ᠲᠡᠷᠢᠶᠠᠨ ᠭᠠᠵᠠᠷ ᠨᠢ ᠨᠠᠷᠢᠳ ‍ᠤᠨ ᠭᠤᠤᠯ ‍ᠤᠨ ᠤᠷᠤᠰᠬᠠᠨ ᠠᠪᠴᠢᠷᠠᠭᠰᠠᠨ ᠦᠩ ᠰᠢᠮᠡᠯᠢᠭ ᠬᠠᠷ᠎ᠠ ᠲᠠᠩ ᠰᠢᠷᠤᠢ ᠪᠠᠶᠢᠭ᠎ᠠ ᠪᠤᠯᠬᠤᠷ ᠲᠠᠷᠢᠶᠠᠨ ᠤ ᠤᠨᠠᠯᠲᠠ ᠰᠠᠶᠢᠨ ᠃ ᠪᠠᠶᠠᠨᠲᠠᠯ᠎ᠠ ᠭᠠᠴᠠᠭ᠎ᠠ ᠪᠠ ᠲᠡᠭᠦᠨ ᠡᠴᠠ ᠡᠮᠦᠨᠡᠰᠢᠬᠢ ᠭᠠᠵᠠᠷ ᠰᠢᠷᠤᠢ ᠶ᠋ᠢᠨ ᠤᠯᠠᠩᠬᠢ ᠨᠢ ᠡᠯᠡᠰᠦᠷᠬᠡᠭ ᠬᠦᠷᠦᠰᠦ ᠪᠠᠶᠢᠭ᠎ᠠ ᠪᠤᠯᠬᠤᠷ ᠲᠡᠷᠢᠶᠠᠨ ‍ᠤ ᠤᠨᠠᠯᠲᠠ ᠪᠠᠷᠤᠭᠲᠠᠢ ᠃
ᠲᠡᠶᠢᠮᠦ ᠡᠴᠠ ᠡᠮᠦᠨ᠎ᠡ ᠬᠡᠰᠡᠭ ᠲᠠᠷᠢᠶᠠᠨ ᠭᠠᠵᠠᠷ ᠨᠢ ᠪᠠᠶᠢᠭᠠᠯᠢ ᠶ᠋ᠢᠨ ᠭᠠᠮᠰᠢᠭ  ᠲᠤ ᠳᠠᠭᠠᠭᠠᠴᠠ ᠪᠠᠷ ᠪᠠᠷᠤᠭᠲᠠᠢ ᠪᠠᠶᠢᠳᠠᠭ ᠃  

 ᠲᠠᠷᠢᠶᠠᠯᠠᠡᠭ ‍ᠤᠨ ᠴᠢᠬᠤᠯᠠ ᠤᠯᠠ ᠮᠦᠷ

ᠲᠠᠷᠢᠶᠠᠯᠠᠩ ᠪᠤᠯ ᠮᠤᠩᠭᠤᠯ ᠦᠨᠳᠦᠰᠦᠲᠡᠨ ᠤ ᠤᠳᠤᠮᠰᠢᠯᠲᠤ ᠠᠵᠤ ᠠᠬᠤᠶᠢᠯᠠᠯ ᠪᠢᠰᠢ ᠂ ᠮᠤᠩᠭᠤᠯᠴᠤᠳ ᠠᠯᠢ ᠡᠷᠲᠡ ᠳ᠋ᠡᠭᠡᠨ ᠶᠠᠭᠠᠬᠢᠵᠣ ᠲᠠᠷᠢᠶᠠᠯᠠᠵᠤ ᠪᠠᠶᠢᠭᠰᠠᠨ ᠲᠤᠬᠠᠢ ᠮᠠᠲ᠋ᠧᠷᠢᠶᠠᠯ ᠤᠯᠲᠠᠭ᠎ᠠ ᠦᠭᠡᠢ ᠃ ᠴᠢᠩ ᠤᠯᠤᠰ ‍ᠤᠨ ᠰᠡᠭᠦᠯᠴᠢ ᠂ ᠢᠷᠭᠡᠨ ᠤᠯᠤᠰ ‍ᠤᠨ ᠡᠬᠢᠨ ᠤ ᠦᠶ᠎ᠡ ᠪᠠᠷ ᠭᠤᠷᠪᠠᠨᠬᠤᠸᠠ ᠨᠤᠲᠤᠭ  ᠲᠤ ᠠᠵᠤ ᠲᠦᠷᠦᠵᠦ ᠪᠠᠶᠢᠭᠰᠠᠨ ᠮᠤᠩᠭᠤᠯᠴᠤᠳ ᠮᠠᠯ ‍ᠤᠨ ᠪᠡᠯᠴᠢᠭᠡᠷ ‍ᠤᠨ ᠵᠠᠭᠠᠭ ᠵᠠᠪᠰᠠᠷ ᠂ ᠪᠤᠷᠤ ᠵᠤ᠋ ᠂ ᠵᠢᠵᠢᠭ ᠳᠤᠪᠤ᠋ ᠳᠤᠪᠤᠴᠠᠭ ‍ᠢᠶ᠋ᠡᠷ ᠮᠤᠩᠭᠤᠯ ᠠᠮᠤ ᠂ ᠰᠠᠭᠠᠭ ‍ᠤᠨ ᠦᠷ᠎ᠡ ᠪᠠᠨ ᠵᠠᠳᠠᠭᠠᠢ ᠰᠠᠴᠤᠵᠤ ᠂ ᠠᠳᠤᠭᠤ ᠪᠤᠶᠤ ᠬᠤᠨᠢ ᠪᠠᠷ ᠭᠢᠰᠭᠢᠭᠦᠯᠦᠨ ᠂ ᠪᠠᠶᠢᠭᠠᠯᠢ ᠶ᠋ᠢᠨ ᠬᠤᠷ᠎ᠠ ᠪᠤᠷᠤᠭᠠᠨ ‍ᠢ ᠲᠦᠰᠢᠵᠦ ᠂ ᠳᠤᠤᠷ᠎ᠠ ᠤᠨᠠᠯᠲᠠ ᠲᠠᠢ ᠲᠠᠷᠢᠶ᠎ᠠ ᠲᠠᠷᠢᠵᠤ ᠪᠠᠶᠢᠭᠰᠠᠨ ᠭᠡᠳᠡᠭ ᠃ ᠵᠠᠷᠢᠮ ᠨᠢ ᠪᠠᠰᠠ ᠵᠠᠳᠠᠭᠠᠢ ᠠᠨᠵᠢᠰᠤ ᠪᠠᠷᠢᠵᠤ ᠪᠠᠶᠢᠭᠰᠠᠨ ᠭᠡᠳᠡᠭ  ᠃ ᠳᠡᠭᠡᠷ᠎ᠡ ᠵᠠᠭᠤᠨ ᠤ ᠡᠬᠢ ᠂  ᠳᠤᠬᠠᠶᠢᠯᠠᠪᠠᠯ 1903 ᠤᠨ ᠳ᠋ᠥ ᠭᠦᠩᠵᠦ ᠳᠠᠭᠠᠵᠤ ᠢᠷᠡᠭᠰᠡᠨ ᠵᠠᠭᠤᠨ ᠤᠪᠤᠭᠲᠤ ᠬᠢᠲᠠᠳ ᠠᠷᠠᠳ ᠱᠠᠨᠳᠦ᠋ᠩ ᠂ ᠾᠧᠪᠧᠢ ᠂ ᠱᠠᠨᠰᠢ ᠵᠡᠷᠭᠡ ᠭᠠᠵᠠᠷ ᠡᠴᠠ ᠨᠠᠢᠮᠠᠨ ᠳ᠋ᠥ ᠤᠷᠤᠵᠤ ᠢᠷᠡᠬᠦ ᠶ᠋ᠢ ᠳᠠᠭᠠᠯᠳᠤᠨ ᠲᠠᠯ᠎ᠠ ᠭᠠᠵᠠᠷ ‍ᠢ ᠶᠡᠬᠡᠪᠡᠷ ᠬᠠᠭᠠᠯᠪᠤᠷᠢᠯᠠᠨ ᠂ ᠱᠠᠩ ᠲᠠᠢ ᠲᠠᠷᠢᠶᠠᠨ ᠳ᠋ᠠᠭᠠᠨ ᠱᠠᠷ ᠬᠦᠯᠦᠵᠦ ᠮᠤᠳᠤᠨ ᠠᠨᠵᠢᠰᠤ ᠭᠦᠶᠦᠯᠭᠡᠨ ᠂ ᠨᠠᠷᠢᠮᠤ ᠂ ᠰᠢᠰᠢ ᠂ ᠡᠷᠳᠡᠨᠢ ᠰᠢᠰᠢ ᠵᠡᠷᠭᠡ ᠲᠠᠷᠢᠮᠠᠯ ᠲᠠᠷᠢᠵᠤ ᠡᠬᠢᠯᠡᠪᠡ ᠃
ᠳᠡᠭᠡᠷ᠎ᠡ ᠵᠠᠭᠤᠨ ᠤ ᠡᠬᠢᠨ ᠳ᠋ᠥ ᠡᠷᠳᠡᠨᠢ ᠰᠢᠰᠢ ᠶ᠋ᠢ ᠠᠡᠭᠬ᠎ᠠ ᠲᠠᠷᠢᠵᠤ ᠪᠠᠶᠢᠬᠤ ᠳ᠋ᠠᠭᠠᠨ ᠵᠤᠨ ᠤ ᠰᠡᠭᠦᠯ ᠨᠠᠮᠤᠷ ‍ᠤᠨ ᠡᠬᠢ ᠪᠠᠷ ᠨᠤᠭᠤᠭᠠᠨ ‍ᠢᠶ᠋ᠡᠷ ᠨᠢ ᠴᠢᠨᠠᠵᠤ ᠢᠳᠡᠳᠡᠭ ᠪᠠᠶᠢᠪᠠ ᠃ ᠬᠠᠲᠠᠭᠤᠷᠠᠪᠠᠯ ᠵᠦᠪᠬᠡᠨ ᠮᠠᠯ ᠭᠠᠬᠠᠢ ᠳ᠋ᠠᠭᠠᠨ ᠪᠦᠬᠦᠯᠢ ᠪᠠᠷ ᠬᠠᠶᠠᠵᠤ ᠦᠭᠬᠦ ᠶ᠋ᠢ ᠮᠡᠳᠡᠬᠦ ᠡᠴᠠ ᠪᠢᠰᠢ ᠭᠤᠯᠢᠷ ᠲᠠᠯᠠᠭᠳᠠᠵᠤ ᠢᠳᠡᠬᠦ ᠂ ᠴᠠᠶᠢᠯᠭᠠᠵᠤ ᠢᠳᠡᠬᠦ ᠂ ᠬᠠᠭᠤᠷᠴᠤ ᠢᠩᠳᠡᠭᠡᠳ ᠵᠠᠷᠮ᠎ᠠ ᠪᠤᠯᠭᠠᠵᠤ ᠢᠳᠡᠬᠦ ᠶ᠋ᠢ ᠮᠡᠳᠡᠬᠦ ᠦᠭᠡᠢ ᠪᠠᠶᠢᠭᠰᠠᠨ ᠭᠡᠳᠡᠭ ᠃
ᠮᠠᠨᠵᠤ ᠤᠯᠤᠰ ᠡᠴᠠ ᠳᠡᠭᠡᠷ᠎ᠡ ᠵᠠᠭᠤᠨ ᠤ ᠭᠤᠴᠢᠭᠠᠳ ᠤᠨ ᠤ ᠡᠬᠢ ᠪᠠᠷ 《 ᠡᠷᠦᠭᠡ ᠶ᠋ᠢ ᠲᠦᠪᠯᠡᠷᠡᠬᠦᠯᠦᠨ ᠲᠤᠰᠬᠤᠨ ᠪᠠᠶᠢᠭᠤᠯᠬᠤ 》 ᠲᠦᠷᠦ ᠶ᠋ᠢᠨ ᠪᠤᠳᠤᠯᠭ᠎ᠠ ᠶ᠋ᠢ ᠶᠠᠪᠤᠭᠤᠯᠵᠤ ᠂ ᠲᠠᠷᠬᠠᠢ ᠰᠠᠭᠤᠵᠤ ᠲᠠᠪᠠ ᠪᠠᠷ ‍ᠢᠶ᠋ᠡᠨ ᠮᠠᠯᠵᠢᠵᠤ ᠪᠠᠶᠢᠭᠰᠠᠨ ᠮᠠᠯᠴᠢᠳ ‍ᠢ  ᠲᠦᠪᠯᠡᠷᠡᠬᠦᠯᠦᠨ ᠰᠠᠭᠤᠷᠢᠰᠢᠭᠤᠯᠵᠤ ᠵᠢᠶᠠᠵᠠᠩ ᠂ ᠪᠤᠤᠵᠠᠩ ‍ᠤᠨ ᠪᠠᠶᠢᠭᠤᠯᠤᠮᠵᠢ ᠶ᠋ᠢ ᠬᠡᠷᠡᠭᠵᠢᠭᠦᠯᠦᠭᠰᠡᠨ ᠤ ᠰᠡᠬᠦᠯᠡᠷ ᠳᠤᠲᠤᠷ᠎ᠠ ᠭᠠᠵᠠᠷ ᠡᠴᠠ ᠲᠡᠷᠢᠶᠡᠴᠢᠨ ᠠᠷᠠᠳ ᠨᠡᠭᠦᠵᠦ ᠢᠷᠡᠭᠡᠳ ᠠᠲᠠᠷ ᠬᠠᠭᠠᠯᠪᠤᠷᠢᠯᠠᠨ ᠰᠠᠭᠤᠷᠢᠰᠢᠵᠤ ᠡᠬᠢᠯᠡᠭᠰᠡᠨ ᠶᠤᠮ ᠃ ᠡᠷᠦᠬᠡ ᠶ᠋ᠢ ᠲᠦᠪᠯᠡᠷᠡᠬᠦᠯᠦᠨ ᠰᠠᠭᠤᠯᠭᠠᠭᠰᠠᠨ ᠤ ᠰᠡᠭᠦᠯᠡᠷ ᠬᠦᠮᠦᠰ ᠲᠠᠷᠢᠶᠠᠯᠠᠩ ‍ᠤᠨ ᠲᠤᠬᠠᠢ ᠳᠦᠭᠦᠮ ᠪᠦᠳᠦᠭᠦᠯᠢᠭ ᠡᠵᠡᠩᠨᠡᠯᠲᠡ ᠪᠠᠨ ᠲᠤᠷᠰᠢᠯᠭ᠎ᠠ ᠪᠤᠯᠭᠠᠨ ᠬᠠᠷᠢᠯᠴᠠᠨ ᠰᠤᠯᠢᠯᠴᠠᠵᠤ ᠂ ᠬᠠᠷᠢᠯᠴᠠᠨ ᠰᠤᠷᠤᠯᠴᠠᠵᠤ ᠂ ᠲᠠᠷᠢᠶᠠᠯᠠᠬᠤ ᠤᠷᠤᠨ ᠤ ᠠᠮᠢᠳᠤᠷᠠᠯ ᠂ ᠲᠠᠷᠢᠶᠠᠯᠠᠬᠤ ᠮᠡᠷᠭᠡᠵᠢᠯ ‍ᠢ ᠢᠳᠡᠭ ᠢᠳᠡᠭ ‍ᠢᠶ᠋ᠡᠷ ᠬᠤᠷᠠᠮᠳᠤᠭᠤᠯᠤᠨ ᠰᠢᠩᠭᠡᠭᠡᠵᠦ ᠂ ᠠᠮᠢᠳᠤᠷᠠᠯ ᠠᠬᠤᠢ ᠳ᠋ᠠᠭᠠᠨ ᠰᠢᠩᠭᠡᠭᠡᠨ ᠬᠡᠷᠡᠭᠵᠢᠭᠦᠯᠵᠤ ᠡᠬᠢᠯᠡᠭᠰᠡᠨ ᠪᠠᠶᠢᠨ᠎ᠠ ᠃
ᠭᠤᠷᠪᠠᠨᠬᠤᠸᠠ ᠶ᠋ᠢᠨ ᠮᠤᠩᠭᠤᠯᠴᠤᠳ ᠲᠠᠷᠢᠶᠠᠯᠠᠬᠤ ᠬᠡᠯᠪᠡᠷᠢ ᠶ᠋ᠢᠨ ᠲᠠᠯ᠎ᠠ ᠪᠠᠷ ᠬᠤᠷ᠎ᠠ ᠪᠤᠷᠤᠭᠠᠨ ‍ᠢ ᠳᠠᠭᠠᠵᠤ ᠂ ᠦᠪᠡᠷ ‍ᠤᠨ ᠬᠤᠷᠢᠶᠠᠵᠤ ᠠᠷᠠᠴᠢᠯᠠᠬᠤ ᠨᠦᠭᠦᠴᠡᠯ ‍ᠢᠶ᠋ᠡᠨ ᠦᠨᠳᠦᠰᠦᠯᠡᠨ ᠂ ᠭᠡᠷ ‍ᠤᠨ ᠢᠶᠡᠨ ᠤᠶᠢᠷ᠎ᠡ ᠤᠷᠴᠢᠮ ‍ᠢᠶ᠋ᠡᠷ ᠭᠠᠵᠠᠷ ᠰᠤᠩᠭᠤᠨ ᠮᠤᠩᠭᠤᠯ ᠠᠮᠤ ᠂ ᠰᠠᠭᠠᠭ ᠂ ᠰᠢᠰᠢ ᠂ ᠨᠠᠷᠢᠮᠤ ᠂ ᠰᠢᠯᠦᠬᠡᠢ ( ᠨᠠᠩᠬᠢ ᠪᠤᠳᠠᠭ᠎ᠠ ) ᠲᠠᠷᠢᠳᠠᠭ ᠃ ᠲᠡᠷᠢᠶᠠᠨ ᠭᠠᠵᠠᠷ ᠨᠢ ᠤᠶᠢᠷ᠎ᠠ ᠳ᠋ᠠᠭᠠᠨ ᠭᠡᠷ ᠡᠴᠠ ᠨᠢ ᠭᠤᠷᠪᠠ ᠲᠠᠪᠤᠨ ᠭᠠᠵᠠᠷ ᠵᠠᠶᠢᠲᠠᠢ ᠂ ᠬᠤᠯᠠ ᠳ᠋ᠠᠭᠠᠨ ᠠᠷᠪᠠ ᠬᠤᠷᠢᠨ ᠭᠠᠵᠠᠷ ᠵᠠᠶᠢᠲᠠᠢ ᠪᠠᠶᠢᠳᠠᠭ ᠠᠵᠢ ᠃  ᠭᠠᠵᠠᠷ ᠠᠭᠤᠵᠢᠮ ᠬᠦᠮᠦᠨ ᠴᠦᠬᠡᠨ ᠪᠤᠯᠬᠤᠷ ᠨᠡᠷ᠎ᠡ ᠴᠤᠤᠲᠠᠢ ᠭᠠᠵᠠᠷ ‍ᠤᠨ ᠡᠵᠡᠨ ᠬᠡᠵᠦ ᠴᠦᠬᠡᠨ ᠂ ᠵᠦᠪᠬᠡᠨ ᠬᠠᠰᠠᠭ ᠲᠡᠷᠭᠡ ᠂ ᠠᠨᠵᠢᠰᠤ ᠱᠠᠷ ‍ᠤᠨ ᠪᠠᠶᠢᠳᠠᠯ ‍ᠢᠶ᠋ᠡᠷ ‍ᠢᠶ᠋ᠡᠨ ᠬᠢᠷᠢ ᠳᠤᠲᠤᠷ᠎ᠠ ᠪᠠᠨ ᠲᠠᠷᠢᠶᠠᠯᠠᠳᠠᠭ ᠪᠠᠶᠢᠪᠠ ᠃ ᠵᠡᠷᠢᠮ ᠲᠡᠷᠭᠡ ᠦᠭᠡᠢ ᠂ ᠱᠠᠷ ᠦᠭᠡᠢ ᠨᠢ ᠠᠮᠢᠳᠤᠷᠠᠯ ᠵᠦᠭᠡᠷ ᠰᠢᠭ ᠪᠤᠶᠤ ᠦᠬᠡᠷ ᠲᠠᠢ ᠂ ᠲᠡᠷᠭᠡ ᠠᠨᠵᠢᠰᠤ ᠲᠠᠢ ᠡᠷᠦᠬᠡ ᠲᠠᠢ ᠬᠦᠴᠦ ᠪᠠᠷ ᠬᠤᠷᠰᠢᠬᠤ ᠪᠤᠶᠤ ᠨᠠᠮᠤᠷ ‍ᠤᠨ ᠬᠤᠷᠢᠶᠠᠯᠲᠠ ᠪᠠᠨ ᠬᠤᠪᠢᠶᠠᠯᠴᠠᠬᠤ ᠬᠡᠯᠪᠡᠷᠢ ᠪᠠᠷ ᠬᠤᠷᠰᠢᠳᠠᠭ ᠪᠠᠶᠢᠭᠰᠠᠨ ᠨᠢ ᠤᠳᠤ ᠪᠤᠳᠤᠪᠠᠯ ᠬᠦᠯᠦᠰᠦᠨ ᠤ ᠬᠦᠮᠦᠨ ᠪᠤᠯᠤᠨ ᠬᠦᠯᠦᠰᠦᠯᠡᠭᠴᠢ ᠶ᠋ᠢᠨ ᠬᠠᠷᠢᠴᠠᠭ᠎ᠠ ᠲᠠᠢ ᠲᠦᠰᠦᠭᠡᠲᠡᠢ ᠃

ᠲᠠᠷᠢᠶᠠᠯᠠᠩ ‍ᠤᠨ ᠬᠦᠭᠵᠢᠯᠲᠡ ᠶ᠋ᠢᠨ ᠲᠤᠶᠢᠮᠤ

ᠭᠤᠷᠪᠠᠨᠬᠤᠸᠠ ᠰᠤᠮᠤ ᠶ᠋ᠢᠨ ᠬᠠᠷᠢᠶᠠᠨ ᠳ᠋ᠠᠬᠢ ᠲᠠᠷᠢᠶᠠᠯᠠᠬᠤ ᠦᠢᠯᠠᠳᠪᠦᠷᠢᠯᠡᠯ ᠨᠢ ᠨᠠᠢᠮᠠᠨ ᠬᠤᠰᠢᠭᠤᠨ ᠤ ᠪᠤᠰᠤᠳ ᠡᠯᠡᠰᠦᠷᠬᠡᠭ ᠨᠤᠲᠤᠭ ‍ᠤᠨ ᠮᠤᠩᠭᠤᠯᠴᠤᠳ ‍ᠤᠨ ᠬᠢ ᠲᠠᠢ ᠠᠳᠠᠯᠢ ᠨᠡᠯᠢᠶᠡᠳ ᠤᠷᠲᠤ ᠤᠳᠠᠭᠠᠨ ᠲᠡᠥᠬᠡ ᠲᠠᠢ ᠃ ᠳᠡᠭᠡᠷ᠎ᠡ ᠵᠠᠭᠤᠨ ᠤ ᠭᠤᠴᠢᠭᠠᠳ ᠤᠨ ᠤ ᠰᠡᠭᠦᠯᠴᠢ ᠪᠤᠯᠲᠠᠯ᠎ᠠ ᠭᠠᠵᠠᠷ ᠨᠤᠲᠤᠭ ‍ᠤᠨ ᠵᠠᠭᠠᠭ ᠬᠢᠵᠠᠭᠠᠷ ᠲᠡᠶᠢᠮᠦ ᠲᠤᠳᠤᠷᠬᠠᠢ ᠪᠢᠰᠢ ᠪᠠᠶᠢᠭᠰᠠᠨ ᠡᠴᠠ ᠲᠠᠷᠢᠶᠠᠯᠠᠩ ‍ᠤᠨ ᠠᠷᠠᠴᠢᠯᠠᠵᠤ ᠬᠤᠷᠢᠶᠠᠬᠤ ᠳ᠋ᠥ ᠳᠦᠭᠦᠮ ‍ᠢ ᠪᠤᠳᠤᠵᠤ ᠂ ᠪᠡᠯᠴᠢᠭᠡᠷ ᠤᠰᠤ ᠪᠠᠨ ᠬᠠᠮᠠᠭᠠᠯᠠᠬᠤ ᠪᠠ ᠮᠠᠯ ᠰᠦᠷᠦᠭ ‍ᠤᠨ ᠪᠡᠴᠢᠭᠡᠷᠯᠡᠭᠦᠯᠬᠦ ᠵᠠᠮ ᠬᠦᠯ ‍ᠢ ᠬᠤᠷᠢᠬᠤ ᠦᠭᠡᠢ ᠪᠠᠷ ᠨᠦᠭᠦᠴᠡᠯ ᠪᠤᠯᠭᠠᠵᠤ ᠂ ᠬᠤᠷ᠎ᠠ ᠪᠤᠷᠤᠭᠠᠨ ‍ᠢ ᠳᠠᠭᠠᠵᠤ ᠲᠠᠷᠢᠶ᠎ᠠ ᠲᠠᠷᠢᠵᠤ ᠪᠠᠶᠢᠭᠰᠠᠨ ᠪᠤᠯᠬᠤᠷ ᠲᠡᠶᠢᠮᠦ ᠲᠤᠭᠲᠠᠪᠤᠷᠢᠲᠠᠢ ᠲᠠᠷᠢᠶᠠᠨ ᠭᠠᠵᠠᠷ ᠭᠡᠵᠦ ᠲᠤᠩ ᠴᠦᠬᠡᠨ ᠪᠠᠶᠢᠵᠠᠢ ᠃
ᠤᠯᠤᠰ ᠪᠠᠶᠢᠭᠤᠯᠤᠭᠳᠠᠭᠰᠠᠨ ᠤ ᠳᠠᠷᠠᠭ᠎ᠠ ᠂ ᠤᠡᠴᠠᠭᠠᠶᠢᠯᠠᠨ ᠠᠷᠠᠳ ‍ᠤᠨ ᠨᠢᠭᠡᠲᠦᠯ ᠪᠠᠶᠢᠭᠤᠯᠤᠭᠳᠠᠭᠰᠠᠨ ᠤ ᠳᠠᠷᠠᠭ᠎ᠠ ᠂ ᠲᠠᠷᠢᠶᠠᠯᠠᠩ ᠦᠢᠯᠡᠳᠪᠦᠷᠢᠯᠡᠯ ᠨᠢ ᠭᠤᠷᠪᠠᠨᠬᠤᠸᠠ ᠨᠤᠲᠤᠭ ‍ᠤᠨ ᠴᠢᠬᠤᠯᠠ ᠠᠵᠤ ᠠᠬᠤᠶᠢᠯᠠᠯ ᠪᠤᠯᠵᠤ ᠂ ᠲᠠᠷᠢᠶᠠᠯᠠᠩ ‍ᠤᠨ ᠦᠢᠯᠡᠳᠪᠦᠷᠢᠯᠡᠯ ᠨᠡᠯᠢᠶᠡᠳ ᠬᠡᠯᠪᠡᠷᠢᠵᠢᠵᠦ ᠂ ᠬᠦᠭᠵᠢᠯᠲᠡ ᠶ᠋ᠢᠨ ᠱᠠᠲᠤᠨ ᠳ᠋ᠠᠭᠠᠨ ᠤᠷᠤᠭᠰᠠᠨ ᠪᠠᠶᠢᠨ᠎ᠠ ᠃
 ᠲᠠᠷᠢᠮᠠᠯ ‍ᠤᠨ ᠵᠦᠢᠯ ᠳ᠋ᠥ ᠡᠷᠳᠡᠨᠢ ᠰᠢᠰᠢ ᠂ ᠰᠢᠰᠢ ᠂ ᠨᠠᠷᠢᠮᠤ ᠪᠠᠷ ᠭᠤᠤᠯᠯᠠᠭᠰᠠᠨ ᠡᠷᠲᠡ ᠶ᠋ᠢᠨ ᠲᠠᠷᠢᠶ᠎ᠠ ᠂ ᠮᠤᠩᠭᠤᠯ ᠠᠮᠤ ᠂ ᠰᠠᠭᠠᠭ ‍ᠢᠶ᠋ᠡᠷ ᠭᠤᠤᠯᠯᠠᠭᠰᠠᠨ ᠤᠷᠤᠢ ᠶ᠋ᠢᠨ ᠲᠠᠷᠢᠶ᠎ᠠ ᠂ ᠡᠯ᠎ᠡ ᠵᠦᠢᠯ ‍ᠤᠨ ᠪᠤᠷᠴᠠᠭ ᠂ ᠡᠷᠡᠨᠳᠡ ᠂ ᠳ᠋ᠠᠭᠤᠸᠠ ᠂ ᠲᠠᠷᠪᠤᠰ ᠮᠡᠲᠦ ᠶ᠋ᠢᠨ ᠠᠵᠤ ᠠᠬᠤᠢ ᠶ᠋ᠢᠨ ᠲᠠᠷᠢᠮᠠᠯ ‍ᠢ ᠨᠡᠶᠢᠲᠡᠮ ᠲᠠᠷᠢᠳᠠᠭ ᠪᠤᠯᠤᠭᠰᠠᠨ ᠪᠦᠭᠡᠳ ᠲᠠᠷᠢᠶᠠᠯᠠᠩ ‍ᠤᠨ ᠪᠦᠲᠦᠭᠡᠨ ᠪᠠᠶᠢᠭᠤᠯᠤᠯᠲᠠ ᠳ᠋ᠥ ᠪᠤᠷᠳᠤᠭᠤᠷ ᠤᠷᠤᠭᠤᠯᠬᠤ ᠂ ᠦᠷ᠎ᠡ ᠰᠤᠩᠭᠤᠬᠤ ᠵᠡᠷᠭᠡ ᠰᠢᠨᠵᠢᠯᠡᠬᠦ ᠤᠬᠠᠭᠠᠨᠴᠢ ᠪᠠᠷ ᠲᠠᠷᠢᠶ᠎ᠠ ᠲᠠᠷᠢᠬᠤ ᠠᠷᠭ᠎ᠠ ᠮᠡᠷᠭᠡᠵᠢᠯ ᠴᠦ ᠠᠭᠠᠵᠢᠮ ‍ᠢᠶ᠋ᠡᠷ ᠡᠬᠢᠯᠡᠨ ᠬᠡᠷᠡᠭᠯᠡᠭᠳᠡᠵᠡᠢ ᠃ 1958 ᠤᠨ ᠤ ᠶᠡᠬᠡ ᠦᠰᠦᠷᠦᠩᠭᠦᠢ ᠳᠠᠪᠰᠢᠯᠲᠠ ᠶ᠋ᠢᠨ ᠦᠶ᠎ᠡ ᠳ᠋ᠥ ᠲᠠᠷᠢᠶ᠎ᠠ ᠤᠰᠤᠯᠠᠬᠤ ᠤᠷᠤᠯᠳᠤᠯᠭ᠎ᠠ ᠴᠦ ᠡᠬᠢᠯᠡᠵᠦ ᠂ ᠴᠠᠭᠠᠨᠴᠢᠯᠠᠭᠤ ᠶ᠋ᠢᠨ ᠳᠤᠪᠤ᠋ ᠶ᠋ᠢᠨ ᠲᠠᠯ᠎ᠠ ᠂ ᠭᠤᠷᠪᠠᠨᠬᠤᠸᠠ ᠶ᠋ᠢᠨ ᠪᠠᠷᠠᠭᠤᠨ ᠬᠤᠶᠢᠲᠤ ᠲᠠᠯ᠎ᠠ ᠵᠡᠷᠭᠡ ᠭᠠᠵᠠᠷ ᠵᠠᠷᠢᠮ ᠶᠡᠬᠡ ᠪᠠᠷᠢᠭᠠᠳᠠ 《 ᠡᠪ ᠬᠠᠮᠲᠤ ᠶ᠋ᠢᠨ ᠦᠵᠡᠯ 》 ᠨᠡᠷᠡᠮᠵᠢᠲᠦ ᠴᠦᠭᠦᠷᠦᠮ ᠮᠠᠯᠲᠠᠵᠤ ᠂ ᠠᠷᠭᠠᠯ ᠬᠤᠵᠤᠤᠯ ‍ᠢᠶ᠋ᠡᠷ ᠲᠦᠯᠡᠰᠢ ᠪᠤᠯᠭᠠᠭᠰᠠᠨ ᠠᠭᠤᠷ ‍ᠤᠨ ᠮᠠᠰᠢᠨ ᠤᠭᠰᠠᠷᠠᠭᠤᠯᠵᠤ ᠤᠰᠤ ᠲᠠᠲᠠᠵᠤ ᠡᠬᠢᠯᠡᠵᠡᠢ ᠃
ᠳᠡᠭᠡᠷ᠎ᠡ ᠵᠠᠭᠤᠨ ᠤ ᠵᠢᠷᠠᠭᠠᠳ ᠤᠨ ᠤ ᠳᠤᠮᠳᠠᠴᠢ ᠪᠠᠷ ᠯᠠ ᠭᠦᠨ ᠤᠰᠤ ᠲᠠᠢ ᠬᠤᠤᠳᠤᠭ  ᠦᠷᠦᠮᠳᠡᠵᠦ᠂ ᠴᠠᠶᠢᠶᠢᠦ  ᠮᠠᠰᠢᠨ ᠤᠭᠰᠠᠷᠠᠭᠤᠯᠵᠤ ᠲᠠᠷᠢᠶ᠎ᠠ ᠤᠰᠤᠯᠠᠵᠤ ᠡᠬᠢᠯᠡᠵᠡᠢ ᠃ ᠭᠡᠪᠡᠴᠦ ᠠᠵᠤ ᠠᠬᠤᠢ ᠂ ᠵᠠᠮ ᠬᠠᠷᠢᠯᠴᠠᠭ᠎ᠠ ᠵᠡᠷᠭᠡ ᠡᠯ᠎ᠠ ᠲᠠᠯ᠎ᠠ ᠶ᠋ᠢᠨ ᠨᠦᠭᠦᠴᠡᠯ ‍ᠤᠨ ᠬᠢᠵᠠᠭᠠᠷᠯᠠᠯ ᠡᠴᠠ ᠪᠤᠯᠵᠤ ᠂ ᠬᠡᠪᠴᠢᠶ᠎ᠡ ᠪᠠᠷ ᠦᠷᠭᠡᠨ ᠪᠢᠰᠢ ᠪᠠᠶᠢᠪᠠ ᠃
ᠵᠢᠷᠠᠭᠠᠳ ᠤᠨ ᠤ ᠰᠡᠭᠦᠯᠴᠢ ᠡᠴᠠ ᠡᠬᠢᠯᠡᠨ 《 ᠲᠠᠷᠢᠶᠠᠯᠠᠩ ᠳ᠋ᠠᠵᠠᠢ ᠡᠴᠠ ᠰᠤᠷᠤᠯᠴᠠᠬᠤ 》 ᠪᠠ 《 ᠠᠮᠤ ᠪᠤᠳᠠᠭ᠎ᠠ ᠪᠠᠷ ᠬᠦᠲᠦᠯᠪᠦᠷᠢ ᠪᠤᠯᠭᠠᠬᠤ 》 ᠵᠢᠯᠤᠭᠤᠳᠤᠯᠭ᠎ᠠ ᠪᠠᠷ ᠭᠤᠷᠪᠠᠨᠬᠤᠸᠠ ᠨᠤᠲᠤᠭ ‍ᠤᠨ ᠠᠷᠠᠳ ᠲᠦᠮᠡᠨ ᠲᠡᠭᠷᠢ ᠭᠠᠵᠠᠷ ᠲᠠᠢ ᠲᠡᠮᠡᠴᠡᠬᠦ ᠵᠤᠷᠢᠭ ᠰᠠᠨᠠᠭ᠎ᠠ ᠪᠠᠷ ᠲᠡᠰᠪᠦᠷᠢ ᠬᠠᠲᠠᠭᠤᠵᠢᠯᠲᠠᠢ ᠠᠵᠢᠯᠯᠠᠵᠤ ᠂ ᠲᠠᠯ᠎ᠠ  ᠵᠤ ᠪᠠᠷ ᠲᠠᠷᠢᠶᠠᠨ ᠭᠠᠵᠠᠷ ᠭᠠᠷᠭᠠᠨ ᠂ ᠠᠮᠤ ᠬᠦᠨᠡᠰᠦ ᠪᠠᠨ ᠦᠪᠡᠷ ‍ᠢᠶ᠋ᠡᠨ ᠬᠠᠩᠭᠠᠬᠤ ᠪᠠᠷ ᠴᠢᠷᠮᠠᠶᠢᠵᠤ ᠪᠠᠶᠢᠪᠠ ᠃ ᠠᠷᠪᠠᠭᠠᠳ ᠵᠢᠯ ‍ᠤᠨ ᠬᠠᠲᠠᠭᠤ ᠴᠢᠷᠮᠠᠶᠢᠯᠭ᠎ᠠ ᠪᠠᠷ ᠳᠠᠮᠵᠢᠨ ᠂ ᠳᠠᠯᠠᠭᠠᠳ ᠤᠨ ᠤ ᠰᠡᠭᠦᠯᠴᠢ ᠪᠤᠯᠬᠤ ᠳ᠋ᠥ ᠪᠦᠬᠦ ᠰᠤᠮᠤᠨ ᠤ ᠠᠮᠤ ᠪᠤᠳᠠᠭᠠᠨ ᠤ ᠶᠡᠷᠦᠩᠬᠡᠢ ᠤᠨᠠᠯᠲᠠ  300 ᠲᠦᠮᠡᠨ ᠵᠢᠩ ᠬᠦᠷᠦᠭᠰᠡᠨ ᠪᠤᠯᠪᠠᠴᠤ ᠤᠯᠤᠰ ᠡᠴᠠ ᠭᠡᠳᠡᠷᠭᠦ ᠪᠤᠷᠤᠯᠠᠭᠤᠯᠬᠤ ᠠᠨᠤ ᠪᠤᠳᠠᠭ᠎ᠠ ᠶ᠋ᠢ ᠮᠦᠨ  300 ᠲᠦᠮᠡᠨ ᠵᠢᠩ ᠬᠡᠷᠡᠭᠰᠡᠵᠦ ᠪᠠᠶᠢᠭᠰᠠᠨ ᠶᠤᠮ ᠃
ᠨᠠᠮ ‍ᠤᠨ ᠠᠷᠪᠠᠨ ᠨᠢᠭᠡᠳᠦᠭᠡᠷ ᠬᠤᠭᠤᠴᠠᠭᠠᠨ ᠤ ᠭᠤᠷᠪᠠᠳᠤᠭᠠᠷ ᠪᠦᠭᠦᠳᠡ ᠬᠤᠷᠠᠯ ‍ᠤᠨ ᠵᠤᠷᠢᠭ ᠰᠠᠨᠠᠭ᠎ᠠ ᠪᠠᠷ ᠳᠠᠭᠠᠭᠠᠴᠢᠯᠠᠯᠲᠠ ᠶ᠋ᠢᠨ ᠳᠦᠷᠢᠮ ‍ᠢ ᠡᠬᠢᠯᠡᠨ ᠬᠡᠷᠡᠭᠵᠢᠭᠦᠯᠵᠦ ᠂ 1983 ᠤᠨ ᠤ ᠦᠶ᠎ᠡ ᠪᠠᠷ ᠲᠠᠷᠢᠶᠠᠯᠠᠩ ‍ᠤᠨ ᠶᠡᠷᠦᠩᠬᠡᠢ ᠤᠨᠠᠯᠲᠠ ᠦᠳᠲᠡᠷ ᠨᠡᠮᠡᠭᠳᠡᠨ 404 ᠲᠦᠮᠡᠨ ᠵᠢᠩ ᠬᠦᠷᠴᠦ  ᠂ 1992 ᠤᠨ ᠪᠤᠯᠬᠤ ᠳ᠋ᠥ 1008 ᠲᠦᠮᠡᠨ ᠵᠢᠩ ᠳ᠋ᠥ ᠬᠦᠷᠴᠦ ᠂ ᠭᠠᠮᠰᠢᠭ ᠶᠡᠬᠡ ᠲᠤᠬᠢᠶᠠᠯᠳᠤᠭᠰᠠᠨ ᠭᠠᠴᠠᠭ᠎ᠠ ᠡᠷᠦᠬᠡ ᠡᠴᠠ ᠪᠤᠰᠤᠳ ᠨᠢ ᠪᠦᠷ ᠦᠪᠡᠷ ‍ᠢ ᠪᠠᠨ ᠬᠠᠩᠭᠠᠬᠤ ᠪᠤᠯᠵᠤ ᠂ ᠤᠯᠤᠰ ‍ᠤᠨ ᠭᠡᠳᠡᠷᠭᠦ  ᠪᠤᠷᠤᠯᠠᠭᠤᠯᠬᠤ ᠠᠮᠤ ᠪᠤᠳᠠᠭ᠎ᠠ ᠂ ᠳᠡᠳᠬᠦᠮᠵᠢ ᠶ᠋ᠢᠨ ᠠᠮᠤ ᠪᠤᠳᠠᠭ᠎ᠠ ᠶ᠋ᠢ ᠵᠦᠪᠬᠡᠨ ᠵᠠᠭᠤ ᠰᠢᠬᠠᠮ ᠲᠦᠮᠡᠨ ᠵᠢᠩ ᠬᠡᠷᠡᠭᠰᠡᠬᠦ ᠪᠤᠯᠵᠠᠢ ᠃
ᠲᠠᠷᠢᠮᠠᠯ ‍ᠤᠨ ᠲᠦᠷᠦᠯ ᠵᠦᠢᠯ ᠳ᠋ᠥ ᠭᠤᠤᠯᠳᠠᠯᠭ᠎ᠠ ᠪᠠᠨ ᠡᠷᠳᠡᠨᠢ ᠰᠢᠰᠢ ᠳᠡᠭᠡᠷ᠎ᠡ ᠲᠠᠯᠪᠢᠵᠤ ᠂ 1983 ᠤᠨ ᠪᠤᠯᠬᠤ ᠳ᠋ᠥ ᠡᠷᠳᠡᠨᠢ ᠰᠢᠰᠢ ᠶ᠋ᠢᠨ ᠶᠡᠷᠦᠩᠬᠡᠢ ᠤᠨᠠᠯᠲᠠ  100 ᠲᠦᠮᠡᠨ ᠵᠢᠩ ᠬᠦᠷᠴᠦ ᠂ 1992 ᠤᠨ ᠪᠤᠯᠬᠤ ᠳ᠋ᠥ  634 ᠲᠦᠮᠡᠨ ᠵᠢᠩ ᠬᠦᠷᠴᠠᠢ ᠃ ᠡᠷᠳᠡᠨᠢ ᠰᠢᠰᠢ ᠨᠢ ᠲᠠᠷᠢᠶᠠᠯᠠᠩ ‍ᠤᠨ ᠭᠤᠤᠯ ᠲᠠᠷᠢᠮᠠᠯ ᠪᠤᠯᠤᠭᠰᠠᠨ ᠤ ᠬᠠᠮᠲᠤ ᠲᠠᠷᠢᠮᠠᠯ ‍ᠤᠨ ᠲᠦᠷᠦᠯ ᠵᠦᠢᠯ ᠴᠦ ᠨᠡᠮᠡᠭᠳᠡᠵᠦ ᠂ ᠪᠤᠭᠤᠳᠠᠢ  21.2 ᠲᠦᠮᠡᠨ ᠵᠢᠩ ᠂ ᠳᠤᠲᠤᠷᠭ᠎ᠠ  28 ᠲᠦᠮᠡᠨ ᠵᠢᠩ ᠳ᠋ᠥ ᠬᠦᠷᠴᠠᠢ ᠃
ᠳᠡᠭᠡᠷ᠎ᠡ ᠵᠠᠭᠤᠨ ᠤ ᠶᠡᠷᠡᠭᠡᠳ ᠤᠨ ᠤ ᠡᠬᠢᠨ ᠡᠴᠠ ᠵᠢᠯ ᠪᠦᠷᠢ ᠶ᠋ᠢᠨ ᠨᠠᠮᠤᠷ ᠪᠠ ᠡᠪᠦᠯ ‍ᠤᠨ ᠤᠯᠠᠷᠢᠯ ‍ᠤᠨ ᠲᠠᠷᠢᠶᠠᠯᠠᠩ ‍ᠤᠨ ᠦᠨᠳᠦᠰᠦᠨ ᠪᠦᠲᠦᠭᠡᠨ ᠪᠠᠶᠢᠭᠤᠯᠤᠯᠲᠠ ᠬᠢᠬᠦ ᠶ᠋ᠢ ᠪᠠᠷᠢᠮᠲᠠᠯᠠᠵᠤ ᠂ ᠬᠤᠷᠢ ᠰᠢᠬᠠᠮ ᠵᠢᠯ ‍ᠤᠨ ᠬᠠᠲᠠᠭᠤᠵᠢᠯᠲᠠᠢ ᠴᠢᠷᠮᠠᠶᠢᠯᠭ᠎ᠠ ᠪᠠᠷ ᠳᠠᠮᠵᠢᠨ ᠂ ᠪᠦᠬᠦ ᠰᠤᠮᠤᠨ ᠤ ᠡᠷᠲᠡ ᠲᠠᠷᠢᠬᠤ ᠲᠠᠷᠢᠶᠠᠨ ᠭᠠᠵᠠᠷ ᠪᠦᠬᠦᠨ ‍ᠢᠶ᠋ᠡᠷ ‍ᠢᠶ᠋ᠡᠨ ᠤᠰᠤᠯᠤᠯᠲᠠ ᠶ᠋ᠢᠨ ᠲᠠᠷᠢᠶ᠎ᠠ ᠪᠤᠯᠵᠤ ᠂ ᠤᠯᠠᠩᠬᠢ ᠭᠠᠴᠠᠭᠠᠨ ᠤ ᠤᠷᠤᠢ ᠶ᠋ᠢᠨ ᠲᠠᠷᠢᠶ᠎ᠠ ᠴᠦ ᠤᠰᠤᠯᠠᠵᠤ ᠪᠤᠯᠬᠤ ᠪᠤᠯᠤᠭᠰᠠᠨ ᠪᠠᠶᠢᠨ᠎ᠠ ᠃
ᠪᠦᠬᠦ ᠰᠤᠮᠤᠨ ᠤ ᠲᠠᠷᠢᠶᠠᠯᠠᠩ ᠠᠵᠤ ᠠᠬᠤᠢ ᠶ᠋ᠢᠨ ᠬᠦᠭᠵᠢᠯᠲᠡ ᠶ᠋ᠢᠨ ᠶᠠᠪᠤᠴᠠ ᠨᠢ ᠳᠠᠷᠤᠢ ᠪᠦᠬᠦ ᠰᠤᠮᠤᠨ ᠤ ᠲᠠᠷᠢᠶᠠᠯᠠᠩ ᠦᠢᠯᠡᠳᠪᠦᠷᠢᠯᠡᠯ ‍ᠤᠨ ᠤᠳᠤᠬᠢᠴᠢᠯᠠᠯᠲᠠ ᠶ᠋ᠢᠨ ᠶᠠᠪᠤᠴᠠ ᠮᠥᠨ ᠃ ᠤᠶᠢᠷ᠎ᠠ ᠶ᠋ᠢᠨ ᠵᠢᠯ ‍ᠤᠳ ᠲᠤ ᠲᠠᠷᠢᠶᠠᠯᠠᠩ ᠠᠵᠤ ᠠᠬᠤᠢ ᠶ᠋ᠢ ᠰᠤᠮᠤᠨ ᠤ ᠨᠠᠮ ᠵᠠᠰᠠᠭ ‍ᠤᠨ ᠭᠤᠤᠯ ᠤᠳᠤᠷᠢᠳᠤᠯᠭ᠎ᠠ ᠨᠠᠷ ᠦᠪᠡᠷ ‍ᠤᠨ ᠪᠡᠶ᠎ᠡ ᠪᠠᠷ ‍ᠢᠶ᠋ᠡᠨ ᠬᠦᠨᠳᠦᠳᠭᠡᠨ ᠦᠵᠡᠵᠦ ᠂ ᠲᠠᠷᠢᠶᠠᠴᠢᠳ  ᠲᠤ ᠠᠰᠢᠭᠲᠠᠢ ᠳᠡᠭᠡᠳᠦ ᠱᠠᠲᠤᠨ ᠤ ᠠᠯᠢ ᠤᠯᠠᠨ ᠲᠦᠷᠦ ᠶ᠋ᠢᠨ ᠪᠤᠳᠤᠯᠭ᠎ᠠ ᠶ᠋ᠢ ᠨᠠᠷᠢᠨ ᠬᠢᠨᠠᠮᠠᠭᠠᠢ ᠲᠤᠭᠤᠰᠢᠯᠠᠭᠤᠯᠤᠨ ᠂ ᠲᠠᠷᠢᠶᠠᠯᠠᠩ ‍ᠤᠨ ᠪᠡᠯᠡ ᠤᠷᠤᠭᠤᠯᠤᠯᠲᠠ ᠶ᠋ᠢ ᠵᠤᠬᠢᠰᠲᠠᠢ ᠳᠡᠭᠡᠭᠡᠭᠰᠢᠯᠡᠭᠦᠯᠵᠦ ᠂ ᠨᠡᠩ ᠢᠯᠠᠩᠭᠤᠶ᠎ᠠ ᠰᠢᠨᠵᠢᠯᠡᠬᠦ ᠤᠬᠠᠭᠠᠨᠴᠢ ᠪᠠᠷ ᠲᠠᠷᠢᠶ᠎ᠠ ᠲᠠᠷᠢᠬᠤ ᠂ ᠲᠠᠷᠢᠶᠠᠯᠠᠩ ‍ᠤᠨ ᠮᠠᠰᠢᠨᠴᠢᠯᠠᠯᠲᠠ ᠶ᠋ᠢ ᠲᠦᠷᠭᠡᠳᠭᠡᠬᠦ ᠶ᠋ᠢ ᠲᠤᠩ ᠴᠢᠬᠤᠯᠠᠴᠢᠯᠠᠨ ᠦᠵᠡᠭᠰᠡᠨ ᠡᠴᠠ ᠡᠯ᠎ᠡ ᠲᠠᠯ᠎ᠠ ᠪᠠᠷ ᠦᠳᠲᠡᠷ ᠳᠡᠭᠡᠭᠰᠢᠯᠡᠭᠰᠡᠨ ᠪᠠᠶᠢᠨ᠎ᠠ ᠃
ᠳᠡᠭᠡᠷ᠎ᠡ ᠵᠠᠭᠤᠨ ᠤ ᠵᠢᠷᠠᠭᠠᠳ ᠤᠨ ᠤ ᠡᠬᠢ ᠪᠤᠯᠲᠠᠯ᠎ᠠ ᠲᠠᠷᠢᠶᠠᠨ ᠦᠷ᠎ᠡ ᠶ᠋ᠢ ᠬᠤᠷᠢᠶᠠᠯᠲᠠ ᠡᠴᠠ ᠪᠠᠨ ᠰᠠᠶᠢᠨ ‍ᠢ ᠨᠢ ᠰᠤᠩᠭᠤᠵᠤ ᠂ ᠢᠷᠡᠬᠦ ᠵᠢᠯ ‍ᠤᠨ ‍ᠢᠶ᠋ᠡᠨ ᠲᠠᠷᠢᠶᠠᠨ ᠦᠷ᠎ᠡ ᠪᠤᠯᠭᠠᠵᠤ ᠪᠠᠶᠢᠪᠠ ᠃ ᠳᠠᠯᠠᠭᠠᠳ ᠤᠨ ᠤ ᠦᠶ᠎ᠡ ᠪᠠᠷ ᠡᠬᠢᠯᠡᠵᠦ ᠲᠤᠰᠬᠠᠢ ᠦᠷ᠎ᠡ ᠶ᠋ᠢᠨ ᠲᠠᠷᠢᠶ᠎ᠠ ᠭᠠᠷᠭᠠᠵᠤ ᠦᠷ᠎ᠡ ᠪᠤᠶᠢᠵᠢᠭᠤᠯᠵᠤ ᠪᠠᠶᠢᠭᠰᠠᠨ ‍ᠢᠶ᠋ᠡᠨ ᠶᠡᠷᠡᠭᠡᠳ ᠤᠨ ᠪᠤᠯᠬᠤ ᠳ᠋ᠤ ᠲᠠᠷᠢᠶᠠᠴᠢᠳ ‍ᠤᠨ ᠲᠠᠷᠢᠶᠠᠨ ‍ᠤ ᠦᠷ᠎ᠡ ᠶ᠋ᠢᠨ ᠲᠤᠬᠠᠢ ᠲᠠᠨᠢᠯᠲᠠ ᠤᠯᠠᠮ ‍ᠢᠶ᠋ᠡᠷ ᠳᠡᠭᠡᠭᠰᠢᠯᠡᠬᠦ ᠶ᠋ᠢ ᠳᠠᠭᠠᠯᠳᠤᠨ ᠰᠢᠯᠢᠳᠡᠭ ᠦᠷ᠎ᠡ ᠰᠤᠩᠭᠤᠵᠤ ᠲᠠᠷᠢᠬᠤ ᠨᠢ ᠨᠢᠭᠡᠨᠲᠡ ᠵᠣᠷᠰᠢᠯ ᠪᠤᠯᠵᠠᠢ ᠃
ᠲᠠᠷᠢᠶᠠᠨ ᠳ᠋ᠥ ᠪᠤᠷᠳᠤᠭᠤᠷ ᠬᠡᠷᠡᠭᠯᠡᠬᠦ ᠲᠠᠯ᠎ᠠ ᠪᠠᠷ ᠶᠠᠷᠢᠪᠠᠯ ᠂ ᠤᠣᠯ ᠨᠢ ᠰᠢᠭᠡᠭ ᠪᠤᠷᠳᠤᠭᠤᠷ ᠬᠡᠷᠡᠭᠯᠡᠵᠦ ᠪᠠᠶᠢᠭᠰᠠᠨ ᠡᠴᠠ ᠪᠠᠨ ᠬᠤᠵᠢᠮ ᠨᠢ ᠬᠢᠮᠢ ᠶ᠋ᠢᠨ ᠪᠤᠷᠳᠤᠭᠤᠷ ᠬᠡᠷᠡᠭᠯᠡᠬᠦ ᠪᠤᠯᠤᠭᠰᠠᠨ ᠪᠠᠶᠢᠨ᠎ᠠ ᠃ 1983 ᠤᠨ ᠳ᠋ᠥ ᠪᠦᠬᠦ ᠰᠤᠮᠤ ᠪᠠᠷ ‍ᠢᠶ᠋ᠡᠨ  4.5 ᠲᠦᠮᠡᠨ ᠵᠢᠩ ᠬᠢᠮᠢ ᠶ᠋ᠢᠨ ᠪᠤᠷᠳᠤᠭᠤᠷ ᠬᠡᠷᠡᠭᠯᠡᠵᠦ ᠪᠠᠶᠢᠭᠰᠠᠨ ᠪᠤᠯ ᠤᠳᠤ ᠠᠷᠪᠠᠨ ᠡᠷᠦᠬᠡ ᠳ᠋ᠥ ᠴᠦ ᠬᠡᠷᠡᠭᠯᠡᠵᠦ ᠭᠦᠢᠴᠡᠬᠦ ᠦᠭᠡᠢ ᠪᠤᠯᠤᠭᠰᠠᠨ ᠪᠠᠶᠢᠨ᠎ᠠ ᠃ ᠰᠢᠭᠡᠭ ᠪᠤᠷᠳᠤᠭᠤᠷ ‍ᠤᠨ ᠬᠡᠷᠡᠭᠯᠡᠭᠡᠨ ᠴᠦ ᠶᠠᠪᠤᠬᠤ ᠳᠤᠲᠤᠮ ᠨᠡᠮᠡᠭᠳᠡᠨ ᠂ 1983 ᠤᠨ ᠳ᠋ᠥ ᠪᠦᠬᠦ ᠰᠤᠮᠤ ᠪᠠᠷ ‍ᠢᠶ᠋ᠡᠨ  2000 ᠲᠦᠮᠡᠨ ᠵᠢᠩ ᠬᠡᠷᠡᠭᠯᠡᠵᠦ ᠪᠠᠶᠢᠭᠰᠠᠨ ‍ᠢᠶ᠋ᠡᠨ  1992 ᠤᠨ ᠪᠤᠯᠬᠤ ᠳ᠋ᠥ  5500 ᠲᠦᠮᠡᠨ ᠵᠢᠩ ᠬᠡᠷᠡᠭᠯᠡᠬᠦ ᠪᠤᠯᠵᠤ ᠂ ᠤᠳᠤ ᠪᠤᠯᠬᠤ ᠳ᠋ᠥ  1.2 ᠳ᠋ᠦᠩᠰᠢᠭᠤᠷ ᠵᠢᠩ ᠳ᠋ᠥ  ᠬᠦᠷᠦᠭᠰᠡᠨ ᠪᠠᠶᠢᠨ᠎ᠠ ᠃
ᠲᠠᠷᠢᠶᠠᠯᠠᠩ ‍ᠤᠨ ᠮᠠᠰᠢᠡᠴᠢᠯᠡᠯᠲᠡ ᠶ᠋ᠢᠨ ᠲᠠᠯ᠎ᠠ ᠪᠠᠷ ᠬᠢ ᠤᠶᠢᠷ᠎ᠠ ᠶ᠋ᠢᠨ ᠠᠷᠪᠠᠨ ᠵᠢᠯ ‍ᠤᠨ ᠬᠦᠭᠵᠢᠯᠲᠡ ᠬᠦᠮᠦᠰ ‍ᠢ ᠰᠤᠴᠢᠭᠠᠮ᠎ᠠ ᠲᠦᠷᠭᠡᠨ ᠪᠠᠶᠢᠵᠤ ᠂ ᠳᠡᠭᠡᠷ᠎ᠡ ᠵᠠᠭᠤᠨ ᠤ ᠶᠡᠷᠡᠭᠡᠳ ᠤᠨ ᠤ ᠳᠤᠮᠳᠠᠴᠢ ᠪᠠᠷ ᠪᠦᠬᠦ ᠰᠤᠮᠤ ᠳ᠋ᠥ ᠬᠤᠪᠢ ᠬᠦᠮᠦᠨ ᠤ ᠳᠦᠷᠪᠡᠨ ᠬᠦᠷᠳᠦᠳᠦ ᠵᠢᠵᠢᠭ ᠲᠸᠷᠺᠲ᠋ᠤᠷ ᠠᠷᠪᠠ ᠬᠦᠷᠬᠦ ᠦᠭᠡᠢ ᠪᠠᠶᠢᠭᠰᠠᠨ ‍ᠢᠶ᠋ᠡᠨ ᠤᠳᠤ ᠳᠤᠮᠳᠠ ᠪᠠᠭ᠎ᠠ ᠬᠡᠯᠪᠡᠷᠢ ᠶ᠋ᠢᠨ ᠲᠷᠺᠲ᠋ᠤᠷ  2200 ᠭᠠᠷᠤᠢ ᠪᠤᠯᠵᠤ ᠂ ᠲᠤᠮᠤ ᠬᠡᠯᠪᠡᠷᠢ ᠶ᠋ᠢᠨ ᠲᠠᠷᠢᠶᠠᠯᠠᠬᠤ ᠮᠠᠰᠢᠨ 18 ᠰᠠᠭᠤᠷᠢ ᠳ᠋ᠥ ᠬᠦᠷᠪᠡ ᠃ ᠭᠠᠵᠠᠷ ᠬᠠᠭᠠᠯᠪᠤᠷᠢᠯᠠᠬᠤ ᠂ ᠲᠠᠷᠢᠵᠤ ᠬᠤᠷᠢᠶᠠᠬᠤ ᠬᠡᠬᠦᠴᠢᠯᠡᠨ ᠡᠷᠳᠡᠨᠢ ᠰᠢᠰᠢ ᠶ᠋ᠢ ᠴᠢᠬᠢ ᠢᠯᠭᠠᠬᠤ ᠪᠤᠯᠤᠨ ᠱᠠᠭᠠᠯᠠᠵᠤ ᠠᠪᠬᠤ ᠡᠴᠠ ᠪᠤᠰᠤᠳ ᠠᠵᠢᠯ ᠳ᠋ᠤ ᠪᠦᠷ ᠮᠠᠰᠢᠨ ᠬᠡᠷᠡᠭᠯᠡᠬᠦ ᠪᠤᠯᠵᠠᠢ ᠃
2010 ᠤᠨ ᠪᠤᠯᠬᠤ ᠳ᠋ᠥ ᠪᠦᠬᠦ ᠰᠤᠮᠤᠨ ᠤ ᠠᠮᠤ ᠪᠤᠳᠠᠭᠠᠨ ᠤ ᠶᠡᠷᠦᠩᠬᠡᠢ ᠤᠨᠠᠯᠲᠠ 7000 ᠲᠦᠮᠡᠨ ᠵᠢᠩ ᠳ᠋ᠥ ᠬᠦᠷᠴᠦ ᠂ ᠲᠡᠥᠬᠡ ᠶ᠋ᠢᠨ ᠰᠢᠨ᠎ᠡ ᠲᠡᠮᠳᠡᠭᠯᠡᠯ ‍ᠢ ᠡᠬᠦᠳᠪᠡ ᠃

ᠤᠳᠤᠬᠢ ᠲᠠᠷᠢᠶᠠᠯᠠᠩ ‍ᠤᠨ ᠪᠠᠶᠢᠳᠠᠯ

ᠭᠤᠷᠪᠠᠨᠬᠤᠸᠠ ᠰᠤᠮᠤ ᠶ᠋ᠢᠨ ᠤᠳᠤᠬᠢ ᠲᠠᠷᠢᠶᠠᠯᠠᠩ ‍ᠤᠨ ᠬᠦᠭᠵᠢᠯᠲᠡ ᠨᠢ 1996 ᠤᠨ ᠤ ᠦᠶ᠎ᠡ ᠪᠠᠷ ᠡᠬᠢᠯᠡᠭᠰᠡᠨ ᠭᠡᠵᠦ ᠦᠵᠡᠵᠦ ᠪᠤᠯᠤᠨ᠎ᠠ ᠃ ᠲᠤᠬᠠᠢ ᠶ᠋ᠢᠨ ᠦᠶ᠎ᠡ ᠶ᠋ᠢᠨ ᠵᠢᠷᠢᠮ ᠠᠶᠢᠮᠠᠭ ‍ᠤᠨ ᠵᠠᠬᠢᠷᠭ᠎ᠠ ᠶ᠋ᠢᠨ ᠤᠳᠤᠷᠢᠳᠤᠯᠭ᠎ᠠ ᠨᠢ ᠲᠠᠷᠢᠶᠠᠯᠠᠩ ᠂ ᠮᠠᠯ ᠠᠵᠤ ᠠᠬᠤᠢ ᠂ ᠤᠢ ᠰᠢᠭᠤᠢ ᠶ᠋ᠢ ᠬᠦᠭᠵᠢᠭᠦᠯᠬᠦ ᠲᠤᠬᠠᠢ 《 ᠦᠵᠡᠯᠲᠡ ᠲᠠᠨᠢᠯᠲᠠ ᠪᠠᠨ ᠳᠡᠭᠡᠭᠡᠭᠰᠢᠯᠡᠭᠦᠯᠦᠨ ᠂ ᠤᠶᠤᠨ ᠲᠠᠷᠢᠬᠢ ᠪᠠᠨ ᠰᠢᠨᠡᠳᠭᠡᠵᠦ ᠂ ᠡᠯᠡᠰᠦ ᠶ᠋ᠢ ᠪᠢᠲᠡᠭᠦᠮᠵᠢᠯᠡᠨ ᠂ ᠮᠠᠯ ‍ᠤᠨ ᠲᠤᠭᠤᠷᠠᠢ ᠶ᠋ᠢ ᠬᠤᠷᠢᠭᠯᠠᠵᠦ ᠂ ᠲᠠᠯ᠎ᠠ ᠭᠠᠵᠠᠷ ‍ᠢ ᠬᠠᠭᠠᠯᠪᠤᠷᠢᠯᠠᠨ ᠂ ᠵᠤᠭᠤᠰ ᠤᠯᠠᠨ ᠬᠤᠷᠠᠮᠳᠤᠭᠤᠯᠬᠤ 》 ᠤᠷᠢᠶ᠎ᠠ ᠶ᠋ᠢ ᠳᠤᠷᠠᠳᠤᠪᠠ ᠃ ᠡᠶᠢᠨ ᠬᠦ ᠠᠲᠠᠷ ᠬᠠᠭᠠᠯᠪᠤᠷᠢᠯᠠᠨ ᠲᠠᠷᠢᠶᠠᠨ ᠭᠠᠵᠠᠷ ᠭᠠᠷᠭᠠᠵᠤ ᠂ ᠤᠷᠤᠢ ᠶ᠋ᠢᠨ ᠲᠠᠷᠢᠶ᠎ᠠ ᠲᠠᠷᠢᠵᠤ ᠪᠠᠶᠢᠭᠰᠠᠨ ᠡᠴᠠ ᠪᠠᠨ ᠲᠠᠷᠢᠶᠠᠯᠠᠩ ‍ᠤᠨ ᠦᠨᠳᠦᠰᠦᠨ ᠪᠦᠲᠦᠭᠡᠨ ᠪᠠᠶᠢᠭᠤᠯᠤᠯᠲᠠ ᠶ᠋ᠢ ᠶᠡᠬᠡᠪᠡᠷ ᠬᠢᠵᠦ ᠂ ᠦᠨᠳᠦᠷ ᠤᠨᠠᠯᠲᠠ ᠲᠠᠢ ᠤᠰᠤᠯᠤᠯᠲᠠ ᠶ᠋ᠢᠨ ᠲᠠᠷᠢᠶ᠎ᠠ ᠪᠠᠨ ᠦᠷᠭᠡᠵᠢᠭᠦᠯᠦᠭᠰᠡᠨ ᠪᠢᠯᠨ ᠃ ᠡᠭᠦᠨ ᠤ ᠬᠠᠮᠲᠤ ᠲᠤᠰ ᠭᠠᠵᠠᠷ ‍ᠤᠨ ᠠᠷᠪᠠᠨ ᠤ ᠶᠢᠰᠦᠨ ᠵᠢᠯ ᠨᠢ ᠭᠠᠩᠳᠠᠳᠠᠭ ᠪᠠᠶᠢᠳᠠᠯ ‍ᠢ ᠦᠨᠳᠦᠰᠦᠯᠡᠨ ᠂ ᠲᠠᠷᠢᠶᠠᠨ ᠭᠠᠵᠠᠷ ᠲᠠᠭᠠᠨ ᠵᠢᠵᠢᠭ ᠬᠤᠳᠳᠤᠭ ᠭᠠᠷᠭᠠᠵᠤ ᠂ ᠲᠡᠭᠰᠢ ᠪᠤᠰᠤ ᠭᠠᠵᠠᠷ ᠲᠤᠨᠢ ᠰᠦᠷᠴᠢᠭᠦᠷ ᠮᠠᠰᠢᠨ ᠤᠭᠰᠠᠷᠠᠭᠤᠯᠤᠭᠰᠠᠨ ᠡᠴᠠ ᠲᠠᠷᠢᠶᠠᠨ ᠤ ᠤᠨᠠᠯᠲᠠ ᠵᠢᠯ ᠡᠴᠠ ᠵᠢᠯ ᠨᠡᠮᠡᠭᠳᠡᠭᠰᠡᠭᠡᠷ ᠢᠷᠡᠵᠡᠢ ᠃ ᠲᠠᠷᠢᠶᠠᠴᠢᠳ ᠰᠢᠨᠵᠢᠯᠡᠬᠦ ᠤᠬᠠᠭᠠᠨᠴᠢ ᠪᠠᠷ ᠲᠠᠷᠢᠶᠠᠯᠠᠬᠤ ᠶ᠋ᠢ ᠴᠢᠬᠤᠯᠠᠴᠢᠯᠠᠭᠰᠠᠨ ᠡᠴᠠ ᠠᠵᠤ ᠠᠬᠤᠢ ᠶ᠋ᠢᠨ ᠪᠠᠶᠠᠷᠯᠠᠭᠤᠰᠢᠲᠠᠢ ᠠᠮᠵᠢᠯᠲᠠ ᠤᠯᠪᠠ ᠃ ᠳᠤᠬᠠᠶᠢᠯᠠᠪᠠᠯ ᠡᠷᠳᠡᠨᠢ ᠰᠢᠰᠢ ᠪᠠᠷ ᠭᠤᠤᠯ ᠪᠤᠯᠭᠠᠭᠰᠠᠨ ᠡᠷᠲᠡ ᠶ᠋ᠢᠨ ᠲᠠᠷᠢᠶ᠎ᠠ ᠶ᠋ᠢᠨ ᠰᠢᠯᠢᠳᠡᠭ ᠦᠷ᠎ᠡ ᠶ᠋ᠢ ᠰᠤᠩᠭᠤᠨ ᠬᠡᠷᠡᠭᠯᠡᠵᠤ ᠂ ᠬᠢᠮᠢ ᠶ᠋ᠢᠨ ᠪᠤᠷᠳᠤᠭᠤᠷ ‍ᠢ ᠲᠤᠬᠢᠷᠠᠮᠵᠢᠲᠠᠢ ᠠᠰᠢᠭᠯᠠᠭᠰᠠᠨ ᠪᠤᠶᠤ ᠬᠤᠨᠢ ᠮᠠᠯ ‍ᠤᠨ ᠰᠢᠭᠡᠭ ᠪᠤᠷᠳᠤᠭᠤᠷ ‍ᠢ ᠶᠡᠬᠡᠪᠡᠷ ᠬᠡᠷᠡᠭᠯᠡᠨ ᠬᠦᠷᠦᠰᠦ ᠰᠢᠷᠤᠢ ᠶ᠋ᠢ ᠦᠭᠡᠷᠡᠴᠢᠯᠡᠨ ᠂ ᠤᠨᠠᠯᠲᠠ ᠪᠠᠨ ᠨᠡᠮᠡᠭᠳᠡᠭᠦᠯᠳᠡᠭ ᠪᠤᠯᠪᠠ ᠃ ᠤᠷᠤᠢ ᠶ᠋ᠢᠨ ᠲᠠᠷᠢᠶ᠎ᠠ ᠨᠢ ᠭᠤᠤᠯᠳᠠᠭᠤ ᠰᠢᠷ᠎ᠠ ᠪᠤᠷᠴᠠᠭ ᠂ ᠨᠤᠭᠤᠭᠠᠨ ᠪᠤᠷᠴᠠᠭ ᠂ ᠵᠢᠶᠠᠡᠭᠳ᠋ᠸᠤ ᠂ ᠡᠷᠢᠶᠡᠨ ᠪᠤᠷᠴᠠᠭ ᠪᠠ ᠨᠠᠷᠠᠨ ᠬᠤᠸᠠᠷ ᠵᠡᠷᠭᠡ ᠠᠵᠤ ᠠᠬᠤᠢ ᠶ᠋ᠢᠨ ᠲᠠᠷᠢᠮᠠᠯ ᠲᠠᠷᠢᠬᠤ ᠨᠢ ᠤᠷᠤᠯᠭ᠎ᠠ ᠪᠠᠨ ᠨᠡᠮᠡᠭᠳᠡᠭᠦᠯᠬᠦ ᠶ᠋ᠢᠨ ᠰᠠᠶᠢᠨ ᠠᠷᠭ᠎ᠠ ᠵᠠᠮ ᠪᠤᠯᠵᠠᠢ ᠃ ᠡᠭᠦᠨ ᠡᠴᠠ ᠭᠠᠳᠠᠨ᠎ᠠ ᠭᠤᠷᠪᠠᠨᠬᠤᠸᠠ ᠰᠤᠮᠤ ᠨᠢ ᠲᠠᠷᠢᠰᠢᠨ ᠬᠠᠰᠢᠶᠠᠨ ᠤ ᠪᠠᠶᠢᠭᠤᠯᠤᠯᠲᠠ ᠶ᠋ᠢ ᠲᠤᠩ ᠴᠢᠬᠤᠯᠠᠴᠢᠯᠠᠵᠤ ᠂ ᠡᠪᠦᠯ ᠵᠤᠨ ᠤ ᠢᠳᠡᠰᠢᠨ ‍ᠤ ᠨᠤᠭᠤᠭ᠎ᠠ ᠪᠠᠨ ᠰᠢᠢᠳᠪᠦᠷᠢᠯᠡᠨ ᠂ ᠠᠵᠤ ᠠᠬᠤᠢ ᠶ᠋ᠢᠨ ᠦᠷ᠎ᠡ ᠠᠰᠢᠭ ‍ᠢᠶ᠋ᠡᠨ ᠨᠡᠮᠡᠭᠳᠡᠭᠦᠯᠦᠭᠰᠡᠨ ᠪᠠᠶᠢᠨ᠎ᠠ ᠃ ᠢᠳᠡᠰᠢᠨ ᠨᠤᠭᠤᠭᠠᠨ ᠳ᠋ᠥ ᠭᠤᠤᠯᠳᠠᠭᠤ ᠲᠦᠮᠦᠰᠦ ᠂ ᠬᠠᠰᠢ ᠂ ᠬᠠᠯᠠᠭᠤᠨ ᠨᠤᠭᠤᠭ᠎ᠠ ᠂ ᠦᠷᠭᠡᠰᠦᠲᠦ ᠬᠡᠮᠬᠡ ᠂ ᠴᠠᠭᠠᠨ ᠨᠤᠭᠤᠭ᠎ᠠ ᠂ ᠯᠤᠤᠪᠠᠩ ᠂ ᠮᠢᠨᠵᠠᠩ ᠂ ᠰᠤᠩᠬᠢᠨ᠎ᠠ ᠂ ᠰᠠᠷᠢᠮᠰᠠᠭ ᠂ ᠭᠤᠭᠤᠳ ᠂ ᠬᠤᠯᠤᠤᠪᠠᠡᠭ ᠂ ᠰᠢᠬᠢᠷ ᠲᠦᠮᠦᠰᠦ ᠂ ᠪᠤᠷᠴᠠᠭ ᠵᠡᠷᠭᠡ ᠤᠯᠠᠨ ᠵᠦᠢᠯ ᠪᠠᠶᠢᠳᠠᠭ ᠃
ᠲᠠᠷᠢᠶᠠᠯᠠᠬᠤ ᠲᠠᠯᠠᠪᠠᠢ ᠦᠷᠭᠡᠵᠢᠭᠰᠡᠨ ᠡᠴᠠ ᠠᠷᠠᠴᠢᠯᠠᠬᠤ ᠠᠵᠢᠯ ᠳ᠋ᠥ ᠴᠦ ᠰᠢᠨ᠎ᠡ ᠬᠤᠪᠢᠷᠠᠯᠲᠠ ᠭᠠᠷᠴᠤ ᠂ ᠮᠠᠰᠢᠨᠴᠢᠯᠠᠯᠲᠠ ᠨᠢ ᠬᠦᠮᠦᠨ ᠤ ᠬᠦᠴᠦ ᠪᠠ ᠦᠬᠡᠷ ᠮᠤᠷᠢᠨ ᠤ ᠬᠦᠴᠦ ᠶ᠋ᠢ ᠤᠷᠤᠯᠠᠨ ᠂ ᠲᠠᠷᠢᠶᠠᠨ ‍ᠤ ᠦᠷ᠎ᠡ ᠶ᠋ᠢ ᠬᠠᠮᠠᠭᠠᠯᠠᠬᠤ ᠨᠤᠨᠳᠠᠭ ᠡᠮ ᠪᠤᠯᠤᠨ ᠡᠪᠡᠰᠦ ᠠᠷᠢᠯᠭᠠᠬᠤ ᠡᠮ ᠵᠡᠷᠭᠡ ᠨᠢ ᠶᠡᠬᠡ ᠤᠯᠠᠨ ᠬᠦᠮᠦᠨ ᠤᠨᠤᠭᠠᠨ ᠤ ᠬᠦᠴᠦ ᠶ᠋ᠢ ᠠᠷᠪᠢᠯᠠᠨ ᠂ ᠠᠵᠤ ᠠᠬᠤᠢ ᠶ᠋ᠢᠨ ᠤᠷᠤᠯᠭ᠎ᠠ ᠶ᠋ᠢ ᠶᠡᠬᠡᠪᠡᠷ ᠳᠡᠭᠡᠭᠡᠭᠰᠢᠯᠡᠭᠦᠯᠦᠭᠰᠡᠨ ᠪᠠᠶᠢᠨ᠎ᠠ ᠃
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ