ᠬᠠᠩᠳᠠᠭᠤᠳ · ᠤᠰᠤᠨᠪᠤᠳᠤᠭ ᠦᠨ︿ ︿ ᠭᠤᠷᠪᠠᠨᠬᠤᠸᠠ ﹀ ﹀ ᠨᠤᠮ ᠦᠩᠤᠷᠪᠠᠳᠤᠭᠠᠷ ᠨᠠᠶᠢᠷᠠᠭᠤᠯᠤᠯ ‍ᠦᠨ ᠨᠢᠭᠡᠳᠤᠭᠡᠷ ᠬᠡᠰᠡᠭ ‍ᠢ ᠰᠤᠩᠭᠤᠨ ᠰᠢᠯᠵᠢᠭᠦᠯᠪᠡ

ᠣᠩᠰᠢᠭᠰᠠᠨ ᠤᠳᠠᠭ᠎ᠠ ᠄ 8506     ᠨᠡᠶᠢᠳᠡᠯᠡᠭᠰᠡᠨ ᠴᠠᠭ ᠄ 2018/6/28 9:16:58

ᠭᠤᠷᠪᠠᠳᠤᠭᠠᠷ ᠨᠠᠶᠢᠷᠠᠭᠤᠯᠤᠯ

 ᠠᠵᠤ ᠠᠬᠤᠢ

 ᠨᠢᠭᠡ ᠂ ᠮᠠᠯ ᠠᠵᠤ ᠠᠬᠤᠢ

        ᠮᠠᠯ ᠠᠵᠤ ᠠᠬᠤᠢ ᠶ᠋ᠢᠨ ᠦᠢᠯᠡᠳᠪᠦᠷᠢᠯᠡᠯ ‍ᠤᠨ ᠬᠠᠷᠢᠴᠠᠭ᠎ᠠ ᠪᠠ ᠪᠦᠲᠦᠴᠡ
  ᠮᠠᠯ ᠠᠵᠤ ᠠᠬᠤᠢ ᠪᠤᠯ ᠭᠤᠷᠪᠠᠨᠬᠤᠸᠠ ᠨᠤᠲᠤᠭ ‍ᠤᠨ ᠠᠷᠠᠳ ‍ᠤᠨ ᠠᠵᠤ ᠠᠮᠢᠳᠤᠷᠠᠯ ‍ᠤᠨ ᠭᠤᠤᠯ ᠠᠵᠤ ᠠᠬᠤᠶᠢᠯᠠᠯ ᠪᠤᠯᠵᠤ ᠂ ᠤᠷᠲᠤ ᠤᠳᠠᠭᠠᠨ ᠲᠡᠥᠬᠡᠨ ᠶᠠᠪᠤᠴᠠ ᠳ᠋ᠥ ᠭᠤᠷᠪᠠᠨᠬᠤᠸᠠ ᠶ᠋ᠢᠨ ᠠᠷᠠᠳ ᠲᠦᠮᠡᠨ ᠤ ᠠᠵᠤ ᠠᠮᠢᠳᠤᠷᠠᠯ ‍ᠤᠨ ᠪᠠᠳᠠᠷᠠᠯ ᠬᠦᠭᠵᠢᠯ ‍ᠤᠨ ᠰᠢᠭᠤᠳ ᠨᠦᠭᠦᠴᠡᠯ ᠪᠤᠯᠤᠭᠰᠠᠭᠠᠷ ᠢᠷᠡᠭᠰᠡᠨ ᠶᠤᠮ ᠃
ᠭᠤᠷᠪᠠᠨᠬᠤᠸᠠ ᠨᠤᠲᠤᠭ ‍ᠤᠨ ᠠᠷᠠᠳ ᠲᠦᠮᠡᠨ ᠪᠤᠰᠤᠳ ᠭᠠᠵᠠᠷ ᠤᠷᠤᠨ ᠤ ᠮᠤᠩᠭᠤᠯᠴᠤᠳ ᠲᠠᠢ ᠠᠳᠠᠯᠢ ᠪᠠᠷ ᠨᠤᠲᠤᠭ ᠤᠰᠤᠨ ᠤ ᠤᠨᠴᠠᠯᠢᠭ ᠂ ᠡᠪᠡᠰᠦ ᠪᠡᠯᠴᠢᠭᠡᠷ ‍ᠤᠨ ᠤᠨᠴᠠᠯᠢᠭ ᠲᠠᠭᠠᠨ ᠲᠤᠬᠢᠷᠠᠭᠤᠯᠤᠨ ᠲᠠᠪᠤᠨ ᠬᠤᠰᠢᠭᠤ ᠮᠠᠯ ‍ᠤᠨ ‍ᠢᠶ᠋ᠡᠨ ᠠᠰᠢᠭ ᠰᠢᠮ᠎ᠡ ᠳ᠋ᠥ ᠲᠦᠰᠢᠭᠯᠡᠨ ᠠᠵᠤ ᠲᠦᠷᠦᠭᠰᠡᠭᠡᠷ ᠢᠷᠡᠵᠡᠢ ᠃
ᠭᠤᠷᠪᠠᠨᠬᠤᠸᠠ ᠨᠤᠲᠤᠭ ᠨᠢ ᠤᠳᠤᠬᠠᠨ ᠤ ᠬᠤᠷᠴᠢᠨ ᠤ ᠡᠯᠡᠰᠦᠷᠬᠡᠭ ᠤᠷᠤᠨ ᠤ ᠪᠠᠷᠠᠭᠤᠨ ᠡᠮᠦᠨᠡᠲᠦ ᠬᠡᠰᠡᠭ  ᠲᠤ ᠪᠠᠶᠢᠷᠢᠯᠠᠵᠤ ᠪᠤᠢ ᠃ ᠮᠠᠩᠬ᠎ᠠ ᠵᠢᠯᠠᠭ᠎ᠠ ᠂ ᠡᠯᠡᠰᠦᠨ ᠳᠤᠪᠤᠴᠠᠭ ᠪᠤᠯᠤᠨ ᠬᠡᠰᠡᠭ ᠬᠡᠰᠡᠭ ᠵᠢᠵᠢᠭ ᠲᠠᠯ᠎ᠠ ᠭᠠᠵᠠᠷ ᠢᠶᠠᠷ ᠪᠦᠷᠢᠯᠳᠦᠵᠦ ᠂ ᠡᠯ᠎ᠡ ᠵᠦᠢᠯ ‍ᠤᠨ ᠰᠢᠮ᠎ᠡ ᠲᠡᠵᠢᠭᠡᠯ ᠰᠠᠶᠢᠲᠠᠢ ᠪᠠᠶᠢᠭᠠᠯᠢᠯᠢᠭ ᠪᠡᠯᠴᠢᠭᠡᠷ ᠢᠭᠴᠤ ᠰᠠᠬᠤᠯᠢᠭ ᠤᠷᠭᠤᠵᠤ ᠪᠠᠶᠢᠳᠠᠭ ᠃ ᠡᠭᠦᠨ ᠳ᠋ᠥ ᠭᠤᠤᠯᠳᠠᠭᠤ ᠰᠤᠮᠤᠨ ᠤ ᠬᠤᠶᠢᠲᠤ ᠬᠡᠰᠡᠭ ‍ᠤᠨ ᠶᠡᠬᠡ ᠲᠤᠯᠤᠭᠠᠶᠢᠲᠤ ᠶ᠋ᠢᠨ ᠪᠡᠷᠬᠡ ( ᠮᠠᠡᠭᠬ᠎ᠠ ᠳᠤᠪᠤᠴᠠᠭ ᠂ ᠭᠤᠤ ᠵᠢᠯᠠᠭ᠎ᠠ ᠪᠠᠷ ᠪᠦᠷᠢᠯᠳᠦᠭᠰᠡᠨ  ᠪᠤᠶᠢᠲᠡ ᠪᠦᠭᠯᠡᠬᠦᠦ ᠭᠠᠵᠠᠷ ‍ᠢ ᠨᠠᠢᠮᠠᠨ ᠤ ᠬᠢᠨ ᠪᠡᠷᠬᠡ ᠭᠡᠳᠡᠭ ) ᠂ ᠮᠤᠷᠤᠢ ᠶ᠋ᠢᠨ ᠪᠡᠷᠬᠡ ᠂ ᠴᠤᠬᠤᠷ ‍ᠤᠨ ᠪᠡᠷᠬᠡ ᠂ ᠵᠡᠭᠦᠨ ᠡᠮᠦᠨᠡᠰᠢ ᠪᠠᠶᠠᠨᠲᠠᠯ᠎ᠠ ᠶ᠋ᠢᠨ ᠵᠡᠭᠦᠨ ᠴᠠᠭᠠᠨ ( ᠡᠡᠳᠡ ᠴᠠᠭᠠᠨ ᠭᠡᠳᠡᠭ ᠨᠢ ᠮᠠᠡᠭᠬ᠎ᠠ ᠲᠤᠯᠤᠭᠠᠳ ‍ᠢ ᠬᠡᠯᠡᠵᠦ ᠪᠤᠢ ) ᠂ ᠴᠠᠭᠠᠨᠴᠢᠯᠠᠭᠤ ᠶ᠋ᠢᠨ ᠮᠠᠩᠬ᠎ᠠ ᠂ ᠲᠠᠷᠢᠶᠠᠲᠤ ᠪᠠ ᠮᠠᠯᠲᠠᠭᠤᠷ ‍ᠤᠨ ᠪᠡᠷᠬᠡ ᠂ ᠪᠠᠷᠠᠭᠤᠨ ᠡᠮᠦᠨᠡᠰᠢ ᠪᠠᠨ ᠯᠤᠤᠪᠠᠩᠲᠤ ᠂ ᠬᠠᠷᠠᠨᠠᠭᠤᠷ ‍ᠤᠨ ᠪᠡᠷᠬᠡ ᠵᠡᠷᠭᠡ ᠪᠡᠷᠬᠡ ᠵᠢᠯᠠᠭ᠎ᠠ ᠳ᠋ᠥ ᠴᠠᠭᠠᠨ ᠪᠤᠷᠭᠠᠰᠤ ᠂ ᠬᠠᠶᠢᠯᠠᠰᠤᠨ ᠪᠤᠲᠠ ᠂ ᠭᠦᠢᠯᠡᠰᠦᠨ ᠪᠤᠲᠠ ᠂ ᠠᠯᠲᠠᠭᠠᠨ᠎ᠠ ( ᠬᠠᠷᠭᠠᠨ᠎ᠠ ) ᠂ ᠮᠤᠷᠢᠨ ᠰᠢᠪᠠᠭ ᠂ ᠪᠤᠷᠤᠯᠵᠠᠭᠠᠨ᠎ᠠ ᠂ ᠬᠤᠨᠢᠨ ᠰᠢᠪᠠᠭ ᠭᠡᠬᠦ ᠮᠡᠲᠦ ᠶ᠋ᠢᠨ ᠪᠤᠲᠠᠯᠢᠭ ᠤᠷᠭᠤᠮᠠᠯ ᠪᠤᠯᠤᠨ ᠦᠯᠦᠩ ᠴᠠᠭᠠᠨ ᠡᠪᠡᠰᠦ ᠲᠡᠷᠢᠭᠦᠲᠡᠢ ᠬᠠᠷ᠎ᠠ ᠴᠠᠭᠠᠨ ᠬᠠᠮᠬᠤᠤᠯ ᠂ ᠵᠡᠭᠡᠷᠭᠡᠨ᠎ᠡ ᠂ ᠬᠢᠯᠭᠠᠨ᠎ᠠ ᠵᠡᠷᠭᠡ ᠪᠤᠷᠤ ᠵᠢᠯᠠᠭ᠎ᠠ ᠶ᠋ᠢᠨ ᠡᠪᠡᠰᠦ ᠤᠷᠭᠤᠮᠠᠯ ᠰᠠᠬᠤᠯᠢᠭ ᠤᠷᠭᠤᠳᠠᠭ ᠃ ᠬᠤᠷ᠎ᠠ ᠪᠤᠷᠤᠭᠠᠨ ᠲᠡᠭᠰᠢ ᠵᠢᠯ ᠳ᠋ᠥ ᠮᠠᠩᠬ᠎ᠠ ᠵᠢᠯᠠᠭ᠎ᠠ ᠂ ᠪᠤᠷᠤ ᠵᠤ‍ ᠂ ᠬᠤᠸᠠ ᠳᠤᠪᠤ᠋ ᠪᠦᠷ ᠦᠪᠴᠢ ᠨᠤᠭᠤᠭᠠᠷᠠᠵᠤ ᠪᠠᠶᠢᠳᠠᠭ ᠶᠤᠮ ᠃
ᠮᠤᠷᠤᠢ ᠶ᠋ᠢᠨ ᠲᠠᠯ᠎ᠠ ᠂ ᠰᠠᠶᠢᠬᠠᠨᠲᠠᠯ᠎ᠠ ᠂ ᠰᠤᠪᠤᠷᠭᠠᠨᠲᠠᠯ᠎ᠠ ᠂ ᠬᠡᠭᠡᠷ ᠮᠤᠷᠢᠨ ᠪᠠᠶᠠᠡᠲᠠᠯ᠎ᠠ ᠂ ᠬᠠᠷᠭᠠᠨᠠᠲᠤ ᠶ᠋ᠢᠨ ᠲᠠᠯ᠎ᠠ ᠂ ᠯᠤᠤᠪᠠᠩᠲᠤ ᠶ᠋ᠢᠨ ᠲᠠᠯ᠎ᠠ ᠂ ᠬᠤᠵᠢᠷᠲᠤ ᠶ᠋ᠢᠨ ᠲᠠᠯ᠎ᠠ ᠭᠡᠵᠦ ᠪᠠᠷᠤᠭ ᠠᠶᠢᠯ ᠪᠤᠯᠭᠠᠨ ᠳ᠋ᠥ ᠨᠢᠭᠡ ᠬᠡᠰᠡᠭ ᠲᠠᠯ᠎ᠠ ᠭᠠᠵᠠᠷ ᠨᠤᠭᠳᠠᠵᠤ ᠪᠠᠶᠢᠳᠠᠭ ᠃ ᠡᠳᠡᠭᠡᠷ ᠲᠠᠯ᠎ᠠ ᠭᠠᠵᠠᠷ ᠲᠣ ᠲᠡᠥᠬᠡᠨ ᠡᠴᠠ ᠠᠪᠤᠭᠠᠳ ᠶᠡᠷᠦ ᠨᠢ ᠰᠢᠮ᠎ᠡ ᠰᠠᠶᠢᠲᠠᠢ ᠬᠢᠶᠠᠭ ᠂ ᠲᠦᠪᠡᠳ ᠤᠯᠠᠯᠵᠢ ᠂ ᠶᠠᠪᠠᠭᠠᠨ ᠬᠤᠯᠤᠰᠤ ᠪᠠᠷ ᠭᠤᠤᠯ ᠪᠤᠯᠭᠠᠭᠰᠠᠨ ᠡᠯ᠎ᠡ ᠵᠦᠢᠯ ‍ᠤᠨ ᠨᠠᠷᠢᠨ ᠨᠠᠪᠴᠢᠲᠤ ᠡᠪᠡᠰᠦ ᠤᠷᠭᠤᠮᠠᠯ ᠡᠴᠠ ᠭᠠᠳᠠᠨ᠎ᠠ ᠪᠠᠰᠠ ᠲᠠᠥᠯᠠᠢ ᠶ᠋ᠢᠨ ᠲᠠᠩᠨᠠᠢ ᠂ ᠪᠦᠪᠦᠭᠡᠯᠵᠢᠡᠭ ᠬᠤᠸᠠᠷ ᠂ ᠭᠠᠰᠢᠭᠤᠨ ᠨᠤᠭᠤᠭ᠎ᠠ ᠂ ᠬᠠᠯᠠᠭᠠᠢ ᠨᠤᠭᠤᠭ᠎ᠠ ᠵᠡᠷᠭᠡ ᠦᠷᠭᠡᠨ ᠨᠠᠪᠴᠢᠲᠤ ᠲᠠᠯ᠎ᠠ ᠶ᠋ᠢᠨ ᠤᠷᠭᠤᠮᠠᠯ ᠰᠠᠶᠢᠨ ᠤᠷᠭᠤᠳᠠᠭ ᠃ ᠵᠠᠷᠢᠮ ᠬᠦᠷᠦᠰᠦᠨ ᠳ᠋ᠥ ᠨᠢ ᠰᠢᠷ᠎ᠡ ᠬᠤᠸᠠᠷ ᠂ ᠰᠠᠷᠠᠯᠠᠩ ᠬᠤᠸᠠᠷ ᠂ ᠮᠠᠩᠬᠢᠷ ᠲᠠᠭᠠᠨ᠎ᠠ ᠴᠦ ᠬᠠᠶᠠ ᠤᠷᠭᠤᠳᠠᠭ ᠰᠠᠨ ᠃
ᠠᠡᠭᠬᠠᠨ ᠳ᠋ᠠᠭᠠᠨ ᠭᠤᠷᠪᠠᠨᠬᠤᠸᠠ ᠶ᠋ᠢᠨ ᠬᠤᠶᠢᠲᠤ ᠬᠡᠰᠡᠭ ‍ᠤᠨ ᠬᠢᠨ ᠨᠠᠷᠢᠳ ‍ᠤᠨ ᠭᠤᠤᠯ ‍ᠤᠨ ᠬᠦᠪᠡᠭᠡ ᠳᠠᠭᠠᠤ ᠮᠠᠯᠵᠢᠨ ᠂ ᠡᠮᠦᠨ᠎ᠡ ᠬᠡᠰᠡᠭ ‍ᠤᠨ ᠬᠢᠨ ᠨᠢ ᠳᠤᠭᠤᠢ ᠶ᠋ᠢᠨ ᠭᠤᠤᠯ ‍ᠤᠨ ᠬᠦᠪᠡᠭᠡ ᠳᠠᠭᠠᠤ ᠮᠠᠯᠵᠢᠳᠠᠭ ᠪᠠᠶᠢᠵᠠᠢ ᠃ ᠲᠡᠳᠡ ᠡᠶᠢᠮᠦᠷᠬᠦᠦ ᠪᠠᠶᠢᠭᠠᠯᠢ ᠶ᠋ᠢᠨ ᠪᠡᠯᠴᠢᠭᠡᠷ ᠤᠰᠤ ᠪᠠᠨ ᠲᠦᠰᠢᠭᠯᠡᠨ ᠂ ᠮᠠᠯ ᠮᠠᠯᠵᠢᠯ ‍ᠢᠶ᠋ᠡᠷ ᠭᠤᠤᠯᠯᠠᠨ ᠂ ᠦᠶ᠎ᠡ ᠤᠯᠠᠷᠢᠨ ᠤᠷᠤᠰᠢᠨ ᠠᠮᠢᠳᠤᠷᠠᠭᠰᠠᠭᠠᠷ ᠢᠷᠡᠭᠰᠡᠨ ᠪᠢᠯᠨ ᠃


ᠮᠠᠯ ᠠᠵᠤ ᠠᠬᠤᠢ ᠶ᠋ᠢᠨ ᠲᠦᠷᠦᠯ ᠵᠦᠢᠯ ᠂ ᠠᠵᠤ ᠦᠢᠯᠡᠳᠪᠦᠷᠢᠯᠡᠯ

ᠮᠤᠩᠭᠤᠯ ᠬᠦᠮᠦᠨ ᠲᠦᠪᠯᠡᠷᠡᠨ ᠨᠤᠲᠤᠭᠰᠢᠭᠰᠠᠨ ᠡᠴᠠ ᠭᠤᠷᠪᠠᠨᠬᠤᠸᠠ ᠨᠤᠲᠤᠭ ‍ᠤᠨ ᠠᠵᠤ ᠦᠢᠯᠡᠳᠪᠦᠷᠢᠯᠡᠯ ᠨᠢ ᠪᠡᠯᠴᠢᠭᠡᠷ ᠳᠠᠭᠠᠵᠤ ᠮᠠᠯᠵᠢᠬᠤ ᠪᠠᠷ ᠭᠤᠤᠯ ᠠᠵᠤ ᠠᠬᠤᠢ ᠪᠠᠨ ᠪᠤᠯᠭᠠᠭᠰᠠᠭᠠᠷ ᠢᠷᠡᠵᠡᠢ ᠃ ᠲᠡᠶᠢᠮᠦ ᠡᠴᠠ ᠮᠠᠯ ᠠᠵᠤ ᠠᠬᠤᠢ ᠶ᠋ᠢᠨ ᠭᠤᠤᠯ ᠴᠤᠭᠴᠠ ᠨᠢ ᠬᠠᠰᠢ ᠯᠡ ᠲᠠᠪᠤᠨ ᠬᠤᠰᠢᠭᠤ ᠮᠠᠯ ‍ᠢ ᠲᠡᠭᠰᠢ ᠪᠠᠷ ᠦᠷᠡᠵᠢᠭᠦᠯᠵᠦ ᠢᠷᠡᠭᠰᠡᠨ ᠲᠡᠥᠬᠡ ᠲᠠᠢ ᠃ ᠦᠬᠡᠷ ᠂ ᠠᠳᠤᠭᠤ ᠂ ᠬᠤᠨᠢ ᠂ ᠲᠡᠮᠡᠭᠡ ᠵᠡᠷᠭᠡ ᠶ᠋ᠢ ᠠᠷᠠᠴᠢᠯᠠᠭᠰᠠᠭᠠᠷ ᠢᠷᠡᠭᠰᠡᠨ ᠪᠦᠭᠡᠳ ᠰᠡᠬᠦᠯ ‍ᠤᠨ ᠦᠶ᠎ᠡ ᠳ᠋ᠤ ᠡᠯᠵᠢᠭᠡ ᠂ ᠯᠠᠭᠤᠰᠠ ᠂ ᠭᠠᠬᠠᠢ ᠂ ᠲᠠᠬᠢᠶ᠎ᠠ ᠂ ᠨᠤᠭᠤᠰᠤ ᠂ ᠭᠠᠯᠠᠭᠤ ᠂ ᠲᠠᠥᠯᠠᠢ ᠵᠡᠷᠭᠡ ᠶ᠋ᠢ ᠴᠤ ᠲᠡᠵᠢᠭᠡᠳᠡᠭ ᠪᠤᠯᠪᠠ ᠃
ᠭᠤᠷᠪᠠᠡᠬᠤᠸᠠᠴᠤᠳ ᠂ ᠮᠠᠯ ᠠᠵᠤ ᠠᠬᠤᠢ ᠪᠠᠨ ᠬᠦᠭᠵᠢᠭᠦᠯᠦᠨ ᠂ ᠮᠠᠯ ᠰᠦᠷᠦᠭ ‍ᠢᠶ᠋ᠡᠨ ᠦᠨᠢᠷ ᠦᠰᠭᠡᠵᠦ ᠂ ᠠᠷᠠᠯᠵᠢᠨ ᠬᠤᠳᠠᠯᠳᠤᠵᠤ ᠂ ᠠᠵᠤ ᠠᠬᠤᠢ ᠶ᠋ᠢᠨ ᠠᠰᠢᠭ ᠣᠷᠤᠯᠭ᠎ᠠ ᠪᠠᠨ ᠨᠡᠮᠡᠭᠳᠡᠭᠦᠯᠦᠨ ᠠᠮᠢᠳᠤᠷᠠᠯ ᠦᠢᠯᠡᠳᠪᠦᠷᠢᠯᠡᠯ ‍ᠢᠶ᠋ᠡᠨ ᠳᠦᠪᠬᠢᠨᠡᠬᠦᠯᠬᠦ ᠶ᠋ᠢᠨ ᠳᠠᠭᠠᠤ ᠪᠤᠰᠤᠳ ᠭᠡᠷ ‍ᠤᠨ ᠲᠡᠵᠢᠭᠡᠪᠦᠷᠢ ᠶ᠋ᠢ ᠴᠦ ᠬᠠᠪᠰᠤᠷᠭᠠᠨ ᠲᠡᠵᠢᠭᠡᠵᠦ ᠂ ᠨᠦᠬᠦᠪᠦᠷᠢ ᠤᠷᠤᠯᠭ᠎ᠠ ᠪᠤᠯᠭᠠᠳᠠᠭ ᠨᠢ ᠨᠡᠶᠢᠲᠡᠮ ‍ᠤᠨ ᠤᠨᠴᠠᠯᠢᠭ ᠪᠠᠶᠢᠪᠠ ᠃
ᠦᠬᠡᠷ ᠲᠡᠵᠢᠭᠡᠬᠦ ᠨᠢ ᠠᠷᠠᠴᠢᠯᠠᠬᠤ ᠳ᠋ᠥ ᠠᠮᠠᠷ ᠂ ᠰᠦ ᠰᠠᠭᠠᠯᠢ ᠂ ᠠᠷᠠᠰᠤ ᠮᠢᠬ᠎ᠠ ᠶ᠋ᠢ ᠨᠢ ᠪᠦᠬᠦᠨ ‍ᠢ ᠠᠰᠢᠭᠯᠠᠵᠤ ᠪᠤᠯᠬᠤ ᠮᠦᠷᠲᠡᠭᠡᠨ ᠲᠡᠷᠭᠡ ᠬᠦᠰᠭᠡᠨ ᠳ᠋ᠥ ᠬᠦᠯᠦᠵᠦ ᠠᠶᠠᠨ ᠲᠡᠭᠡᠭᠡᠪᠦᠷᠢ ᠂ ᠠᠴᠢᠶ᠎ᠠ ᠬᠦᠰᠭᠡᠨ ᠳ᠋ᠥ ᠬᠡᠷᠡᠭᠯᠡᠵᠦ ᠂ ᠠᠮᠤ ᠲᠠᠷᠢᠶ᠎ᠠ ᠂ ᠡᠪᠡᠰᠦ ᠪᠤᠷᠳᠤᠭ᠎ᠠ ᠵᠦᠭᠡᠭᠡᠪᠦᠷᠢᠯᠡᠳᠡᠭ ᠃ ᠬᠤᠵᠢᠮ ᠨᠢ ᠠᠨᠵᠢᠰᠤᠨ ᠳ᠋ᠥ ᠬᠦᠯᠦᠵᠦ ᠲᠠᠷᠢᠶᠠᠯᠠᠬᠤ ᠳ᠋ᠥ ᠴᠦ ᠦᠷᠭᠡᠨ ‍ᠢᠶ᠋ᠡᠷ ᠬᠡᠷᠡᠭᠯᠡᠳᠡᠭ ᠪᠤᠯᠵᠠᠢ ᠃
ᠲᠡᠮᠡᠭᠡ ᠶ᠋ᠢ ᠭᠤᠤᠯᠳᠠᠭᠤ ᠬᠤᠯᠠ ᠶ᠋ᠢᠨ ᠠᠶᠠᠨ ᠵᠦᠭᠡᠭᠡᠪᠦᠷᠢ ᠳ᠋ᠥ ᠲᠤᠰᠬᠠᠢ ᠭᠡᠷᠡᠭᠯᠡᠳᠡᠭ ᠪᠠᠶᠢᠭᠰᠠᠨ ᠃ ᠦᠯᠦᠰᠴᠦ ᠤᠮᠳᠠᠭᠠᠰᠬᠤ ᠳ᠋ᠥ ᠲᠡᠰᠪᠦᠷᠢᠲᠡᠢ ᠲᠡᠮᠡᠭᠡ ᠨᠢ ᠬᠤᠯᠠ ᠶ᠋ᠢᠨ ᠠᠶᠠᠨ ᠳ᠋ᠥ ᠳᠠᠭᠠᠭᠠᠴᠠ ᠰᠠᠶᠢᠲᠠᠢ ᠂ ᠲᠡᠮᠡᠭᠡ ᠪᠦᠷᠢ ᠳᠤᠮᠳᠠᠴᠢ ᠪᠠᠷ ᠲᠠᠪᠤᠨ ᠵᠠᠭᠤᠨ ᠵᠢᠩ ᠢᠯᠡᠭᠦᠦ ᠪᠠᠷᠠᠭ᠎ᠠ ᠠᠴᠢᠶᠠᠯᠠᠳᠠᠭ ᠃ ᠮᠠᠯᠴᠢᠳ ᠲᠡᠮᠡᠭᠡᠨ ᠵᠢᠡᠭ ᠳ᠋ᠤ ᠶᠠᠪᠤᠬᠤ ᠳ᠋ᠠᠭᠠᠨ ᠳᠤᠯᠤᠭᠠᠨ ᠲᠡᠮᠡᠭᠡ ᠶ᠋ᠢ ᠨᠢᠭᠡ ᠬᠤᠯᠪᠤᠭᠠᠰᠤ ᠪᠤᠯᠭᠠᠳᠠᠭ ᠪᠠᠶᠢᠵᠠᠢ ᠃ ᠭᠤᠷᠪᠠᠨ ᠬᠤᠯᠪᠤᠭᠠᠰᠤ ᠶ᠋ᠢ ᠨᠢᠭᠡ ᠲᠡᠮᠡᠭᠡᠴᠢᠨ ᠬᠠᠷᠢᠭᠤᠴᠠᠨ ᠬᠦᠲᠦᠯᠵᠦ ᠂ ᠲᠦᠷᠦᠭᠦᠦ ᠲᠡᠮᠡᠭᠡᠨ ᠳ᠋ᠡᠭᠡᠨ ᠤᠨᠤᠨ ᠂ ᠡᠴᠦᠰ ‍ᠤᠨ ᠲᠡᠮᠡᠭᠡᠨ ᠳ᠋ᠡᠭᠡᠨ ᠲᠤᠮᠤ ᠬᠤᠩᠬ᠎ᠠ ᠵᠡᠭᠦᠯᠭᠡᠨ ᠬᠤᠴᠤᠷᠴᠦ ᠭᠡᠭᠡᠭᠳᠡᠬᠦ ᠶ᠋ᠢ ᠰᠡᠷᠭᠡᠶᠢᠯᠡᠵᠦ ᠂ ᠬᠡᠳᠦᠨ ᠲᠡᠮᠡᠭᠡᠴᠢᠨ ᠨᠢᠭᠡ ᠭᠠᠯ ᠪᠤᠯᠵᠤ ᠠᠯᠤᠰ ‍ᠤᠨ ᠠᠶᠠᠨ ᠳ᠋ᠥ ᠶᠠᠪᠤᠳᠠᠭ ᠪᠠᠶᠢᠭᠰᠠᠨ ᠶᠤᠮ ᠃ ᠲᠡᠮᠡᠭᠡ ᠨᠢ ᠵᠠᠮ ‍ᠤᠨ ᠪᠠᠷᠲᠠᠭ᠎ᠠ ᠡᠴᠠ ᠠᠶᠤᠳᠠᠭ ᠦᠭᠡᠢ ᠂ ᠮᠠᠩᠬ᠎ᠠ ᠡᠯᠡᠰᠦ ᠂ ᠳᠤᠪᠤ᠋ ᠲᠤᠪᠤᠴᠠᠭ ‍ᠤᠨ ᠪᠡᠷᠬᠡ ᠪᠠᠷᠲᠠᠭ᠎ᠠ ᠶ᠋ᠢ ᠠᠵᠢᠭ ᠦᠭᠡᠢ ᠲᠤᠭᠤᠯᠳᠠᠭ ‍ᠢᠶ᠋ᠡᠷ ‍ᠢᠶ᠋ᠡᠨ ᠪᠤᠶᠢᠳᠠ ᠪᠦᠭᠯᠡᠭᠦᠦ ᠮᠠᠩᠬᠠᠨ ᠤᠷᠤᠨ ᠤ ᠵᠠᠮ ᠲᠡᠭᠡᠭᠡᠪᠦᠷᠢ ᠳ᠋ᠥ ᠵᠤᠬᠢᠴᠠᠭᠰᠠᠨ ᠪᠠᠶᠢᠨ᠎ᠠ ᠃ ᠮᠠᠯᠲᠠᠭᠤᠷ ‍ᠤᠨ ᠠᠶᠢᠯ ‍ᠤᠨ ᠲᠡᠮᠡᠭᠡ ᠳᠡᠭᠡᠷ᠎ᠡ ᠵᠠᠭᠤᠨ ᠤ ᠨᠠᠶᠠᠨ ᠭᠤᠷᠪᠠᠨ ᠤᠨ ᠪᠤᠯᠲᠠᠯ᠎ᠠ ᠠᠷᠪᠠ ᠭᠠᠷᠤᠢ ᠪᠠᠶᠢᠭᠰᠠᠨ ᠪᠠᠶᠢᠵᠤ ᠂ ᠪᠡᠷᠬᠡ ᠮᠠᠩᠬᠠᠨ ᠤ ᠪᠠᠷᠲᠠᠭᠠᠲᠤ ᠵᠠᠮ ᠳ᠋ᠥ ᠦᠪᠡᠷ ‍ᠤᠨ ᠦᠢᠯᠡᠳᠦᠯ ‍ᠢᠶ᠋ᠡᠨ ᠦᠵᠡᠭᠦᠯᠵᠦ ᠪᠠᠶᠢᠪᠠ ᠃ ᠲᠡᠮᠡᠭᠡᠨ ᠤ ᠨᠤᠤᠰᠤ ᠶ᠋ᠢ ᠬᠠᠪᠤᠷ ‍ᠤᠨ ᠰᠡᠭᠦᠯᠴᠢ ᠪᠠᠷ ᠨᠢᠭᠡ ᠤᠳᠠᠭ᠎ᠠ ᠬᠠᠶᠢᠴᠢᠯᠠᠵᠤ ᠂ ᠵᠤᠭᠳᠤᠷ ᠂ ᠨᠤᠤᠯᠤᠭᠤᠷ ᠭᠡᠵᠦ ᠬᠤᠪᠢᠶᠠᠵᠤ ᠬᠤᠳᠠᠯᠳᠤᠳᠠᠭ ᠪᠠᠶᠢᠭᠰᠠᠨ ᠃ ᠭᠤᠷᠪᠠᠨᠬᠤᠸᠠ ᠨᠤᠲᠤᠭ ᠲᠣ ᠲᠡᠮᠡᠭᠡᠨ ‍ᠤ ᠰᠦ ᠶ᠋ᠢ ᠪᠤᠯᠪᠠᠰᠤᠷᠠᠭᠤᠯᠵᠤ ᠪᠠᠶᠢᠭᠰᠠᠨ ᠤᠯᠠ ᠮᠦᠷ ᠬᠠᠷᠠᠬᠠᠨ ᠤᠯᠳᠠᠭ᠎ᠠ ᠦᠭᠡᠢ ᠃
ᠡᠨᠳᠡᠬᠢ ᠬᠦᠮᠦᠰ ᠠᠳᠤᠭᠤ ᠠᠷᠠᠴᠢᠯᠠᠵᠤ ᠪᠠᠶᠢᠭ᠎ᠠ ᠨᠢ ᠭᠤᠤᠯᠳᠠᠭᠤ ᠬᠤᠯᠠ ᠤᠶᠢᠷ᠎ᠠ ᠶ᠋ᠢᠨ ᠠᠶᠠᠨ ᠳ᠋ᠠᠭᠠᠨ ᠤᠨᠤᠭ᠎ᠠ ᠪᠤᠯᠭᠠᠬᠤ ᠶ᠋ᠢᠨ ᠲᠦᠯᠦᠭᠡ ᠪᠠᠶᠢᠭᠰᠠᠨ ᠶᠤᠮ ᠃ ᠤᠡᠴᠠᠭᠠᠢ ᠰᠠᠶᠢᠨ ᠮᠤᠷᠢ ᠶ᠋ᠢ ᠵᠢᠷᠤᠭ᠎ᠠ ᠮᠤᠷᠢ ᠂ ᠬᠤᠷᠳᠤᠨ ᠮᠤᠷᠢ ᠬᠡᠮᠡᠨ ᠬᠤᠪᠢᠶᠠᠨ ᠰᠤᠷᠭᠠᠳᠠᠭ ᠪᠦᠭᠡᠳ ᠨᠠᠶᠢᠷ ᠨᠠᠭᠠᠳᠤᠮ ᠳ᠋ᠥ ᠤᠷᠤᠯᠴᠠᠬᠤ ᠭᠡᠪᠡᠯ ᠰᠠᠶᠢᠨ ᠰᠤᠶᠢᠵᠤ ᠪᠠᠶᠢᠭᠠᠳ ᠲᠦᠷᠦᠭᠦᠦ ᠱᠠᠩ ᠪᠤᠯᠢᠶᠠᠯᠳᠤᠳᠠᠭ ᠃ ᠲᠦᠷᠦᠭᠦᠦ ᠮᠤᠷᠢ ᠨᠢ ᠨᠤᠲᠤᠭ ᠤᠰᠤᠨ ᠤ ᠬᠡᠢ ᠮᠤᠷᠢ ᠶ᠋ᠢ ᠮᠠᠡᠳᠤᠭᠤᠯᠳᠠᠭ ᠂ ᠮᠦᠨ ᠭᠡᠷ ᠡᠷᠦᠬᠡ ᠂ ᠠᠶᠢᠯ ᠠᠶᠢᠮᠠᠭ ‍ᠤᠨ ᠨᠡᠷ᠎ᠡ ᠰᠦᠷ ‍ᠢ ᠮᠠᠡᠳᠤᠭᠤᠯᠳᠠᠭ ᠃
ᠳᠡᠭᠡᠷ᠎ᠡ ᠵᠠᠭᠤᠨ ᠤ ᠲᠠᠪᠢᠨ ᠨᠠᠢᠮᠠᠨ ᠤᠨ ᠳ᠋ᠥ ᠭᠤᠷᠪᠠᠨᠬᠤᠸᠠ ᠳ᠋ᠥ ᠠᠷᠠᠳ ‍ᠤᠨ ᠨᠢᠭᠡᠲᠦᠯ ᠪᠠᠶᠢᠭᠤᠯᠤᠭᠳᠠᠵᠤ ᠂ ᠠᠵᠤ ᠦᠢᠯᠡᠳᠪᠦᠷᠢᠯᠡᠯ ᠨᠢ ᠪᠠᠷᠢᠭᠠᠳᠡ ᠪᠠᠷ ᠨᠢᠭᠡᠴᠢ ᠪᠤᠯᠭᠠᠨ ᠬᠠᠮᠲᠤ ‍ᠤᠨ ᠠᠵᠤ ᠠᠮᠢᠳᠤᠷᠠᠯ ᠂ ᠠᠵᠢᠯ ᠬᠦᠳᠡᠯᠮᠦᠷᠢ ‍ᠢ ᠵᠤᠬᠢᠴᠠᠭᠤᠯᠳᠠᠭ ᠪᠤᠯᠪᠠ ᠃ ᠲᠡᠷᠨ ᠦᠶ᠎ᠡ ᠳ᠋ᠤ ᠪᠠᠷᠢᠭᠠᠳᠠ ᠪᠦᠷᠢ ᠨᠢ ᠳᠦᠷᠪᠡ ᠬᠦᠯᠦᠭᠰᠡᠨ ᠮᠤᠷᠢᠨ ᠲᠡᠷᠭᠡ ᠬᠡᠷᠡᠭᠯᠡᠬᠦ ᠪᠤᠯᠤᠭᠰᠠᠨ ᠶᠤᠮ ᠃ ᠦᠭᠡᠷ ᠬᠦᠯᠦᠭᠰᠡᠨ ᠲᠡᠷᠭᠡ ᠶ᠋ᠢ ᠪᠤᠳᠤᠪᠠᠯ ᠮᠤᠷᠢᠨ ᠲᠡᠷᠬᠡ ᠨᠢ ᠳᠠᠭᠠᠭᠠᠴᠠ ᠰᠠᠶᠢᠲᠠᠢ ᠂ ᠪᠠᠭᠲᠠᠭᠠᠮᠵᠢ ᠢᠯᠡᠭᠦᠦ ᠂ ᠬᠤᠷᠳᠤᠴᠠ ᠲᠦᠷᠭᠡᠨ ᠪᠠᠶᠢᠳᠠᠭ ᠃
ᠳᠡᠭᠡᠷ᠎ᠡ ᠵᠠᠭᠤᠨ ᠤ ᠨᠠᠶᠠᠭᠠᠳ ᠤᠨ ᠤ ᠡᠬᠢᠨ ᠳ᠋ᠥ ᠬᠠᠷᠢᠭᠤᠴᠠᠯᠭ᠎ᠠ ᠶ᠋ᠢᠨ ᠳᠦᠷᠢᠮ ‍ᠢ ᠡᠬᠢᠯᠡᠨ ᠬᠡᠷᠡᠭᠵᠢᠭᠦᠯᠵᠦ ᠂ ᠡᠷᠦᠬᠡ ᠪᠠᠷ ᠨᠢᠭᠡᠴᠢ ᠪᠤᠯᠭᠠᠭᠰᠠᠨ ᠦᠢᠯᠡᠳᠪᠦᠷᠢᠯᠡᠯ ‍ᠤᠨ ᠳᠦᠷᠢᠮ ‍ᠢ ᠬᠡᠷᠡᠭᠵᠢᠭᠦᠯᠦᠭᠰᠡᠨ ᠡᠴᠠ ᠪᠠᠷᠤᠭ ᠡᠷᠦᠭᠡ ᠪᠦᠷᠢ ᠠᠳᠤᠭᠤ ᠠᠷᠠᠴᠢᠯᠠᠨ ᠮᠤᠷᠢ ᠲᠡᠵᠢᠭᠡᠳᠡᠭ ᠪᠤᠯᠵᠠᠢ ᠃ ᠮᠤᠷᠢ ᠪᠠᠨ ᠠᠡᠵᠢᠰᠤᠨ ᠳ᠋ᠤ ᠬᠦᠯᠦᠵᠦ ᠲᠠᠷᠢᠶ᠎ᠠ ᠲᠠᠷᠢᠬᠤ ᠡᠴᠠ ᠭᠠᠳᠠᠨ᠎ᠠ ᠲᠡᠷᠭᠡᠨ ᠳ᠋ᠤ ᠬᠦᠯᠦᠵᠦ ᠡᠪᠡᠰᠦ ᠲᠦᠯᠡᠭᠡ ᠲᠡᠭᠡᠭᠡᠬᠦ ᠂ ᠲᠠᠷᠢᠶ᠎ᠠ ᠲᠦᠮᠦᠰᠦ ᠤᠷᠤᠭᠤᠯᠬᠤ ᠂ ᠠᠯᠪᠠᠨ ‍ᠤ ᠬᠦᠴᠦᠨ ᠤ ᠠᠵᠢᠯ ᠳ᠋ᠥ ᠤᠷᠤᠯᠴᠠᠬᠤ ᠂ ᠦᠶᠡᠷ ‍ᠢ ᠰᠡᠷᠭᠡᠶᠢᠯᠡᠬᠦ ᠪᠠᠷᠢᠯᠭ᠎ᠠ ᠳ᠋ᠥ ᠤᠷᠤᠯᠴᠠᠬᠤ ᠂ ᠭᠤᠤᠯ ‍ᠤᠨ ᠬᠠᠰᠢᠯᠭ᠎ᠠ ᠪᠤᠰᠬᠠᠬᠤ ᠂ ᠵᠠᠮ ᠵᠠᠰᠠᠳᠠᠭ ᠪᠠᠶᠢᠯ᠎ᠠ ᠃
ᠬᠤᠨᠢ ᠢᠮᠠᠭ᠎ᠠ ᠲᠡᠵᠢᠭᠡᠵᠦ ᠦᠷᠡᠵᠢᠬᠦᠯᠦᠨ ᠂ ᠮᠢᠬ᠎ᠠ ᠪᠠ ᠨᠤᠤᠰᠤ ᠨᠤᠤᠯᠤᠭᠤᠷ ‍ᠢ ᠨᠢ ᠬᠤᠳᠠᠯᠳᠤᠨ ᠠᠵᠤ ᠠᠬᠤᠢ ᠶ᠋ᠢᠨ ᠠᠰᠢᠭ ᠤᠷᠤᠯᠭ᠎ᠠ ᠪᠠᠨ ᠨᠡᠮᠡᠭᠳᠡᠭᠦᠯᠦᠭᠰᠡᠭᠡᠷ ᠢᠷᠡᠵᠡᠢ ᠃ ᠤᠡᠴᠠᠭᠠᠶᠢᠯᠠᠨ ᠳᠡᠭᠡᠷ᠎ᠡ ᠵᠠᠭᠤᠨ ᠤ ᠵᠢᠷᠠᠭᠠᠳ ᠤᠨ ᠡᠴᠠ ᠨᠠᠶᠠᠭᠠᠳ ᠤᠨ ᠤ ᠡᠬᠢ ᠬᠦᠷᠲᠡᠯᠡᠬᠢ ᠬᠤᠷᠢᠭᠠᠳ ᠵᠢᠯ ᠪᠠᠷᠢᠭᠠᠳᠠ ᠪᠠᠷ ᠨᠢᠭᠡᠴᠢ ᠪᠤᠯᠭᠠᠵᠤ ᠂ ᠬᠠᠮᠲᠤ ᠨᠡᠶᠢᠲᠡ ᠶ᠋ᠢᠨ ᠬᠦᠴᠦᠨ ᠳ᠋ᠤ ᠲᠦᠰᠢᠭᠯᠡᠨ ᠠᠮᠢᠳᠤᠷᠠᠵᠤ ᠪᠠᠶᠢᠬᠤ ᠳ᠋ᠥ ᠬᠤᠨᠢᠨ ᠤ ᠨᠤᠤᠰᠤ ᠪᠠ ᠢᠮᠠᠭᠠᠨ ‍ᠤ ᠨᠤᠤᠯᠤᠭᠤᠷ ‍ᠢᠶ᠋ᠡᠷ ᠪᠠᠷᠢᠭᠠᠳᠠ ᠶ᠋ᠢᠨ ᠴᠢᠬᠤᠯᠠ ᠤᠷᠤᠯᠭ᠎ᠠ ᠪᠤᠯᠭᠠᠵᠤ ᠪᠠᠶᠢᠭᠰᠠᠨ ᠶᠤᠮ ᠃ ᠲᠠᠷᠢᠶᠠᠨ ‍ᠤ ᠤᠨᠠᠯᠲᠠ ᠲᠤᠩ ᠳᠤᠤᠷ᠎ᠠ ᠪᠤᠯᠬᠤᠷ ᠤᠯᠤᠰ ᠡᠴᠠ ᠭᠡᠳᠡᠷᠭᠦ‍ ᠪᠤᠷᠤᠯᠠᠭᠤᠯᠬᠤ ᠠᠮᠤ ᠪᠤᠳᠠᠭ᠎ᠠ ᠬᠤᠳᠠᠯᠳᠤᠨ ᠠᠪᠬᠤ ᠳ᠋ᠥ ᠨᠤᠤᠰᠤ ᠨᠤᠤᠯᠤᠭᠤᠷ ‍ᠤᠨ ᠠᠰᠢᠭ ᠤᠷᠤᠯᠭ᠎ᠠ ᠪᠠᠷ ‍ᠢᠶ᠋ᠡᠨ ᠠᠷᠭᠠᠴᠠᠵᠤ ᠪᠠᠶᠢᠭᠰᠠᠨ ᠶᠤᠮ ᠃
ᠪᠠᠷᠢᠭᠠᠳᠠ ᠡᠴᠠ ᠵᠢᠯ ᠪᠦᠷᠢ ᠶ᠋ᠢᠨ ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ ᠤ ᠪᠠᠶᠠᠷ ᠳᠤᠷᠠᠳᠬᠠᠯ ‍ᠤᠨ ᠡᠳᠦᠷ ‍ᠢ ᠲᠤᠬᠢᠶᠠᠯᠳᠤᠭᠤᠯᠤᠨ ᠲᠠᠷᠭᠤ ᠰᠠᠶᠢᠲᠠᠢ ᠬᠤᠨᠢ ᠢᠮᠠᠭ᠎ᠠ ᠵᠠᠷᠤᠵᠤ ᠂ ᠡᠷᠦᠬᠡ ᠪᠦᠷᠢ ᠠᠮᠠᠨ ᠲᠤᠭ᠎ᠠ ᠪᠠᠷ ᠨᠢ ᠮᠢᠬ᠎ᠠ ᠬᠤᠪᠢᠶᠠᠳᠠᠭ ᠪᠠᠶᠢᠪᠠ ᠃ ᠨᠠᠮᠤᠷ ᠬᠤᠨᠢ ᠢᠮᠠᠭ᠎ᠠ ᠲᠠᠷᠭᠤᠯᠠᠭᠰᠠᠨ ᠤ ᠲᠠᠷᠠᠭ᠎ᠠ ᠂ ᠳᠤᠬᠠᠶᠢᠯᠠᠪᠠᠯ ᠨᠠᠢᠮᠠᠨ ᠰᠠᠷ᠎ᠠ ᠶ᠋ᠢᠨ ᠠᠷᠪᠠᠨ ᠲᠠᠪᠤᠨ ᠤ ᠦᠶ᠎ᠡ ᠳ᠋ᠤ ᠪᠤᠶᠤ ᠠᠷᠪᠠᠨ ᠰᠠᠷ᠎ᠠ ᠶ᠋ᠢᠨ ᠨᠢᠭᠡᠨ ᠤ ᠤᠯᠤᠰ ᠪᠠᠶᠢᠭᠤᠯᠤᠭᠳᠠᠭᠰᠠᠨ ᠪᠠᠶᠠᠷ ᠵᠡᠷᠭᠡ ᠪᠠᠶᠠᠷ ᠳᠤᠷᠠᠰᠬᠠᠯ ‍ᠤᠨ ᠡᠳᠦᠷ ‍ᠢ ᠲᠤᠬᠢᠶᠠᠯᠳᠣᠭᠣᠯᠣᠨ ᠬᠤᠨᠢ ᠢᠮᠠᠭ᠎ᠠ ᠵᠠᠷᠤᠵᠤ ᠂ ᠡᠷᠦᠭᠡ ᠪᠦᠷᠢ ᠳ᠋ᠥ ᠬᠦᠮᠦᠨ ᠠᠮᠠᠨ ᠲᠤᠭ᠎ᠠ ᠪᠠᠷ ᠮᠢᠬ᠎ᠠ ᠬᠤᠪᠢᠶᠠᠵᠤ ᠦᠭᠳᠡᠭ ᠪᠠᠶᠢᠭᠰᠠᠨ ᠠᠵᠢ ᠃ ᠡᠬᠦᠨ ᠡᠴᠠ ᠮᠠᠨ ᠤ ᠨᠤᠲᠤᠭ ‍ᠤᠨ ᠬᠦᠮᠦᠰ ᠠᠯᠢ ᠡᠷᠲᠡ ᠦᠶ᠎ᠡ ᠡᠴᠠ ᠪᠠᠨ ᠬᠤᠨᠢ ᠢᠮᠠᠭ᠎ᠠ ᠪᠠᠨ ᠲᠠᠷᠭᠤᠯᠠᠭᠤᠯᠪᠠᠯ ᠠᠯᠠᠰᠢ ᠭᠠᠷᠭᠠᠵᠤ ᠂ ᠱᠦᠯᠦ ᠤᠣᠭᠤᠳᠠᠭ ᠵᠤᠷᠰᠢᠯ ‍ᠢᠶ᠋ᠡᠨ ᠬᠠᠳᠠᠭᠠᠯᠠᠭᠰᠠᠭᠠᠷ ᠢᠷᠡᠭᠰᠡᠨ ‍ᠢ ᠦᠵᠡᠨ ᠭᠠᠷᠴᠤ ᠪᠤᠯᠳᠠᠭ ᠃
ᠭᠤᠷᠪᠠᠨᠬᠤᠸᠠ ᠨᠤᠲᠤᠭ ‍ᠤᠨ ᠬᠢᠨ ᠪᠤᠰᠤᠳ ᠬᠠᠪᠢ ᠵᠡᠷᠭᠡᠯᠡᠳᠡᠭᠡ ᠰᠤᠮᠤ ᠶ᠋ᠢᠨ ᠬᠢᠨ ᠲᠠᠢ ᠠᠳᠠᠯᠢ ᠪᠠᠷ ᠴᠢᠯᠠᠭᠤ ᠮᠤᠳᠤ ᠪᠠᠷ ᠵᠤᠬᠢᠶᠠᠭᠰᠠᠨ ᠤᠭᠤᠷ ‍ᠢᠶ᠋ᠡᠷ ᠪᠤᠳᠠᠭ᠎ᠠ ᠭᠤᠯᠢᠷ ᠲᠠᠯᠠᠭᠳᠠᠬᠤ ᠪᠠᠨ ᠪᠤᠯᠢᠵᠤ ᠂ ᠲᠡᠭᠡᠷᠮ᠎ᠡ ᠪᠡᠷ ᠪᠤᠳᠠᠭ᠎ᠠ ᠳᠡᠭᠡᠷᠮᠡᠳᠡᠬᠦ ᠪᠤᠯᠤᠭᠰᠠᠨ ᠢᠶᠠᠷ ᠡᠯᠵᠢᠭᠡ ᠠᠷᠠᠴᠢᠯᠠᠳᠠᠭ ᠪᠤᠯᠪᠠ ᠃ ᠲᠡᠷᠡ ᠦᠶ᠎ᠡ ᠳ᠋ᠥ ᠪᠠᠷᠤᠭ ᠡᠷᠦᠬᠡ ᠪᠦᠷᠢ ᠳ᠋ᠥ ᠡᠯᠵᠢᠭᠡ ᠲᠠᠢ ᠪᠠᠶᠢᠵᠤ ᠂ ᠲᠡᠭᠡᠷᠮ᠎ᠡ ᠳ᠋ᠥ ᠬᠦᠯᠦᠬᠦ ᠂ ᠵᠢᠵᠢᠭ ᠵᠢᠶᠤᠤᠫᠢ ᠬᠦᠷᠳᠦᠲᠦ ᠲᠡᠷᠭᠡᠨ ᠳ᠋ᠥ ᠬᠦᠯᠦᠬᠦ ᠪᠤᠶᠤ ᠤᠶᠢᠷ᠎ᠠ ᠬᠠᠪᠢ ᠶ᠋ᠢᠨ ᠵᠠᠮ ᠳ᠋ᠥ ᠤᠨᠤᠭ᠎ᠠ ᠪᠤᠯᠭᠠᠨ ᠬᠡᠷᠡᠭᠯᠡᠵᠦ ᠪᠠᠶᠢᠭᠰᠠᠨ ᠪᠢᠯᠨ ᠃ ᠡᠯᠵᠢᠭᠡ ᠪᠤᠯ ᠳᠠᠭᠠᠭᠠᠴᠠ ᠰᠠᠶᠢᠲᠠᠢ ᠂ ᠠᠷᠠᠴᠢᠯᠠᠵᠤ ᠡᠳ᠋ᠯᠡᠬᠦ ᠳ᠋ᠥ ᠠᠮᠠᠷ ᠂ ᠡᠪᠡᠰᠦ ᠪᠤᠷᠳᠤᠭᠠᠨ ᠳ᠋ᠥ ᠠᠷᠪᠢᠲᠠᠢ ᠪᠠᠶᠢᠳᠠᠭ ᠃ ᠠᠷᠠᠳ ‍ᠤᠨ ᠨᠢᠭᠡᠲᠦᠯ ᠪᠠᠶᠢᠭᠤᠯᠤᠭᠳᠠᠭᠰᠠᠨ ᠡᠴᠠ ᠨᠠᠭᠠᠰᠢ ᠵᠤᠨ ᠤ ᠤᠯᠠᠷᠢᠯ ᠳ᠋ᠥ ᠡᠯᠵᠢᠭᠡ ᠪᠠᠨ ᠨᠡᠶᠢᠲᠡ ᠶ᠋ᠢᠨ ᠲᠠᠷᠢᠶᠠᠨ ᠳ᠋ᠥ ᠤᠷᠤᠬᠤ ᠡᠴᠠ ᠬᠢᠴᠢᠶᠡᠨ ᠂ ᠤᠶᠢᠷ᠎ᠠ ᠬᠠᠪᠢ ᠶ᠋ᠢᠨ ᠪᠡᠯᠴᠢᠭᠡᠷ ᠲᠣ ᠠᠷᠭᠠᠮᠵᠢᠨ ᠢᠳᠡᠰᠢᠯᠡᠭᠦᠯᠳᠡᠭ ᠪᠤᠶᠤ ᠲᠤᠱᠠᠵᠤ ᠪᠡᠯᠴᠢᠭᠡᠷᠯᠡᠭᠦᠯᠳᠡᠭ ᠪᠠᠶᠢᠪᠠ ᠃ ᠲᠡᠶᠢᠮᠦ ᠡᠴᠠ ᠳᠡᠮᠡᠢ ᠲᠦᠪᠡᠭᠲᠡᠢ ᠠᠷᠠᠴᠢᠯᠠᠭ᠎ᠠ ᠬᠡᠷᠡᠭᠰᠡᠳᠡᠭ ᠦᠭᠡᠢ ᠃ ᠪᠤᠰᠤᠳ ᠤᠯᠠᠷᠢᠯ ᠳ᠋ᠥ ᠡᠳᠦᠷ ᠲᠣ ᠨᠢᠭᠡ ᠤᠳᠠᠭ᠎ᠠ ᠤᠰᠤᠯᠠᠨ ᠲᠠᠯᠪᠢᠵᠤ ᠶᠠᠪᠤᠭᠤᠯᠤᠭᠠᠳ ᠳᠤᠷ᠎ᠠ ᠪᠠᠷ ᠪᠡᠯᠴᠢᠭᠡᠷᠯᠡᠭᠦᠯᠵᠦ ᠂ ᠬᠡᠷᠡᠭᠯᠡᠬᠦ ᠦᠶ᠎ᠡ ᠳ᠋ᠡᠭᠡᠨ ᠯᠠ ᠡᠷᠢᠵᠦ ᠠᠪᠴᠢᠷᠠᠳᠠᠭ ᠃
ᠯᠠᠭᠤᠰᠠ ᠬᠡᠷᠡᠭᠯᠡᠬᠦ ᠪᠤᠯᠤᠭᠰᠠᠨ ᠨᠢ ᠠᠷᠠᠳ ‍ᠤᠨ ᠨᠢᠭᠡᠲᠦᠯ ᠪᠠᠶᠢᠭᠤᠯᠤᠭᠳᠠᠵᠤ ᠂ ᠨᠡᠶᠢᠲᠡ ᠡᠴᠠ ᠯᠠᠭᠤᠰᠠᠨ ᠲᠡᠷᠭᠡ ᠬᠡᠷᠡᠭᠯᠡᠬᠦ ᠪᠤᠯᠤᠭᠰᠠᠨ ᠡᠴᠠ ᠡᠬᠢᠯᠡᠭᠰᠡᠨ ᠶᠤᠮ ᠃ ᠯᠠᠭᠤᠰᠠ ᠨᠢ ᠡᠯᠵᠢᠭᠡ ᠮᠤᠷᠢᠨ ᠤ ᠤᠨᠴᠠᠯᠢᠭ ‍ᠢ ᠪᠦᠷᠢᠳᠦᠭᠦᠯᠦᠭᠰᠡᠨ ᠡᠴᠠ ᠬᠡᠷᠡᠭᠴᠡᠭᠡ ᠤᠯᠠᠨ ᠪᠠᠶᠢᠳᠠᠭ ᠃ ᠬᠠᠷᠢᠭᠤᠴᠠᠯᠭ᠎ᠠ ᠶ᠋ᠢᠨ ᠳᠦᠷᠢᠮ ‍ᠢ ᠬᠡᠷᠡᠭᠵᠢᠭᠦᠯᠦᠭᠰᠡᠨ ᠤ ᠰᠡᠭᠦᠯᠡᠷ ᠂ ᠡᠷᠦᠬᠡ ᠪᠤᠯᠭᠠᠨ ᠨᠡᠶᠢᠲᠡᠮ ᠯᠠᠭᠤᠰᠠ ᠬᠡᠷᠡᠭᠯᠡᠬᠦ ᠪᠤᠯᠤᠭᠰᠠᠨ ᠢᠶᠠᠷ ᠡᠯᠵᠢᠭᠡ ᠮᠤᠷᠢᠨ ᠤ ᠲᠤᠭ᠎ᠠ ᠶᠡᠬᠡ ᠵᠦᠷᠢᠶᠡᠨ ᠲᠠᠢ ᠪᠤᠯᠤᠭᠰᠠᠨ ᠪᠠᠶᠢᠨ᠎ᠠ ᠃ ᠲᠤᠬᠠᠶᠢᠯᠠᠪᠠᠯ ᠂ ᠨᠡᠶᠢᠲᠡ ᠶ᠋ᠢᠨ ᠦᠶ᠎ᠡ ᠳ᠋ᠥ ᠵᠠᠭᠤ ᠬᠦᠷᠭᠦ ᠦᠭᠡᠢ ᠪᠠᠶᠢᠭᠰᠠᠨ ᠯᠠᠭᠤᠰᠠ ᠨᠢ ᠦᠳᠲᠡᠷ ᠦᠰᠴᠦ ᠲᠠᠪᠤᠨ ᠵᠠᠭᠤ ᠤᠷᠴᠢᠮ ᠪᠤᠯᠵᠤ ᠂ ᠨᠡᠶᠢᠲᠡ ᠶ᠋ᠢᠨ ᠦᠶ᠎ᠡ ᠳ᠋ᠥ 1300 ᠭᠠᠷᠤᠢ ᠪᠠᠶᠢᠭᠰᠠᠨ ᠡᠯᠵᠢᠭᠡ ᠨᠢ ᠬᠠᠷᠢᠨ ᠪᠠᠭᠤᠷᠠᠭᠠᠳ 500 ᠭᠠᠷᠤᠶᠢᠬᠠᠨ ᠪᠤᠯᠵᠠᠢ ᠃
ᠤᠳᠤᠬᠠᠨ ᠳ᠋ᠥ ᠪᠤᠳᠠᠭ᠎ᠠ ᠭᠤᠯᠢᠷ ‍ᠢ ᠮᠠᠰᠢᠨ ‍ᠢᠶ᠋ᠡᠷ ᠪᠤᠯᠪᠠᠰᠤᠷᠠᠭᠤᠯᠬᠤ ᠪᠤᠯᠵᠤ ᠂ ᠵᠢᠵᠢᠭ ᠵᠢᠶᠤᠤᠫᠢ ᠬᠦᠷᠳᠦᠲᠦ ᠲᠡᠷᠭᠡ ᠬᠡᠷᠡᠭᠯᠡᠬᠦ ᠦᠭᠡᠢ ᠪᠤᠯᠤᠭᠰᠠᠨ ᠡᠴᠠ ᠡᠯᠵᠢᠭᠡ ᠯᠠᠭᠤᠰᠠ ᠴᠦ ᠨᠡᠶᠢᠭᠡᠮ ‍ᠤᠨ ᠬᠡᠷᠡᠭᠯᠡᠭᠡᠨ ᠡᠴᠠ ᠠᠭᠠᠵᠢᠮ ‍ᠢᠶ᠋ᠡᠷ ᠵᠠᠶᠢᠳᠠᠵᠤ ᠂ ᠲᠤᠭ᠎ᠠ  ᠨᠢ ᠴᠦ ᠦᠳᠲᠡᠷ ᠪᠠᠭᠤᠷᠠᠨ ᠂ ᠡᠳᠦᠭᠡ ᠲᠤᠩ ᠴᠦᠬᠡᠨ ᠬᠠᠷᠠᠭᠳᠠᠬᠤ ᠪᠤᠯᠤᠭᠰᠠᠨ ᠪᠠᠶᠢᠨ᠎ᠠ ᠃
ᠮᠠᠯᠴᠢᠨ ᠡᠷᠦᠬᠡ ᠳ᠋ᠥ ᠭᠠᠬᠠᠢ ᠲᠠᠬᠢᠶ᠎ᠠ ᠂ ᠭᠠᠯᠠᠭᠤ ᠨᠤᠭᠤᠰᠤ ᠂ ᠲᠠᠥᠯᠠᠢ ᠵᠡᠷᠭᠡ ᠭᠡᠷ ‍ᠤᠨ ᠲᠡᠵᠢᠭᠡᠪᠦᠷᠢ ᠲᠡᠵᠢᠭᠡᠳᠡᠭ ᠨᠢ ᠲᠡᠳᠡ ᠡᠳᠦᠷ ᠳᠤᠲᠤᠮ ‍ᠤᠨ ᠠᠮᠢᠳᠤᠷᠠᠯ ᠳ᠋ᠠᠭᠠᠨ ᠬᠡᠷᠡᠭᠰᠡᠬᠦ ᠮᠢᠬ᠎ᠠ ᠲᠤᠰᠤ ᠂ ᠦᠨᠳᠡᠭᠡ ᠵᠡᠷᠭᠡ ᠪᠠᠨ ᠦᠪᠡᠷᠰᠡᠳ ᠢᠶᠠᠷ ᠬᠠᠩᠭᠠᠬᠤ ᠶ᠋ᠢᠨ ᠲᠦᠯᠦᠭᠡ ᠪᠠᠶᠢᠭ᠎ᠠ ᠶᠤᠮ ᠃ ᠲᠡᠶᠢᠮᠦ ᠡᠴᠠ ᠡᠭᠦᠨ ‍ᠢᠶ᠋ᠡᠨ ᠨᠢᠭᠡ ᠵᠦᠢᠯ ‍ᠤᠨ ᠵᠢᠵᠢᠭ ᠠᠵᠤ ᠠᠬᠤᠶᠢᠯᠠᠯ ᠪᠤᠯᠭᠠᠵᠤ ᠂ ᠶᠡᠬᠡ ᠬᠡᠪᠴᠢᠶ᠎ᠡ ᠪᠠᠷ ᠦᠢᠯᠡᠰᠵᠢᠭᠦᠯᠦᠨ ᠡᠵᠡᠩᠨᠡᠭᠰᠡᠨ ᠡᠷᠦᠬᠡ ᠭᠠᠷᠤᠭ᠎ᠠ ᠦᠭᠡᠢ ᠃

ᠮᠠᠯ ᠠᠵᠤ ᠠᠬᠤᠢ ᠶ᠋ᠢᠨ ᠡᠵᠡᠩᠨᠡᠬᠦ ᠠᠷᠭ᠎ᠠ ᠬᠡᠯᠪᠡᠷᠢ ᠶ᠋ᠢᠨ ᠲᠠᠯ᠎ᠠ ᠪᠠᠷ ᠬᠡᠯᠡᠪᠡᠯ ᠂  ᠭᠤᠷᠪᠠᠨᠬᠤᠸᠠ ᠨᠤᠲᠤᠭ ‍ᠤᠨ ᠬᠢᠨ ᠴᠢᠩ ᠤᠯᠤᠰ ‍ᠤᠨ ᠰᠡᠭᠦᠯᠴᠢ ᠪᠤᠯᠲᠠᠯ᠎ᠠ ᠴᠤᠯᠤ ᠮᠠᠯᠵᠢᠬᠤ ᠠᠮᠢᠳᠤᠷᠠᠯ ᠡᠷᠬᠢᠯᠡᠵᠦ ᠪᠠᠶᠢᠭᠰᠠᠨ ᠶᠤᠮ ᠃ ᠪᠡᠭᠡᠵᠢᠩ ᠰᠠᠬᠤᠤᠯ ᠯᠢ ᠲᠤᠶᠢᠮᠤᠭ   ᠲᠡᠮᠡᠭᠡᠴᠢᠨ ᠂ ᠦᠬᠡᠷᠴᠢᠨ ᠂ ᠬᠤᠨᠢᠴᠢᠨ ᠬᠦᠯᠦᠰᠦᠯᠡᠵᠦ ᠂ ᠭᠤᠷᠪᠠᠨᠬᠤᠸᠠ ᠶ᠋ᠢᠨ ᠵᠡᠭᠦᠨ ᠡᠮᠦᠨ᠎ᠡ ᠤᠯᠠᠨ ᠰᠤᠮᠤᠲᠤ ᠶ᠋ᠢᠨ ᠲᠠᠯ᠎ᠠ ᠤᠪᠤᠭ᠎ᠠ ᠂ ᠬᠤᠵᠢᠷᠲᠤ ᠶ᠋ᠢᠨ ᠲᠠᠯ᠎ᠠ ᠶ᠋ᠢᠨ ᠪᠡᠯᠴᠢᠭᠡᠷ  ᠲᠤ  ᠮᠠᠯ ᠰᠦᠷᠦᠭ ᠢᠶᠡᠨ ᠠᠷᠠᠴᠢᠯᠠᠵᠤ ᠪᠠᠶᠢᠭᠰᠠᠨ ᠭᠡᠳᠡᠭ ᠃ ᠲᠡᠷᠨ ᠂ ᠬᠦᠷᠢᠶ᠎ᠡ ᠂ ᠪᠠᠶᠢᠰᠢᠩᠲᠤ ᠵᠡᠷᠭᠡ ᠭᠠᠵᠠᠷ ᠡᠴᠠ ᠠᠷᠠᠯᠵᠢᠵᠤ ᠠᠪᠴᠢᠷᠠᠭᠰᠠᠨ ᠮᠠᠯ ᠰᠦᠷᠦᠭ ‍ᠢᠶ᠋ᠡᠨ ᠡᠶᠢᠨ ᠬᠦ ᠪᠡᠯᠴᠢᠭᠡᠷᠯᠡᠭᠦᠯᠦᠨ ᠠᠷᠠᠴᠢᠯᠠᠵᠤ ᠂ ᠳᠦᠷᠪᠡᠨ ᠤᠯᠠᠷᠢᠯ ᠳ᠋ᠥ ᠦᠨᠳᠦᠰᠦᠨ ᠳ᠋ᠡᠭᠡᠨ ᠡᠪᠡᠰᠦ ᠪᠤᠷᠳᠤᠭ᠎ᠠ ᠬᠡᠷᠡᠭᠯᠡᠵᠦ ᠪᠠᠶᠢᠭᠰᠠᠨ ᠦᠭᠡᠢ ᠭᠡᠳᠡᠭ ᠃ ᠮᠠᠨᠵᠤ ᠶ᠋ᠢᠨ ᠦᠶ᠎ᠡ ᠳ᠋ᠥ ᠡᠷᠦᠬᠡ ᠨᠡᠶᠢᠯᠡᠭᠦᠯᠦᠨ ᠲᠦᠪᠯᠡᠷᠡᠭᠦᠯᠦᠨ ᠰᠠᠭᠤᠯᠭᠠᠭᠰᠠᠨ ‍ᠤ ᠳᠠᠷᠠᠭ᠎ᠠ ᠴᠤ ᠭᠤᠷᠪᠠᠡᠬᠤᠸᠨ ᠶ᠋ᠢᠨ ᠬᠦᠮᠦᠰ ᠡᠪᠦᠯ ‍ᠤᠨ ᠭᠤᠤᠯ ᠪᠤᠶᠤ ᠴᠠᠭᠠᠨ ᠵᠤᠳ ᠲᠠᠢ ᠨᠠᠮᠤᠷ ‍ᠤᠨ ᠦᠶ᠎ᠡ ᠳ᠋ᠥ ᠯᠠ ᠬᠠᠳᠤᠵᠤ ᠬᠤᠷᠢᠶᠠᠭᠰᠠᠨ ᠬᠠᠭᠤᠷᠠᠢ ᠡᠪᠡᠰᠦ ᠪᠠᠷ ᠮᠠᠯ ᠰᠦᠷᠦᠭ ᠢᠶᠡᠨ ᠲᠡᠵᠢᠬᠡᠬᠦ ᠡᠴᠠ ᠭᠠᠳᠠᠨ᠎ᠠ ᠪᠠᠷᠤᠭ ᠳᠡᠮᠡᠢ ᠬᠤᠳᠠᠯᠳᠤᠭᠠᠨ ᠤ ᠡᠪᠡᠰᠦ ᠪᠤᠷᠳᠤᠭ᠎ᠠ ᠬᠡᠷᠡᠭᠯᠡᠵᠦ ᠪᠠᠶᠢᠭ᠎ᠠ ᠦᠭᠡᠢ ᠠᠵᠢ ᠃
ᠭᠤᠷᠪᠠᠨᠬᠤᠸᠠ ᠨᠤᠲᠤᠭ ‍ᠤᠨ ᠮᠠᠯ ᠠᠵᠤ ᠠᠬᠤᠢ ᠶ᠋ᠢᠨ ᠡᠵᠡᠩᠨᠡᠯᠲᠡ ᠶ᠋ᠢᠨ ᠠᠷᠭ᠎ᠠ ᠬᠡᠯᠪᠡᠷᠢ ᠨᠢ ᠤᠯᠤᠰ ᠪᠠᠶᠢᠭᠤᠯᠤᠭᠳᠠᠭᠰᠠᠨ ᠤ ᠳᠠᠷᠠᠭ᠎ᠠ ᠂ ᠤᠡᠴᠠᠭᠠᠶᠢᠯᠠᠨ 1958 ᠤᠨ ᠳ᠋ᠥ ᠠᠷᠠᠳ ‍ᠤᠨ ᠨᠢᠭᠡᠲᠦᠯ ( ᠭᠥᠩᠱᠧ ) ᠪᠠᠶᠢᠭᠤᠯᠤᠭᠳᠠᠵᠤ ᠂ ᠮᠠᠯ ᠰᠦᠷᠦᠭ ‍ᠢ ᠬᠤᠷᠢᠶᠠᠨ ᠨᠡᠶᠢᠲᠡ ᠳ᠋ᠥ ᠦᠮᠴᠢᠯᠡᠭᠦᠯᠦᠭᠰᠡᠨ ᠤ ᠰᠡᠭᠦᠯᠡᠷ ᠰᠠᠶᠢᠵᠢᠷᠠᠵᠤ ᠡᠬᠢᠯᠡᠭᠰᠡᠨ ᠶᠤᠮ ᠃ ᠠᠷᠠᠳ ‍ᠤᠨ ᠨᠢᠭᠡᠲᠦᠯ ᠪᠠᠶᠢᠭᠤᠯᠤᠭᠳᠠᠭᠰᠠᠨ ᠤ ᠰᠡᠭᠦᠯᠡᠷ ᠪᠠᠷᠢᠭᠠᠳᠠ ᠪᠦᠷᠢ ᠮᠠᠯ ᠰᠦᠷᠦᠭ ‍ᠢᠶ᠋ᠡᠨ ᠲᠦᠷᠦᠯ ᠵᠦᠢᠯ ‍ᠢᠶ᠋ᠡᠷ ᠨᠢ ᠰᠦᠷᠦᠭ ᠪᠤᠯᠭᠠᠨ ᠲᠤᠰᠬᠠᠢ ᠬᠤᠷᠰᠢᠶᠠᠨ ᠤ ᠬᠡᠰᠢᠭᠦᠨ ᠠᠷᠠᠴᠢᠯᠠᠨ ᠡᠵᠡᠩᠨᠡᠳᠡᠭ ᠪᠤᠯᠪᠠ ᠃ ᠲᠤᠬᠠᠶᠢᠯᠠᠪᠠᠯ ᠄ ᠠᠳᠤᠭᠤ ᠶ᠋ᠢ ᠬᠡᠳᠦᠨ ᠠᠵᠢᠷᠭ᠎ᠠ ᠪᠠᠷ ᠨᠢᠭᠡ ᠰᠦᠷᠦᠭ ᠪᠤᠯᠭᠠᠵᠤ ᠂ ᠬᠡᠳᠦᠨ ᠠᠳᠤᠭᠤᠴᠢᠨ ᠲᠤᠬᠢᠷᠠᠭᠤᠯᠤᠨ ᠂ ᠦᠬᠡᠷ ‍ᠢ ᠰᠦᠷᠦᠭ ᠬᠤᠪᠢᠶᠠᠨ ᠬᠠᠷᠢᠭᠤᠯᠵᠤ ᠂ ᠦᠨᠢᠶᠡᠳ ‍ᠢ ᠲᠤᠰᠬᠠᠢ ᠰᠦᠷᠦᠭ ᠪᠤᠯᠭᠠᠨ ᠂ ᠰᠦ ᠴᠠᠭᠠᠨ ᠢᠳᠡᠭᠡ ᠪᠤᠯᠪᠠᠰᠤᠷᠠᠭᠤᠯᠳᠠᠭ ᠃ ᠬᠤᠨᠢᠨ ᠤ ᠰᠦᠷᠦᠭ ‍ᠢ ᠡᠮ᠎ᠡ ᠬᠤᠨᠢᠨ ᠰᠦᠷᠦᠭ ᠂ ᠢᠷᠭᠡ ᠶ᠋ᠢᠨ ᠰᠦᠷᠦᠭ ᠭᠡᠬᠦ ᠮᠡᠲᠦ ᠪᠠᠷ ᠰᠠᠯᠭᠠᠨ ᠠᠷᠠᠴᠢᠯᠠᠳᠠᠭ ᠃ ᠨᠠᠮᠤᠷ ‍ᠤᠨ ᠤᠯᠠᠷᠢᠯ ᠳ᠋ᠥ ᠲᠤᠰᠠᠬᠠᠢ ᠬᠠᠳᠤᠯᠠᠩ ᠡᠴᠠ ᠬᠦᠬᠡ ᠡᠪᠡᠰᠦ ᠬᠠᠳᠤᠨ ᠂ ᠬᠠᠭᠤᠷᠠᠢ  ᠡᠪᠡᠰᠦ ᠪᠠᠨ ᠰᠦᠷᠦᠭ ᠪᠤᠯᠭᠠᠨ ᠳ᠋ᠥ ᠲᠤᠬᠢᠷᠠᠭᠤᠯᠤᠨ ᠬᠤᠷᠢᠶᠠᠨ ᠬᠠᠳᠠᠭᠠᠯᠠᠵᠤ ᠂ ᠡᠪᠤᠯ ᠬᠠᠪᠤᠷ ‍ᠤᠨ ᠭᠠᠴᠢᠭ ᠵᠤᠳ  ᠲᠤ ᠪᠡᠯᠡᠳᠭᠡᠨ ᠂ ᠮᠠᠯ ᠰᠦᠷᠦᠭ ‍ᠢᠶ᠋ᠡᠨ ᠮᠡᠨᠳᠦ ᠪᠠᠷ ᠳᠠᠷᠠᠭ᠎ᠠ ᠤᠨ ᠳ᠋ᠥ ᠤᠷᠤᠭᠤᠯᠳᠠᠭ ᠪᠠᠶᠢᠭᠰᠠᠨ ᠪᠢᠯᠨ ᠃
ᠳᠡᠭᠡᠷ᠎ᠡ ᠵᠠᠭᠤᠨ ᠤ ᠨᠠᠶᠠᠭᠠᠳ ᠤᠨ ᠤ ᠡᠬᠢ ᠪᠠᠷ ᠬᠠᠷᠢᠭᠤᠴᠠᠯᠭ᠎ᠠ ᠶ᠋ᠢᠨ ᠳᠦᠷᠢᠮ ‍ᠢ ᠬᠡᠷᠡᠭᠵᠢᠭᠦᠯᠦᠭᠰᠡᠨ ᠤ ᠳᠠᠷᠠᠭ᠎ᠠ ᠂ ᠰᠦᠷᠦᠭ ‍ᠢ ᠡᠷᠦᠭᠡ ᠳ᠋ᠥ ᠳᠠᠭᠠᠭᠠᠴᠢᠯᠠᠭᠤᠯᠵᠤ ᠂ ᠮᠠᠯ ᠰᠦᠷᠦᠭ ᠬᠤᠪᠢ ᠶ᠋ᠢᠨ ᠦᠮᠴᠢ ᠪᠤᠯᠤᠭᠰᠠᠨ ᠡᠴᠠ ᠡᠵᠡᠩᠨᠡᠬᠦ ᠬᠡᠯᠪᠡᠷᠢ ᠨᠡᠩ ᠢᠯᠡᠭᠦᠦ ᠨᠠᠷᠢᠯᠢᠭ ᠪᠤᠯᠵᠤ ᠂ ᠡᠪᠡᠰᠦ ᠪᠤᠷᠳᠤᠭ᠎ᠠ ᠪᠠᠨ ᠬᠠᠩᠭᠠᠮᠵᠢᠲᠠᠢ ᠭᠦᠢᠴᠡᠳ ᠪᠡᠯᠡᠳᠭᠡᠵᠦ ᠂ ᠳᠤᠯᠠᠭᠠᠨ ᠪᠡᠬᠢᠯᠢᠭ ᠬᠠᠰᠢᠶ᠎ᠠ ᠰᠠᠷᠠᠪᠴᠢ ᠪᠤᠰᠬᠠᠨ ᠂ ᠮᠠᠯ ᠠᠵᠤ ᠠᠬᠤᠢ ᠶ᠋ᠢᠨ ᠦᠨᠢᠷ ᠦᠰᠬᠦ ᠶ᠋ᠢ ᠪᠠᠲᠤᠯᠠᠵᠤ ᠴᠢᠳᠠᠭᠰᠠᠨ ᠪᠠᠶᠢᠨ᠎ᠠ ᠃  ᠶᠠᠭ ᠡᠶᠢᠮᠦ ᠡᠴᠠ ᠠᠩᠬ᠎ᠠ  ᠬᠠᠷᠢᠭᠤᠴᠠᠯᠭ᠎ᠠ ᠶ᠋ᠢᠨ ᠳᠦᠷᠢᠮ ‍ᠢ ᠬᠡᠷᠡᠭᠵᠢᠭᠦᠯᠬᠦ ᠦᠶ᠎ᠡ ᠳ᠋ᠥ ᠭᠤᠷᠪᠠᠡᠬᠤᠸᠨ ᠰᠤᠮᠤᠨ ‍ᠤ ᠪᠦᠬᠦ ᠮᠠᠯ ‍ᠤᠨ ᠶᠡᠷᠦᠩᠬᠡᠢ ᠲᠤᠭ᠎ᠠ 5 ᠲᠦᠮᠡ ᠪᠠᠶᠢᠭᠰᠠᠨ ᠡᠴᠠ ᠪᠠᠨ ᠶᠡᠷᠡᠭᠡᠳ ᠤᠨ ᠪᠤᠯᠬᠤ ᠳ᠋ᠥ 6 ᠲᠦᠮᠡ ᠳ᠋ᠥ ᠬᠦᠷᠴᠦ ᠂ ᠲᠠᠸᠠᠷ ‍ᠤᠨ ᠨᠤᠷᠮ᠎ᠠ 17.5 % ᠪᠠᠶᠢᠭᠰᠠᠨ ᠡᠴᠠ ᠪᠠᠨ ᠶᠡᠷᠡᠭᠡᠳ ᠤᠨ ᠤ ᠳᠤᠮᠳᠠᠴᠢ ᠪᠤᠯᠬᠤ ᠳ᠋ᠥ 28% ᠳ᠋ᠥ ᠬᠦᠷᠴᠠᠢ ᠃
ᠤᠡᠴᠠᠭᠠᠶᠢᠯᠠᠨ ᠤᠶᠢᠷ᠎ᠠ ᠶ᠋ᠢᠨ ᠬᠡᠳᠦᠨ ᠵᠢᠯ ᠳ᠋ᠥ ᠬᠠᠰᠢᠶᠠᠯᠠᠨ ᠮᠠᠯᠵᠢᠬᠤ ᠶ᠋ᠢ ᠳᠡᠯᠭᠡᠷᠡᠭᠦᠯᠦᠨ ᠬᠡᠷᠡᠭᠵᠢᠭᠦᠯᠦᠭᠰᠡᠨ ᠡᠴᠠ ᠡᠷᠦᠬᠡ ᠪᠦᠷᠢ ᠸᠠᠭᠠᠷ ᠲᠤᠭᠤᠰᠬᠠᠨ ᠪᠦᠲᠦᠴᠡ ᠲᠠᠢ ᠮᠠᠯ ‍ᠤᠨ ᠬᠠᠰᠢᠶ᠎ᠠ ᠰᠠᠷᠠᠪᠴᠢ ᠪᠠᠶᠢᠭᠤᠯᠵᠤ ᠂ ᠡᠪᠡᠰᠦ ᠪᠤᠷᠳᠤᠭ᠎ᠠ ᠪᠠᠨ ᠨᠡᠩ ᠨᠠᠷᠢᠯᠢᠭ ᠪᠡᠯᠡᠳᠭᠡᠨ ᠂ ᠬᠠᠭᠤᠷᠠᠢ ᠡᠪᠡᠰᠦ ᠪᠤᠷᠳᠤᠭᠠᠨ ᠡᠴᠠ ᠭᠠᠳᠠᠨ᠎ᠠ ᠬᠦᠬᠡ ᠪᠠᠷ ᠳᠠᠷᠤᠰᠢᠭᠤᠯᠤᠭᠰᠠᠨ ᠪᠤᠷᠳᠤᠭ᠎ᠠ ᠪᠡᠯᠡᠳᠭᠡᠬᠦ ᠂ ᠪᠤᠳᠠᠭᠠᠨ ᠪᠤᠷᠳᠤᠭ᠎ᠠ ᠪᠡᠯᠡᠳᠭᠡᠬᠦ ᠂ ᠬᠡᠷᠴᠢᠵᠦ ᠬᠡᠮᠬᠡᠯᠡᠭᠰᠡᠨ ᠪᠤᠷᠳᠤᠭ᠎ᠠ ᠶ᠋ᠢ ᠤᠩᠭᠤᠴᠠᠯᠠᠨ ᠲᠡᠵᠢᠭᠡᠬᠦ ᠵᠡᠷᠭᠡ ᠡᠵᠡᠩᠨᠡᠬᠦ ᠬᠡᠯᠪᠡᠷᠢ ᠨᠢ ᠨᠡᠶᠢᠲᠡᠮ ᠲᠦᠭᠡᠮᠡᠯᠵᠢᠭᠰᠡᠨ ᠪᠠᠶᠢᠨ᠎ᠠ ᠃ ᠨᠡᠩ ᠢᠯᠠᠩᠭᠤᠶ᠎ᠠ ᠬᠤᠷᠰᠢᠨ ᠮᠠᠯᠵᠢᠬᠤ ᠠᠷᠭ᠎ᠠ ᠬᠡᠯᠪᠡᠷᠢ ᠰᠢᠨ᠎ᠡ ᠪᠠᠷ ᠢᠯᠡᠷᠡᠵᠦ ᠂ ᠪᠠᠶᠠᠨᠲᠠᠯ᠎ᠠ ᠭᠠᠴᠠᠭᠠᠨ ᠤ ᠲᠠᠰ ᠨᠦᠬᠦᠷ ‍ᠤᠨ ᠡᠷᠬᠢᠯᠡᠨ ᠪᠠᠶᠢᠭᠤᠯᠤᠭᠰᠠᠨ ᠦᠬᠡᠷ ᠲᠡᠵᠢᠭᠡᠬᠦ ᠬᠤᠷᠰᠢᠶ᠎ᠠ ᠪᠠᠷ ᠲᠦᠯᠦᠭᠡᠯᠡᠭᠦᠯᠦᠭᠰᠡᠨ ᠰᠢᠨ᠎ᠡ ᠮᠠᠶᠢᠭ ‍ᠤᠨ ᠡᠵᠡᠩᠨᠡᠬᠦ ᠬᠡᠯᠪᠡᠷᠢ ᠨᠢ ᠭᠤᠷᠪᠠᠨᠬᠤᠸᠠ ᠶ᠋ᠢᠨ ᠮᠠᠯ ᠠᠵᠤ ᠠᠬᠤᠢ ᠶ᠋ᠢᠨ ᠰᠢᠨ᠎ᠡ ᠦᠵᠡᠭᠳᠡᠯ ‍ᠢ ᠪᠤᠢ ᠪᠤᠯᠭᠠᠪᠠ ᠃

ᠮᠠᠯ ᠠᠵᠤ ᠠᠬᠤᠢ ᠶ᠋ᠢᠨ ᠪᠦᠳᠦᠭᠡᠨ ᠪᠠᠶᠢᠭᠤᠯᠤᠯᠲᠠ

ᠠᠷᠠᠳ ‍ᠤᠨ ᠨᠢᠭᠡᠲᠦᠯ ᠪᠠᠶᠢᠭᠤᠯᠤᠭᠳᠠᠭᠰᠠᠨ ᠡᠴᠠ ᠨᠠᠭᠠᠰᠢ ᠮᠠᠯ ᠠᠵᠤ ᠠᠬᠤᠢ ᠶ᠋ᠢᠨ ᠪᠦᠲᠦᠭᠡᠨ ᠪᠠᠶᠢᠭᠤᠯᠤᠯᠲᠠ ᠶ᠋ᠢ ᠬᠦᠨᠳᠦᠳᠭᠡᠬᠦ ᠪᠤᠯᠤᠭᠰᠠᠨ ᠪᠢᠯᠨ ᠃ ᠮᠠᠯ ᠠᠵᠤ ᠠᠬᠤᠢ ᠨᠢ ᠭᠤᠷᠪᠠᠨᠬᠤᠸᠠ ᠶ᠋ᠢᠨ ᠭᠤᠤᠯ ᠠᠵᠤ ᠦᠢᠯᠡᠳᠪᠦᠷᠢᠯᠡᠯ ᠪᠠᠶᠢᠭ᠎ᠠ ᠪᠤᠯᠬᠤᠷ ᠭᠤᠷᠪᠠᠨᠬᠤᠸᠠ ᠶ᠋ᠢᠨ ᠠᠷᠠᠳ ‍ᠤᠨ ᠠᠮᠢᠳᠤᠷᠠᠯ ‍ᠢ ᠰᠠᠶᠢᠵᠢᠷᠠᠭᠤᠯᠤᠶ᠎ᠠ ᠭᠡᠪᠡᠯ ᠡᠷᠭᠡᠪᠰᠢ ᠮᠠᠯ ᠠᠵᠤ ᠠᠬᠤᠢ ᠶ᠋ᠢᠨ ᠪᠦᠲᠦᠭᠡᠨ ᠪᠠᠶᠢᠭᠤᠯᠤᠯᠲᠠ ᠶ᠋ᠢ ᠴᠢᠬᠤᠯᠠᠴᠢᠯᠠᠵᠤ ᠂ ᠮᠠᠯ ᠠᠵᠤ ᠠᠬᠤᠢ ᠶ᠋ᠢ ᠬᠦᠨᠳᠦᠳᠭᠡᠬᠦ ᠬᠡᠷᠡᠭᠲᠡᠢ ᠃ ᠡᠨᠡ ᠬᠦ ᠠᠰᠠᠭᠤᠳᠠᠯ ‍ᠢ ᠭᠤᠷᠪᠠᠨᠬᠤᠸᠠ ᠶ᠋ᠢᠨ ᠠᠷᠠᠳ ‍ᠤᠨ ᠨᠢᠭᠡᠲᠦᠯ ᠦᠶ᠎ᠡ ᠳ᠋ᠤ ᠴᠢᠬᠤᠯᠠᠴᠢᠯᠠᠨ ᠠᠳᠬᠤᠭᠰᠠᠭᠠᠷ ᠢᠷᠡᠭᠰᠡᠨ ᠪᠦᠭᠡᠳ ᠰᠡᠬᠦᠯᠡᠷ ᠨᠢ ᠰᠢᠶᠠᠩ ᠂ ᠰᠤᠮᠤ ᠪᠤᠯᠤᠭᠰᠠᠨ ‍ᠤ ᠳᠠᠷᠠᠭ᠎ᠠ ᠴᠤ ᠨᠠᠮ ᠵᠠᠰᠠᠭ ‍ᠤᠨ ᠤᠳᠤᠷᠢᠳᠤᠯᠭ᠎ᠠ ᠨᠠᠷ ᠡᠴᠠ ᠬᠦᠡᠳᠦᠳᠭᠡᠨ ᠦᠵᠡᠭᠰᠡᠭᠡᠷ ᠢᠷᠡᠵᠡᠢ ᠃
ᠨᠤᠲᠤᠭ ᠪᠡᠯᠴᠢᠭᠡᠷ ‍ᠤᠨ ᠪᠦᠲᠦᠭᠡᠨ ᠪᠠᠶᠢᠭᠤᠯᠤᠯᠲᠠ ᠶ᠋ᠢᠨ ᠲᠠᠯ᠎ᠠ ᠪᠠᠷ ᠬᠡᠯᠡᠪᠡᠯ ᠂ ᠳᠡᠭᠡᠷ᠎ᠡ ᠵᠠᠭᠤᠨ ᠤ ᠵᠢᠷᠠᠭᠠᠳ ᠤᠨ ᠤ ᠡᠬᠢᠨ ᠤ ᠦᠶ᠎ᠡ ᠳ᠋ᠥ ᠪᠤᠷᠭᠠᠰᠤ ᠰᠢᠪᠠᠭ ᠵᠠᠶᠢᠯᠠᠵᠤ ᠂ ᠮᠠᠩᠬ᠎ᠠ ᠡᠯᠡᠰᠦ ᠶ᠋ᠢ ᠲᠤᠭᠲᠠᠪᠤᠷᠢᠵᠢᠭᠤᠯᠤᠨ ᠂ ᠪᠡᠯᠴᠢᠭᠡᠷ ᠡᠪᠡᠰᠦ ᠶ᠋ᠢ ᠰᠠᠶᠢᠵᠢᠷᠠᠭᠤᠯᠵᠤ ᠂ ᠱᠠᠯᠪᠠᠭ ᠨᠠᠭᠤᠷ ‍ᠢ ᠬᠦᠮᠦᠨ ᠤ ᠬᠦᠴᠦ ᠪᠠᠷ ᠪᠤᠯᠠᠵᠤ ᠪᠦᠭᠯᠡᠭᠡᠳ ᠂ ᠮᠠᠯ ᠬᠤᠨᠢ ᠪᠠᠨ ᠬᠤᠳᠳᠤᠭ ‍ᠤᠨ ᠤᠰᠤ ᠪᠠᠷ ᠤᠰᠤᠯᠠᠬᠤ ᠶ᠋ᠢ ᠰᠠᠨᠠᠭᠠᠴᠢᠯᠠᠨ ᠂ ᠭᠡᠮ ᠬᠢᠵᠢᠭ ‍ᠢ ᠰᠡᠷᠭᠡᠶᠢᠯᠡᠵᠦ ᠪᠠᠶᠢᠭᠰᠠᠨ ᠪᠢᠯᠨ ᠃ ᠨᠢᠭᠡᠲᠦᠯ ᠳ᠋ᠥ ᠮᠠᠯ ᠠᠵᠤ ᠠᠬᠤᠢ ᠶ᠋ᠢᠨ ᠬᠢᠵᠢᠭ ‍ᠢ ᠰᠡᠷᠭᠡᠶᠢᠯᠡᠬᠦ ᠂ ᠡᠮᠨᠡᠨ ᠵᠠᠰᠠᠬᠤ ᠦᠷᠲᠡᠭᠡ ᠪᠠᠶᠢᠭᠤᠯᠵᠤ ᠂ ᠮᠡᠷᠭᠡᠵᠢᠯ ᠲᠠᠢ ᠮᠠᠯ ‍ᠤᠨ ᠡᠮᠴᠢ ᠲᠤᠬᠢᠷᠠᠭᠤᠯᠤᠨ ᠂ ᠬᠠᠪᠤᠷ ᠂ ᠨᠠᠮᠤᠷ ‍ᠤᠨ ᠤᠯᠠᠷᠢᠯ ᠳ᠋ᠤ ᠪᠤᠲᠠ ᠪᠤᠭ ᠮᠠᠯ ᠳ᠋ᠥ ᠨᠡᠶᠢᠲᠡᠮ ‍ᠤᠨ ᠴᠢᠨᠠᠷᠲᠠᠢ ᠬᠢᠵᠢᠭ ᠡᠴᠠ ᠰᠡᠷᠭᠡᠶᠢᠯᠡᠬᠦ ᠠᠵᠢᠯ ᠦᠷᠨᠢᠬᠦᠯᠦᠭᠰᠡᠭᠡᠷ ᠢᠷᠡᠪᠡ ᠃ ᠪᠠᠷᠢᠭᠠᠳᠠ ᠳ᠋ᠥ ᠮᠠᠯ ‍ᠤᠨ ᠡᠮᠴᠢ ᠪᠠᠭᠤᠯᠭᠠᠵᠤ ᠂ ᠮᠠᠯ ‍ᠤᠨ ᠡᠪᠡᠳᠴᠢᠨ ᠬᠢᠵᠢᠭ ‍ᠢ ᠰᠡᠷᠭᠡᠶᠢᠯᠡᠨ ᠵᠠᠰᠠᠬᠤ ᠵᠡᠷᠭᠡ ᠠᠵᠢᠯ ‍ᠢ ᠴᠢᠬᠤᠯᠠᠴᠢᠯᠠᠨ ᠠᠳᠬᠤᠳᠠᠭ ᠴᠤ ᠪᠠᠶᠢᠪᠠ ᠃ ᠡᠨᠡ ᠬᠦ ᠠᠵᠢᠯᠯᠠᠭ᠎ᠠ ᠨᠢ ᠡᠳᠦᠭᠡ ᠪᠤᠯᠲᠠᠯ᠎ᠠ ᠦᠷᠭᠦᠯᠵᠢᠯᠡᠭᠰᠡᠭᠡᠷ ᠪᠤᠢ ᠃
ᠪᠡᠯᠴᠢᠭᠡᠷ ᠡᠪᠡᠰᠦᠨ ᠤ ᠪᠦᠲᠦᠭᠡᠨ ᠪᠠᠶᠢᠭᠤᠯᠤᠯᠲᠠ ᠶ᠋ᠢ ᠴᠢᠬᠤᠯᠠᠴᠢᠯᠠᠨ ᠂ ᠵᠢᠷᠠᠭᠠᠳ ᠤᠨ ᠤ ᠰᠡᠭᠦᠯᠴᠢ ᠪᠠᠷ ᠰᠤᠪᠠᠭ ᠮᠠᠯᠲᠠᠵᠤ ᠪᠡᠯᠴᠢᠭᠡᠷ ᠬᠠᠳᠤᠯᠠᠡᠭ ᠢᠶᠡᠨ ᠬᠠᠮᠠᠭᠠᠯᠠᠵᠤ ᠪᠠᠶᠢᠭᠰᠠᠨ ᠪᠢᠯᠨ ᠃ ᠳᠠᠯᠠᠭᠠᠳ ᠤᠨ ᠤ  ᠳᠤᠮᠳᠠ ᠪᠠ ᠰᠡᠭᠦᠯᠴᠢ ᠶ᠋ᠢᠨ ᠦᠶ᠎ᠡ ᠪᠠᠷ ᠤᠷᠢᠳ ᠬᠤᠵᠢᠳ ᠯᠤᠤᠪᠠᠩᠲᠤ ᠶ᠋ᠢᠨ ᠬᠠᠳᠤᠯᠠᠩ ‍ᠤᠨ ᠬᠦᠷᠢᠶᠡᠯᠡᠩ ᠂ ᠪᠠᠶᠠᠨᠲᠠᠯ᠎ᠠ ᠶ᠋ᠢᠨ ᠡᠪᠡᠰᠦᠨ ᠬᠦᠷᠢᠶᠡᠯᠡᠩ ᠂ ᠮᠤᠷᠤᠢ ᠶ᠋ᠢᠨ ᠲᠠᠯ᠎ᠠ ᠶ᠋ᠢᠨ ᠡᠪᠡᠰᠦᠨ ᠬᠦᠷᠢᠶᠡᠯᠡᠩ ᠂ ᠬᠠᠷᠠᠭᠠᠲᠤ ᠶ᠋ᠢᠨ ᠡᠪᠡᠰᠦᠨ ᠬᠦᠷᠢᠶᠡᠯᠡᠩ ᠵᠡᠷᠭᠡ ᠬᠦᠷᠢᠶᠡᠯᠡᠩ ‍ᠢ ᠪᠠᠶᠢᠭᠤᠯᠵᠤ ᠂ ᠪᠡᠯᠴᠢᠬᠡᠷ ᠬᠠᠳᠤᠯᠠᠡᠭ ᠢᠶᠡᠨ ᠲᠦᠯᠦᠪᠯᠡᠭᠡ ᠲᠠᠢ ᠪᠠᠷ ᠠᠰᠢᠭᠯᠠᠵᠤ ᠪᠠᠶᠢᠪᠠ ᠃ ᠳᠠᠭᠠᠭᠠᠴᠢᠯᠠᠯᠲᠠ ᠶ᠋ᠢᠨ ᠳᠦᠷᠢᠮ ‍ᠢ ᠬᠡᠷᠡᠭᠵᠢᠭᠦᠯᠦᠭᠰᠡᠨ ᠤ ᠳᠠᠷᠠᠭᠠᠬᠢ ᠨᠠᠶᠠᠭᠠᠳ ᠤᠨ ᠤ ᠰᠡᠭᠦᠯᠴᠢ ᠶᠡᠷᠡᠭᠡᠳ ᠤᠨ ᠤ ᠡᠬᠢ ᠪᠠᠷ ᠪᠠᠶᠠᠨᠲᠠᠯ᠎ᠠ ᠂ ᠪᠠᠷᠠᠭᠤᠨ ᠬᠠᠷᠠᠭᠠᠲᠤ ᠂ ᠯᠤᠤᠪᠠᠩᠲᠤ ᠵᠡᠷᠭᠡ  ᠲᠤᠰᠬᠤᠨ ‍ᠤ ᠤᠯᠠᠩᠬᠢ ᠡᠷᠦᠬᠡ ᠵᠢᠯ ᠳ᠋ᠥ ᠠᠷᠪᠠᠭᠠᠳ ᠲᠦᠮᠡᠨ ᠵᠢᠩ ᠬᠠᠭᠤᠷᠠᠢ ᠡᠪᠡᠰᠦ ᠬᠠᠳᠤᠵᠤ ᠤᠷᠤᠭᠤᠯᠳᠠᠭ ᠪᠠᠶᠢᠭᠰᠠᠨ ᠡᠴᠠ ᠮᠠᠯ ᠰᠦᠷᠦᠭ ᠢᠶᠡᠨ ᠮᠡᠨᠳᠦ ᠤᠨᠳᠤᠷᠤᠭᠤᠯᠬᠤ ᠪᠠ ᠦᠷᠡᠵᠢᠭᠦᠯᠦᠨ ᠦᠰᠭᠡᠬᠦ ᠳ᠋ᠥ ᠶᠡᠬᠡᠬᠡᠨ ᠦᠢᠯᠡᠳᠦᠯ ᠦᠵᠡᠭᠦᠯᠵᠦ ᠪᠠᠶᠢᠭᠰᠠᠨ ᠶᠤᠮ ᠃
ᠳᠡᠭᠡᠷ᠎ᠡ ᠵᠠᠭᠤᠨ ᠤ ᠶᠡᠷᠡᠭᠡᠳ ᠤᠨ ᠤ ᠳᠤᠮᠳᠠᠴᠢ ᠪᠠᠷ ᠭᠠᠴᠠᠭ᠎ᠠ ᠪᠦᠬᠦᠨ ᠳ᠋ᠥ ᠳᠠᠭᠤᠷᠢᠶᠠᠯ ᠪᠤᠯᠭᠠᠬᠤ ᠬᠡᠳᠦᠨ ᠡᠷᠦᠬᠡ ᠭᠠᠷᠭᠠᠵᠤ ᠂ ᠨᠠᠮᠤᠷ ‍ᠤᠨ ᠰᠡᠭᠦᠯᠴᠢ ᠪᠠᠷ ᠡᠷᠳᠡᠨᠢ ᠰᠢᠰᠢ ᠶ᠋ᠢᠨ ᠡᠰᠢ ᠶ᠋ᠢ ᠰᠢᠷ᠎ᠠ ᠪᠠᠷ ᠳᠠᠷᠤᠰᠢᠭᠤᠯᠬᠤ ᠵᠡᠷᠭᠡ ᠶ᠋ᠢ ᠨᠡᠶᠢᠲᠡᠮ ᠲᠦᠭᠡᠮᠡᠯᠵᠢᠭᠦᠯᠵᠦ ᠂ ᠲᠡᠭᠦᠨ ᠤ ᠳᠠᠷᠠᠭᠠᠴᠢ ᠪᠠᠷ ᠪᠤᠷᠳᠤᠭᠠᠨ ᠤ ᠲᠠᠷᠢᠶ᠎ᠠ ᠲᠠᠷᠢᠵᠤ ᠂ ᠬᠦᠬᠡ ᠪᠠᠷ ᠳᠠᠷᠤᠰᠢᠭᠤᠯᠬᠤ ᠮᠡᠷᠭᠡᠵᠢᠯ ‍ᠢ ᠳᠡᠯᠭᠡᠷᠡᠭᠦᠯᠵᠦ ᠂ ᠮᠠᠯ ᠢᠶᠡᠨ ᠪᠡᠯᠴᠢᠭᠡᠷ  ᠲᠤ ᠮᠠᠯᠵᠢᠨ ᠡᠵᠡᠩᠨᠡᠬᠦ ᠡᠴᠠ ᠬᠠᠰᠢᠶᠠᠯᠠᠨ ᠲᠡᠵᠢᠭᠡᠬᠦ  ᠬᠡᠯᠪᠡᠷᠢ ᠳ᠋ᠥ ᠰᠢᠯᠵᠢᠵᠡᠢ ᠃
ᠡᠭᠦᠯᠳᠡᠷ ᠰᠠᠶᠢᠵᠢᠷᠠᠭᠤᠯᠬᠤ ᠲᠠᠯ᠎ᠠ ᠪᠠᠷ ᠬᠡᠯᠡᠪᠡᠯ ᠂ ᠵᠢᠷᠠᠭᠠᠳ ᠤᠨ ᠤ ᠡᠬᠢᠨ ᠤ ᠦᠶ᠎ᠡ ᠡᠴᠠ ᠳᠡᠭᠡᠭᠰᠢ ᠱᠠᠲᠤᠨ ᠤ ᠨᠢᠭᠡᠲᠦᠯᠲᠡᠢ ᠲᠤᠬᠢᠷᠠᠭᠤᠯᠭ᠎ᠠ ᠪᠠᠷ ᠬᠤᠨᠢᠨ ᠳ᠋ᠥ ᠭᠠᠷ ᠬᠡᠭᠡᠯᠳᠦᠭᠦᠯᠭᠡ ᠶ᠋ᠢᠨ ᠮᠡᠷᠭᠡᠵᠢᠯ ‍ᠢ ᠬᠡᠷᠡᠭᠵᠢᠭᠦᠯᠵᠦ ᠂ ᠤᠷᠤᠨ ᠨᠤᠲᠤᠭ ‍ᠤᠨ ᠬᠤᠨᠢ ᠶ᠋ᠢ ᠮᠧᠷᠨᠤᠰ ᠬᠤᠨᠢ ᠪᠠᠷ ᠡᠷᠯᠢᠰᠵᠢᠭᠦᠯᠵᠦ ᠂ ᠳᠠᠯᠠᠭᠠᠳ ᠤᠨ ᠤ ᠰᠡᠭᠦᠯᠴᠢ ᠪᠤᠯᠲᠠᠯ᠎ᠠ ᠪᠠᠷᠢᠮᠲᠠᠯᠠᠭᠰᠠᠨ ᠡᠴᠠ ᠤᠷᠢᠳ ᠬᠤᠵᠢᠳ ᠪᠤᠷᠭᠠᠰᠤᠲᠠᠢ ᠂ ᠴᠠᠭᠠᠨᠴᠢᠯᠠᠭᠤ ᠵᠡᠷᠭᠡ ᠪᠠᠷᠢᠭᠠᠳᠠ ᠶ᠋ᠢᠨ ᠬᠤᠨᠢᠨ ᠤ ᠡᠭᠦᠯᠳᠡᠷ ᠬᠤᠷᠴᠢᠨ ᠤ ᠨᠠᠷᠢᠨ ᠨᠤᠤᠰᠤᠲᠤ ᠬᠤᠨᠢ ᠪᠠᠷ ᠨᠡᠷᠡᠯᠡᠭᠳᠡᠪᠡ ᠃ ᠨᠠᠷᠢᠨ ᠨᠤᠤᠰᠤᠲᠤ ᠬᠤᠨᠢᠨ ᠤ ᠨᠤᠤᠰᠤ ᠨᠢ ᠡᠯ᠎ᠡ ᠪᠠᠷᠢᠭᠠᠳᠠ ᠶ᠋ᠢᠨ ᠭᠤᠤᠯ ᠤᠷᠤᠯᠭ᠎ᠠ ᠶ᠋ᠢᠨ ᠨᠢᠭᠡ ᠪᠤᠯᠵᠤ ᠂ ᠠᠷᠠᠳ ‍ᠤᠨ ᠠᠮᠢᠳᠤᠷᠠᠯ ‍ᠤᠨ ᠳᠡᠭᠡᠭᠡᠭᠰᠢᠯᠡᠯᠲᠡ ᠳ᠋ᠥ ᠠᠰᠠᠷᠤ ᠬᠤᠪᠢ ᠨᠡᠮᠡᠷᠢ ᠦᠵᠡᠭᠦᠯᠦᠭᠰᠡᠨ ᠪᠠᠶᠢᠨ᠎ᠠ ᠃
ᠵᠢᠷᠠᠭᠠᠳ ᠤᠨ ᠤ ᠳᠤᠮᠳᠠᠴᠢ ᠪᠠᠷ ᠡᠯ᠎ᠡ ᠪᠠᠷᠢᠭᠠᠳᠠ ᠶ᠋ᠢᠨ ᠬᠢᠨ ᠭᠠᠳᠠᠨ᠎ᠠ ᠤᠷᠤᠨ ᠡᠴᠠ ᠰᠠᠨ ᠾᠧ ᠦᠬᠡᠷ ᠂ ᠾᠧ ᠯᠠᠨ ᠦᠬᠡᠷ ᠪᠠ ᠰᠠᠨ ᠾᠧ ᠠᠳᠣᠭᠤᠨ ᠤ ᠰᠠᠶᠢᠨ ᠡᠭᠦᠯᠳᠡᠷ ‍ᠤᠨ ᠦᠷ᠎ᠡ ᠮᠠᠯ ᠂ ᠦᠷ᠎ᠡ ᠠᠵᠢᠷᠭ᠎ᠠ ᠠᠪᠴᠢᠷᠠᠨ ᠂ ᠭᠠᠵᠠᠷ ᠤᠷᠤᠨ ᠤ ᠪᠠᠨ ᠦᠬᠡᠷ ᠮᠤᠷᠢ ᠶ᠋ᠢ ᠡᠭᠦᠯᠳᠡᠷ ᠰᠠᠶᠢᠵᠢᠷᠠᠭᠤᠯᠵᠤ ᠂ ᠮᠠᠯ ᠠᠵᠤ ᠠᠬᠤᠢ ᠶ᠋ᠢᠨ ᠲᠠᠸᠠᠷᠵᠢᠯ ‍ᠤᠨ ᠨᠤᠷᠮ᠎ᠠ ᠶ᠋ᠢ ᠳᠡᠭᠡᠭᠡᠭᠰᠢᠯᠡᠭᠦᠯᠦᠭᠰᠡᠨ ᠪᠠᠶᠢᠨ᠎ᠠ ᠃ ᠡᠭᠦᠨ ᠳ᠋ᠥ ᠬᠠᠷᠠᠨᠠᠭᠤᠷ ᠂ ᠪᠠᠶᠠᠨᠲᠠᠯ᠎ᠠ ᠂ ᠬᠠᠷᠠᠭᠠᠲᠤ ᠂ ᠰᠢᠨ᠎ᠡ ᠠᠶᠢᠯ ᠵᠡᠷᠭᠡ ᠪᠠᠷᠢᠭᠠᠳᠠ ᠶ᠋ᠢᠨ ᠦᠬᠡᠷ ‍ᠤᠨ ᠡᠭᠦᠯᠳᠡᠷ ‍ᠢ ᠰᠠᠶᠢᠵᠢᠷᠠᠭᠤᠯᠬᠤ ᠠᠵᠢᠯ ᠢᠯᠡᠳᠲᠡ ᠪᠦᠲᠦᠮᠵᠢᠲᠡᠢ ᠪᠠᠶᠢᠵᠤ ᠂ ᠪᠠᠶᠠᠨᠲᠠᠯ᠎ᠠ ᠡᠴᠠ ᠬᠠᠳᠠ ᠂ ᠬᠠᠷᠢᠶᠠᠲᠤ ᠡᠴᠠ ᠡᠷᠳᠡᠨᠢᠪᠤᠯᠠᠭ ᠂ ᠰᠢᠨ᠎ᠡ ᠠᠶᠢᠯ ᠡᠴᠠ ᠳᠤᠷᠵᠢ ᠮᠡᠳᠦ ᠶ᠋ᠢᠨ ᠨᠤᠲᠤᠭ ‍ᠤᠨ ᠮᠡᠷᠭᠡᠵᠢᠯᠲᠡᠨ ᠴᠤᠯᠭᠤᠷᠠᠨ ᠭᠠᠷᠴᠤ ᠂ ᠤᠳᠤ ᠪᠤᠯᠲᠠᠯ᠎ᠠ ᠮᠡᠷᠭᠡᠰᠢᠭᠰᠡᠨ ᠠᠵᠢᠯ ‍ᠢᠶ᠋ᠡᠨ ᠦᠷᠭᠦᠯᠵᠢᠯᠡᠭᠦᠯᠦᠨ ᠂ ᠭᠤᠷᠪᠠᠨᠬᠤᠸᠠ ᠶ᠋ᠢᠨ ᠮᠠᠯ ᠠᠵᠤ ᠠᠬᠤᠢ ᠶ᠋ᠢᠨ ᠬᠦᠭᠵᠢᠯᠲᠡ ᠳ᠋ᠥ ᠬᠤᠪᠢ ᠨᠡᠮᠡᠷᠢ ᠪᠠᠨ ᠦᠵᠡᠭᠦᠯᠦᠭᠰᠡᠭᠡᠷ ᠪᠤᠢ ᠃
ᠭᠤᠷᠪᠠᠨᠬᠤᠸᠠ ᠨᠤᠲᠤᠭ ‍ᠤᠨ ᠮᠠᠯ ᠠᠵᠤ ᠠᠬᠤᠢ ᠶ᠋ᠢᠨ ᠬᠦᠭᠵᠢᠯᠲᠡ ᠨᠢ ᠪᠦᠬᠦ ᠬᠤᠰᠢᠭᠤᠨ ᠤ ᠮᠠᠯ ᠠᠵᠤ ᠠᠬᠤᠢ ᠶ᠋ᠢᠨ ᠬᠦᠭᠵᠢᠯᠲᠡ ᠲᠠᠢ ᠠᠯᠬᠤᠮ ᠨᠢᠭᠡᠲᠡᠢ ᠪᠠᠶᠢᠳᠠᠭ ᠶᠤᠮ ᠃ ᠬᠤᠷᠰᠢᠶᠠᠵᠢᠯ ‍ᠤᠨ ᠦᠶ᠎ᠡ ᠶ᠋ᠢᠨ ᠭᠤᠷᠪᠠᠨᠬᠤᠸᠠ ᠨᠤᠲᠤᠭ ‍ᠤᠨ ᠮᠠᠯ ᠲᠡᠵᠢᠭᠡᠪᠦᠷᠢ  ᠶ᠋ᠢᠨ ᠶᠡᠷᠦᠩᠬᠡᠢ ᠲᠤᠭ᠎ᠠ 2.2 ᠲᠦᠮᠡ ᠪᠠᠶᠢᠭᠰᠠᠨ ᠡᠴᠠ ᠪᠠᠨ ᠠᠷᠠᠳ ‍ᠤᠨ ᠨᠢᠭᠡᠲᠦᠯ ‍ᠤᠨ ᠠᠩᠬᠠᠨ ᠤ ᠦᠶ᠎ᠡ ᠳ᠋ᠥ 4.2 ᠲᠦᠮᠡ ᠬᠦᠷᠴᠠᠢ ᠃ 《 ᠰᠤᠶᠤᠯ ‍ᠤᠨ ᠶᠡᠬᠡ ᠬᠤᠪᠢᠰᠬᠠᠯ 》 ‍ᠤᠨ ᠳᠤᠮᠳᠠᠴᠢ ᠦᠶ᠎ᠡ ᠪᠤᠯᠬᠤ ᠳ᠋ᠥ ᠠᠮᠤ ᠪᠤᠳᠠᠭ᠎ᠠ ᠪᠠᠷ ᠬᠦᠲᠦᠯᠪᠦᠷᠢ ᠪᠤᠯᠭᠠᠬᠤ ᠬᠡᠲᠦ ᠵᠡᠭᠦᠨ ᠤ ᠱᠤᠭᠤᠮ ‍ᠤᠨ ᠨᠦᠯᠦᠭᠡᠯᠡᠯ ᠡᠴᠠ ᠪᠤᠯᠵᠤ ᠂ ᠬᠡᠰᠡᠭ ᠰᠠᠶᠢᠨ ᠪᠡᠯᠴᠢᠭᠡᠷ ᠬᠠᠳᠤᠯᠠᠩ ‍ᠢ ᠲᠠᠷᠢᠶᠠᠨ ᠭᠠᠵᠠᠷ ᠪᠤᠯᠭᠠᠨ ᠂ ᠮᠠᠯ ᠠᠵᠤ ᠠᠬᠤᠢ ᠶ᠋ᠢ ᠬᠦᠩᠭᠡᠪᠴᠢᠯᠡᠭᠰᠡᠨ ᠡᠴᠠ ᠮᠠᠯ ‍ᠤᠨ ᠲᠤᠭ᠎ᠠ ᠲᠤᠯᠤᠭᠠᠢ ᠦᠳᠲᠡᠷ ᠪᠠᠭᠤᠷᠠᠵᠤ ᠂ 3.5 ᠲᠦᠮᠡ ᠪᠤᠯᠪᠠ ᠃ ᠨᠠᠮ ‍ᠤᠨ ᠠᠷᠪᠠᠨ ᠨᠢᠭᠡᠳᠦᠭᠡᠷ ᠬᠤᠭᠤᠴᠠᠭᠠᠨ ᠤ ᠭᠤᠷᠪᠠᠳᠤᠭᠠᠷ ᠪᠦᠭᠦᠳᠡ ᠬᠤᠷᠠᠯ ᠡᠴᠠ ᠨᠠᠭᠠᠰᠢ ᠂ ᠤᠡᠴᠠᠭᠠᠶᠢᠯᠠᠨ ᠨᠠᠶᠠᠭᠠᠳ ᠤᠨ ᠤ ᠡᠬᠢᠨ ᠤ ᠦᠶ᠎ᠡ ᠡᠴᠠ ᠮᠠᠯ ᠠᠵᠤ ᠠᠬᠤᠢ ᠶ᠋ᠢᠨ ᠳᠠᠭᠠᠭᠠᠴᠢᠯᠠᠯᠲᠠ ᠶ᠋ᠢᠨ ᠳᠦᠷᠢᠮ ‍ᠢ ᠬᠡᠷᠡᠭᠵᠢᠭᠦᠯᠵᠦ ᠂ ᠮᠠᠯ ᠤᠨᠤᠭ᠎ᠠ ᠬᠤᠪᠢ ᠡᠷᠦᠬᠡ ᠶ᠋ᠢᠨ ᠪᠤᠯᠤᠭᠰᠠᠨ ᠢᠶᠠᠷ ᠤᠤᠯ ‍ᠤᠨ ᠪᠠᠷᠢᠭᠠᠳᠠ ᠶ᠋ᠢᠨ ᠦᠶ᠎ᠡ ᠶ᠋ᠢᠨ ᠮᠠᠯ ᠠᠵᠤ ᠠᠬᠤᠢ ᠶ᠋ᠢᠨ ᠪᠦᠳᠦᠭᠦᠯᠢᠭ ᠂ ᠬᠠᠷᠢᠭᠤᠴᠠᠯᠭ᠎ᠠ ᠦᠭᠡᠢ ᠡᠵᠡᠩᠨᠡᠯᠲᠡ ᠶ᠋ᠢ ᠦᠭᠡᠷᠡᠴᠢᠯᠡᠨ ᠰᠠᠶᠢᠵᠢᠷᠠᠭᠤᠯᠵᠤ ᠂ ᠡᠷᠦᠬᠡ ᠪᠦᠷᠢ ᠨᠢᠮᠪᠠᠢ ᠠᠷᠠᠴᠢᠯᠠᠨ ᠨᠠᠷᠢᠯᠢᠭ ᠡᠵᠡᠩᠨᠡᠬᠦ ᠪᠤᠯᠤᠭᠰᠠᠨ ᠡᠴᠠ ᠪᠦᠬᠦ ᠰᠤᠮᠤ ᠶ᠋ᠢᠨ ᠮᠠᠯ ᠲᠡᠵᠢᠭᠡᠪᠦᠷᠢ ᠶ᠋ᠢᠨ ᠲᠤᠭ᠎ᠠ ᠢᠳᠡᠭ ᠢᠳᠡᠭ ‍ᠢᠶ᠋ᠡᠷ ᠨᠡᠮᠡᠭᠳᠡᠪᠡ ᠃
ᠭᠤᠷᠪᠠᠨᠬᠤᠸᠠ ᠨᠤᠲᠤᠭ ‍ᠤᠨ ᠮᠠᠯ ᠲᠡᠵᠢᠭᠡᠪᠦᠷᠢ ᠶ᠋ᠢᠨ ᠲᠤᠭ᠎ᠠ ᠨᠠᠶᠠᠭᠠᠳ ᠤᠨ ᠤ ᠡᠬᠢᠨ ᠤ ᠦᠶ᠎ᠡ ᠶ᠋ᠢᠨ 5.1 ᠲᠦᠮᠡ ᠪᠠᠶᠢᠭᠰᠠᠨ ᠡᠴᠠ ᠪᠠᠨ ᠶᠡᠷᠡᠭᠳ ᠤᠨ ᠤ ᠡᠬᠢᠨ ᠤ ᠦᠶ᠎ᠡ ᠳ᠋ᠥ 6.1 ᠲᠦᠮᠡ ᠪᠤᠯᠤᠨ ᠨᠡᠮᠡᠭᠳᠡᠵᠦ ᠂ ᠮᠠᠯ ᠠᠵᠤ ᠠᠬᠤᠢ ᠶ᠋ᠢᠨ ᠦᠢᠯᠡᠳᠪᠦᠷᠢᠯᠡᠯ ᠬᠦᠭᠵᠢᠯᠲᠡ ᠶ᠋ᠢᠨ ᠱᠠᠲᠤᠨ ᠳ᠋ᠥ ᠤᠷᠤᠵᠠᠢ ᠃
ᠨᠡᠶᠢᠭᠡᠮ ‍ᠤᠨ ᠬᠦᠭᠵᠢᠯᠲᠡ ᠶ᠋ᠢ ᠳᠠᠭᠠᠯᠳᠤᠨ ᠂ ᠭᠤᠷᠪᠠᠨᠬᠤᠸᠠ ᠨᠤᠲᠤᠭ ᠲᠤ ᠲᠡᠮᠡᠭᠡ ᠵᠤᠬᠢᠴᠠᠬᠤ ᠪᠠᠨ ᠪᠤᠯᠢᠵᠤ ᠂ ᠳᠠᠯᠠᠭᠠᠳ ᠤᠨ ᠤ ᠰᠡᠭᠦᠯᠴᠢ ᠪᠠᠷ ᠦᠨᠳᠦᠰᠦᠨ ᠳ᠋ᠡᠭᠡᠨ ᠲᠡᠮᠡᠭᠡ ᠠᠷᠠᠴᠢᠯᠠᠬᠤ ᠪᠠᠨ ᠵᠤᠭᠰᠤᠵᠠᠢ ᠃ ᠠᠳᠤᠭᠤ ᠴᠦ ᠴᠦᠬᠡᠷᠡᠵᠦ ᠂ ᠵᠢᠵᠢᠭ ᠬᠦᠩᠭᠡᠨ ᠠᠷᠠᠯᠲᠤ ᠲᠡᠷᠭᠡᠨ ᠳ᠋ᠡᠭᠡᠨ ᠮᠤᠷᠢ ᠬᠦᠯᠦᠬᠦ ᠂ ᠭᠠᠳᠠᠭᠰᠢ ᠭᠠᠷᠬᠤ ᠳ᠋ᠠᠭᠠᠨ ᠤᠨᠤᠭ᠎ᠠ ᠪᠤᠯᠭᠠᠬᠤ ᠂ ᠨᠠᠶᠢᠷ ᠨᠠᠭᠠᠳᠤᠮ ᠳ᠋ᠥ ᠤᠷᠤᠯᠳᠤᠭᠠᠨ ᠳ᠋ᠥ ᠤᠷᠤᠯᠴᠠᠬᠤ ᠳ᠋ᠥ ᠯᠡ ᠬᠡᠷᠡᠭᠯᠡᠬᠦ ᠪᠤᠯᠵᠤ ᠂ ᠦᠬᠡᠷ ‍ᠤᠨ ᠠᠷᠠᠴᠢᠯᠠᠭ᠎ᠠ ᠨᠢ ᠲᠡᠷᠭᠡ ᠬᠦᠰᠭᠡ ᠳ᠋ᠥ ᠬᠡᠷᠡᠭᠯᠡᠬᠦ ᠡᠴᠠ ᠲᠠᠸᠠᠷ ‍ᠤᠨ ᠠᠯᠠᠰᠢᠨ ᠦᠬᠡᠷ ᠲᠡᠵᠢᠭᠡᠬᠦ ᠦᠢᠯᠡᠰ ᠲᠡᠶᠢᠰᠢ ᠰᠢᠯᠵᠢᠭᠰᠡᠨ ᠪᠠᠶᠢᠨ᠎ᠠ ᠃
ᠤᠶᠢᠷ᠎ᠠ ᠶ᠋ᠢᠨ ᠵᠢᠯ ‍ᠤᠳ  ᠲᠤ ᠬᠤᠨᠢ ᠢᠮᠠᠭᠠᠨ ᠤ ᠨᠤᠤᠰᠤ ᠨᠤᠤᠯᠤᠭᠤᠷ ‍ᠤᠨ ᠲᠠᠸᠠᠷ ‍ᠤᠨ ᠦᠷᠲᠡᠭ ᠨᠡᠯᠢᠶᠡᠳ ᠪᠠᠭᠤᠷᠠᠨ ᠂ ᠮᠢᠬᠠᠨ ᠤ ᠦᠨ᠎ᠡ ᠦᠰᠬᠦ ᠶ᠋ᠢ ᠳᠠᠭᠠᠯᠳᠤᠵᠤ ᠂ ᠦᠷᠡᠵᠢᠯ ᠰᠠᠶᠢᠲᠠᠢ ᠪᠠᠶᠢᠳᠠᠭ ᠱᠠᠨᠳᠦ᠋ᠩ ᠮᠤᠵᠢ ᠶ᠋ᠢᠨ ᠪᠠᠷᠠᠭᠤᠨ ᠬᠡᠰᠡᠭ ‍ᠤᠨ ᠪᠠᠭ᠎ᠠ ᠰᠡᠭᠦᠯᠲᠦ ᠦᠯᠴᠢᠷ ᠬᠤᠨᠢ ᠶ᠋ᠢ ᠮᠠᠨ ᠤ ᠤᠷᠤᠨ ᠤ ᠬᠤᠨᠢ ᠲᠠᠢ ᠡᠷᠯᠢᠰᠵᠢᠭᠦᠯᠦᠨ ᠂ ᠬᠤᠨᠢᠨ ᠤ ᠲᠠᠸᠠᠷ ‍ᠤᠨ ᠦᠷᠳᠡᠭ ‍ᠢ ᠳᠡᠭᠡᠭᠡᠭᠰᠢᠯᠡᠭᠦᠯᠵᠦ ᠪᠠᠶᠢᠨ᠎ᠠ ᠃
ᠬᠠᠰᠢᠶᠠᠯᠠᠨ ᠲᠡᠵᠢᠭᠡᠬᠦ ᠪᠤᠯᠤᠭᠰᠠᠨ ᠡᠴᠠ ᠢᠮᠠᠭᠠᠨ ᠤ ᠪᠠᠶᠢᠭᠠᠯᠢ ᠶ᠋ᠢᠨ ᠪᠦᠷᠬᠦᠴᠡ ᠶ᠋ᠢ ᠡᠪᠳᠡᠬᠦ ᠶ᠋ᠢ ᠬᠤᠷᠢᠭᠯᠠᠨ ᠂ ᠬᠠᠰᠢᠶᠠᠯᠠᠨ ᠠᠷᠠᠴᠢᠯᠠᠬᠤ ᠪᠤᠯᠤᠭᠰᠠᠨ ᠪᠠᠶᠢᠨ᠎ᠠ ᠃
ᠲᠡᠭᠡᠷᠮ᠎ᠡ ᠪᠠ ᠡᠯᠵᠢᠭᠡ ᠶ᠋ᠢ ᠬᠡᠷᠡᠭᠯᠡᠬᠦ ᠦᠭᠡᠢ ᠪᠤᠯᠤᠭᠰᠠᠨ ᠡᠴᠠ ᠤᠳᠤᠬᠠᠨ ᠳ᠋ᠥ ᠪᠦᠬᠦ ᠭᠤᠷᠪᠠᠨᠬᠤᠸᠠ ᠨᠤᠲᠤᠭ ᠲᠤ ᠲᠤᠭ᠎ᠠ ᠲᠠᠢ ᠬᠡᠳᠦᠬᠡᠨ ᠡᠯᠵᠢᠭᠡ ᠬᠠᠷᠠᠭᠳᠠᠬᠤ ᠪᠤᠯᠪᠠ ᠃
ᠡᠳᠦᠬᠡ ᠭᠤᠷᠪᠠᠨᠬᠤᠸᠠ ᠨᠤᠲᠤᠭ  ᠲᠤ ᠠᠷᠪᠠᠨ ᠵᠢᠯ ‍ᠤᠨ ᠡᠮᠦᠨᠡᠬᠢ ᠵᠢᠯ ᠪᠦᠷᠢ ᠶ᠋ᠢᠨ ᠨᠠᠢᠮᠠᠨ ᠰᠠᠷ᠎ᠠ ᠳ᠋ᠥ ᠬᠠᠭᠠᠰ ᠰᠠᠷ᠎ᠠ ᠬᠤᠷᠢ ᠬᠤᠨᠤᠭ ᠰᠠᠨᠳᠤᠤ ᠡᠷᠭᠢᠭᠦᠯᠦᠨ ᠂ ᠬᠠᠳᠤᠯᠠᠩ ᠬᠠᠳᠤᠬᠤ ᠶᠠᠪᠤᠳᠠᠯ ᠦᠨᠳᠦᠰᠦᠨ ᠳ᠋ᠡᠭᠡᠨ ᠬᠠᠷᠠᠭᠳᠠᠬᠤ ᠪᠠᠨ ᠪᠤᠯᠢᠪᠠ ᠃ ᠨᠡᠯᠢᠶᠡᠳ ᠨᠡᠷᠡᠲᠡᠢ ᠬᠠᠳᠤᠯᠠᠩ ‍ᠤᠨ ᠭᠠᠵᠠᠷ ᠡᠳᠦᠬᠡ ᠨᠢᠭᠡᠨᠲᠡ ᠨᠡᠯᠦᠶᠢᠨ ᠳᠤᠯᠭᠢᠶᠠᠷᠠᠭᠰᠠᠨ ᠨᠤᠶᠠᠨ ᠰᠢᠰᠢ ᠶ᠋ᠢᠨ ᠲᠠᠷᠢᠶ᠎ᠠ ᠪᠠᠷ ᠰᠤᠯᠢᠭᠳᠠᠭᠰᠠᠨ ᠡᠴᠠ ᠡᠪᠡᠰᠦ ᠪᠤᠳᠠᠭ᠎ᠠ ᠶ᠋ᠢ ᠬᠠᠮᠲᠤ ᠳ᠋ᠤᠨᠢ ᠬᠤᠷᠢᠶᠠᠬᠤ ᠪᠤᠯᠵᠠᠢ ᠃ ᠮᠠᠯ ᠰᠦᠷᠦᠭ ‍ᠢᠶ᠋ᠡᠨ ᠬᠠᠰᠢᠶᠠᠯᠠᠨ ᠲᠡᠵᠢᠭᠡᠬᠦ ᠳ᠋ᠥ ᠡᠷᠳᠡᠨᠢ ᠰᠢᠰᠢ ᠶ᠋ᠢᠨ ᠡᠰᠢ ᠰᠦᠷᠡᠯ ᠨᠢ ᠡᠪᠡᠰᠦ ᠶ᠋ᠢ ᠤᠷᠤᠯᠠᠨ ᠂ ᠨᠤᠶᠠᠨ ᠰᠢᠰᠢ ᠨᠢ ᠨᠠᠷᠢᠯᠢᠭ ᠪᠤᠷᠳᠤᠭ᠎ᠠ ᠪᠤᠯᠵᠤ ᠂ ᠦᠯᠡᠳᠡᠭᠰᠡᠨ ᠪᠤᠳᠠᠭ᠎ᠠ ᠶ᠋ᠢ ᠨᠢ ᠲᠠᠸᠠᠷ ‍ᠤᠨ ᠠᠮᠤ ᠪᠠᠷ ᠬᠤᠳᠠᠯᠳᠤᠳᠠᠭ ᠡᠴᠠ ᠲᠠᠷᠢᠶᠠᠨ ᠤ ᠤᠷᠤᠯᠭ᠎ᠠ ᠶᠡᠬᠡᠪᠡᠷ ᠨᠡᠮᠡᠭᠳᠡᠨ ᠂ ᠮᠠᠯᠵᠢᠬᠤ ᠰᠤᠮᠤ ᠡᠴᠠ ᠪᠠᠨ ᠲᠠᠷᠢᠶᠠᠯᠠᠬᠤ ᠰᠤᠮᠤ ᠵᠦᠭ ᠠᠭᠠᠵᠢᠮ ‍ᠢᠶ᠋ᠡᠷ ᠰᠢᠯᠵᠢᠵᠦ ᠪᠠᠶᠢᠭ᠎ᠠ ᠪᠢᠯᠨ ᠃
ᠤᠶᠢᠷ᠎ᠠ ᠶ᠋ᠢᠨ ᠲᠠᠪᠤᠨ ᠵᠢᠯ ᠳ᠋ᠥ ᠭᠤᠷᠪᠠᠨᠬᠤᠸᠠ ᠨᠤᠲᠤᠭ ‍ᠤᠨ ᠮᠠᠯ ᠰᠦᠷᠦᠭ ᠠᠷᠠᠴᠢᠯᠠᠬᠤ ᠦᠢᠯᠡᠰ ᠶᠡᠬᠡᠪᠡᠷ ᠬᠦᠭᠵᠢᠵᠦ ᠂ ᠵᠤᠩᠬᠢᠯᠠᠬᠤ ᠲᠤᠭᠠᠨ ᠤ ᠡᠷᠦᠬᠡ ᠨᠢ ᠸᠠᠭᠠᠷ ᠲᠤᠭᠤᠰᠬᠠᠨ ᠪᠦᠲᠦᠴᠡ ᠲᠠᠢ ᠮᠠᠯ ‍ᠤᠨ ᠰᠠᠷᠠᠪᠴᠢ ᠪᠤᠰᠬᠠᠨ ᠂ ᠵᠢᠯ ‍ᠤᠨ ᠳᠦᠷᠪᠡᠨ ᠤᠯᠠᠷᠢᠯ ᠳ᠋ᠥ ᠮᠠᠯ ᠰᠦᠷᠦᠭ ᠨᠢ ᠲᠠᠷᠭᠤ ᠰᠠᠶᠢᠲᠠᠢ ᠪᠠᠶᠢᠳᠠᠭ ᠃
ᠲᠡᠵᠢᠭᠡᠨ ᠠᠷᠠᠴᠢᠯᠠᠬᠤ ᠲᠠᠯ᠎ᠠ ᠪᠠᠷ ᠡᠪᠤᠯ ᠬᠠᠪᠤᠷ ‍ᠤᠨ ᠲᠡᠵᠢᠭᠡᠯ ᠡᠪᠡᠰᠦ ᠪᠠᠨ ᠤᠯᠠᠩᠬᠢ ᠶ᠋ᠢ ᠨᠢ ᠮᠠᠰᠢᠨ ‍ᠢᠶ᠋ᠡᠷ ᠬᠡᠷᠴᠢᠨ ᠬᠠᠳᠠᠭᠠᠯᠠᠵᠤ ᠂ ᠤᠩᠭᠤᠴᠠᠨ ᠳ᠋ᠥ ᠲᠡᠵᠢᠭᠡᠳᠡᠭ ᠪᠤᠯᠬᠤᠷ ᠬᠤᠷᠢᠶᠠᠵᠤ ᠬᠠᠳᠠᠭᠠᠯᠠᠬᠤ ᠳ᠋ᠥ ᠠᠮᠠᠷ ᠂ ᠲᠡᠵᠢᠭᠡᠵᠦ ᠠᠷᠠᠴᠢᠯᠠᠬᠤ ᠳ᠋ᠥ ᠳᠦᠭᠦᠮ ᠪᠠᠶᠢᠳᠠᠭ ᠃
ᠬᠢᠵᠢᠭ ‍ᠢ ᠰᠡᠷᠭᠡᠶᠢᠯᠡᠬᠦ ᠨᠢ ᠮᠠᠯᠴᠢᠳ ‍ᠤᠨ ᠪᠠᠷᠢᠮᠲᠠᠯᠠᠭᠰᠠᠭᠠᠷ ᠢᠷᠡᠭᠰᠡᠨ ᠵᠤᠷᠰᠢᠯ ᠪᠤᠯᠵᠤ ᠂ ᠮᠠᠯ ᠰᠦᠷᠦᠭ ‍ᠢᠶ᠋ᠡᠨ ᠡᠩᠬᠡ ᠮᠡᠨᠳᠦ ᠡᠵᠡᠩᠨᠡᠨ ᠠᠷᠠᠴᠢᠯᠠᠬᠤ ᠶ᠋ᠢᠨ ᠪᠠᠲᠤᠯᠠᠭ᠎ᠠ ᠪᠤᠯᠤᠭᠰᠠᠨ ᠡᠴᠠ ᠮᠠᠯ ᠰᠦᠷᠦᠭ ᠦᠷᠡᠵᠢᠯᠲᠡ ᠰᠠᠶᠢᠲᠠᠢ ᠂ ᠠᠵᠤ ᠠᠬᠤᠢ ᠶ᠋ᠢᠨ ᠠᠰᠢᠭ ᠤᠷᠤᠯᠭ᠎ᠠ ᠴᠦ ᠵᠢᠯ ᠡᠴᠠ ᠵᠢᠯ ᠨᠡᠮᠡᠭᠳᠡᠵᠦ ᠪᠤᠢ ᠃
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ