ᠬᠠᠩᠳᠠᠭᠤᠳ · ᠤᠰᠤᠨᠪᠤᠳᠤᠭ ᠦᠨ︿ ︿ ᠭᠤᠷᠪᠠᠨᠬᠤᠸᠠ ﹀ ﹀ ᠨᠤᠮ ᠦᠨᠬᠤᠶᠠᠳᠤᠭᠠᠷ ᠨᠠᠶᠢᠷᠠᠭᠤᠯᠤᠯ ᠤᠨ ᠭᠤᠷᠪᠠᠳᠤᠭᠠᠷ ᠬᠡᠰᠡᠭ ‍ᠢ ᠰᠤᠩᠭᠤᠨ ᠰᠢᠯᠵᠢᠭᠦᠯᠪᠡ

ᠣᠩᠰᠢᠭᠰᠠᠨ ᠤᠳᠠᠭ᠎ᠠ ᠄ 6202     ᠨᠡᠶᠢᠳᠡᠯᠡᠭᠰᠡᠨ ᠴᠠᠭ ᠄ 2018/6/21 10:10:54

ᠭᠤᠷᠪᠠ ᠂ ᠭᠣᠷᠪᠠᠨᠬᠣᠸᠠ ᠰᠣᠮᠣᠨ ‍ᠤ ᠭᠠᠴᠠᠭ᠎ᠠ ᠲᠣᠰᠬᠣᠨ ‍ᠤ ᠨᠡᠷ᠎ᠡ ᠶ᠋ᠢᠨ ᠢᠷᠡᠯᠲᠡ

ᠪᠠᠶᠠᠨᠳᠠᠯ᠎ᠠ ᠭᠠᠴᠠᠭ᠎ᠠ  ᠄ ᠲᠣᠰ ᠭᠠᠴᠠᠭ᠎ᠠ ᠨᠢ ᠪᠠᠶᠠᠨᠳᠠᠯ᠎ᠠ ᠂ ᠪᠠᠭ᠎ᠠ ᠬᠣᠵᠢᠷᠳᠣ ᠂ ᠣᠷᠳᠣ ᠬᠣᠵᠢᠷᠳᠣ ᠵᠡᠷᠭᠡ ᠭᠣᠷᠪᠠᠨ ᠠᠶᠢᠯ ᠲᠣᠰᠬᠣᠨ ‍ᠢ ᠬᠠᠷᠢᠶᠠᠯᠠᠨ ᠵᠠᠬᠢᠷᠴᠣ ᠪᠣᠢ ᠃
ᠪᠠᠶᠠᠨᠳᠠᠯ᠎ᠠ ᠬᠡᠰᠡᠨ ᠲᠠᠭᠣᠳᠠᠯᠭ᠎ᠠ ᠪᠣᠯ 1947 ᠣᠨ ᠡᠴᠠ ᠡᠬᠢᠯᠡᠨ ᠲᠠᠭᠣᠳᠠᠵᠣ ᠢᠷᠡᠭᠰᠡᠨ ᠨᠡᠷ᠎ᠡ ᠪᠣᠯᠣᠨ᠎ᠠ ᠃ ᠲᠡᠬᠦᠨ ᠡᠴᠠ ᠡᠮᠣᠨ᠎ᠡ ᠬᠡᠬᠡᠷ ᠮᠤᠷᠢᠨ ᠪᠠᠶᠠᠨᠳᠠᠯ᠎ᠠ  ᠬᠡᠵᠣ ᠲᠠᠭᠣᠳᠠᠵᠣ ᠪᠠᠶᠢᠪᠠ  ᠃ ᠡᠨᠡᠬᠦ ᠲᠠᠭᠣᠳᠠᠯᠭ᠎ᠠ ᠨᠢ 1936 ᠣᠨ  ᠳᠤ ᠲᠡᠳᠡᠭᠡᠷ ᠲᠠᠷᠬᠠᠢ ᠪᠣᠳᠠᠷᠬᠠᠢ ᠨᠣᠳᠣᠭᠯᠠᠵᠣ ᠪᠠᠶᠢᠭᠰᠠᠨ ᠮᠠᠯᠴᠢᠳ ‍ᠢ ᠲᠣᠰ ᠭᠠᠵᠠᠷ ᠲᠤ ᠨᠡᠶᠢᠯᠡᠬᠦᠯᠣᠨ ᠨᠣᠳᠣᠭᠯᠠᠭᠣᠯᠵᠣ ᠂ ᠲᠣᠰᠬᠣᠨ ᠪᠠᠶᠢᠭᠣᠯᠣᠭᠰᠠᠨ ᠡᠴᠠ ᠡᠬᠢᠯᠡᠵᠣ ᠂ ᠬᠡᠬᠡᠷ ᠮᠤᠷᠢᠨ ᠪᠠᠶᠠᠨᠳᠠᠯ᠎ᠠ  ᠬᠡᠵᠣ ᠲᠠᠭᠣᠳᠠᠬᠣ ᠪᠣᠯᠪᠠ ᠃ ᠡᠨᠡ ᠬᠦ ᠲᠠᠭᠣᠳᠠᠯᠭ᠎ᠠ ᠶ᠋ᠢᠨ ᠢᠷᠡᠯᠲᠡ ᠨᠢ ᠲᠡᠣᠭᠡ ᠲᠣᠮᠣᠭ ᠲᠠᠢ  ᠬᠤᠯᠪᠤᠭ᠎ᠠ ᠲᠠᠢ ᠪᠠᠶᠢᠳᠠᠭ ᠃ ᠴᠢᠡᠭ ᠤᠯᠤᠰ ‍ᠤᠨ ᠡᠬᠢᠨ ‍ᠤ ᠦᠶ᠎ᠡ ᠳ᠋ᠤ ᠲᠣᠬᠠᠢ ᠶ᠋ᠢᠨ ᠦᠶ᠎ᠡ ᠶ᠋ᠢᠨ ᠢ ᠵᠸᠣ ᠶ᠋ᠢᠨ ᠪᠣᠷᠨᠠᠢ ᠸᠠᠡᠭ ᠴᠡᠷᠢᠭ ᠬᠦᠳᠡᠯᠬᠡᠵᠣ ᠴᠢᠡᠭ ‍ᠤᠨ ᠲᠦᠷᠣ ᠶ᠋ᠢ ᠡᠰᠡᠷᠬᠦᠴᠡᠭᠡᠳ ᠂ ᠴᠢᠡᠭ ‍ᠤᠨ ᠴᠡᠷᠢᠭ ᠲᠣ ᠳᠡᠶᠢᠯᠦᠭᠳᠡᠨ ᠲᠣᠳᠠᠭᠠᠵᠣ ᠂ ᠡᠨᠡ ᠭᠠᠵᠠᠷ ᠬᠦᠷᠴᠣ ᠢᠷᠡᠭᠰᠡᠨ ᠬᠡᠨ᠎ᠡ ᠃ ᠲᠡᠷᠨ ᠴᠠᠭ ᠨᠢ ᠶᠠᠭ ᠬᠠᠯᠠᠭᠣᠨ ᠣᠯᠠᠷᠢᠯ  ᠳᠤ ᠳᠤᠬᠢᠶᠠᠯᠳᠤᠭᠰᠠᠨ ᠡᠴᠠ ᠪᠣᠷᠨᠠᠢ ᠸᠠᠡᠭ ‍ᠤᠨ ᠴᠡᠷᠢᠭ ᠮᠣᠷᠢ ᠣᠰᠣ ᠣᠯᠵᠣ ᠣᠣᠭᠣᠬᠣ ᠦᠬᠡᠢ ᠴᠠᠡᠭᠭᠠᠵᠣ ᠭᠠᠴᠢᠭᠳᠠᠭᠰᠠᠨ ᠬᠡᠨ᠎ᠡ ᠃ ᠶᠠᠭ ᠡᠨᠡ ᠦᠶ᠎ᠡ  ᠳᠤ ᠨᠢᠬᠡᠨ ᠬᠡᠬᠡᠷ ᠮᠣᠷᠢ  ᠬᠠᠷᠠᠭᠳᠠᠪᠠ ᠃ ᠪᠣᠷᠨᠠᠢ ᠸᠠᠡᠭ ᠭᠡᠭᠡᠷ ᠮᠤᠷᠢ ᠶ᠋ᠢ ᠦᠵᠡᠭᠡᠳ ᠰᠡᠭᠡᠰᠬᠢᠵᠤ ᠂ ᠡᠨᠡ ᠨᠣᠳᠣᠭ ‍ᠤᠨ ᠮᠣᠷᠢ ᠨᠢ ᠡᠡᠳᠡᠬᠢ ᠣᠰᠣ ᠬᠠᠮᠢᠭ᠎ᠠ ᠪᠠᠶᠢᠬᠣ ᠶ᠋ᠢ ᠯᠠᠪ ᠮᠡᠳᠡᠨ᠎ᠡ ᠬᠡᠵᠣ ᠪᠣᠳᠣᠭᠰᠠᠨ ᠢᠶᠡᠨ ᠬᠤᠶᠠᠷ ᠬᠤᠶᠠᠭ ᠢᠶᠡᠨ ᠵᠠᠷᠯᠢᠭᠳᠠᠨ ᠡᠨᠡ ᠬᠡᠬᠡᠷ ᠮᠤᠷᠢ ᠶ᠋ᠢ ᠲᠠᠭᠠᠵᠣ ᠣᠰᠣ ᠬᠠᠶᠢᠭᠠᠳ ᠢᠷ᠎ᠡ ᠭᠡᠪᠡ ᠃ ᠬᠤᠶᠠᠷ  ᠬᠤᠶᠠᠭ ᠬᠡᠬᠡᠷ ᠮᠤᠷᠢᠨ ‍ᠤ ᠠᠷᠣ ᠡᠴᠠ ᠰᠡᠮ ᠰᠡᠮᠬᠡᠨ ᠲᠠᠭᠠᠵᠣ ᠶᠠᠪᠣᠭᠰᠠᠭᠠᠷ ᠨᠡᠭᠡᠷᠡᠨ ᠨᠢᠬᠡᠨ ᠴᠡᠪᠡᠷ ᠲᠣᠡᠭᠭᠠᠯᠠᠭ ᠨᠠᠭᠣᠷ ‍ᠢ ᠣᠯᠵᠣ ᠦᠵᠡᠪᠡ ᠃ ᠲᠡᠭᠡᠭᠡᠳ ᠬᠦᠮᠣᠨ ᠤᠨᠤᠭ᠎ᠠ ᠲᠠᠢ ᠪᠠᠨ ᠲᠤᠡᠭᠭᠠᠯᠠᠭ ᠨᠠᠭᠤᠷ ‍ᠤᠨ ᠤᠰᠤᠨ ᠡᠴᠠ ᠬᠠᠨᠣᠳᠠᠯ᠎ᠠ ᠣᠣᠭᠣᠵᠣ ᠂ ᠴᠠᠡᠭᠭᠠᠵᠣ ᠦᠬᠦᠬᠦ ᠠᠶᠣᠯ ᠡᠴᠠ ᠬᠡᠯᠳᠣᠷᠢᠭᠰᠡᠨ ᠬᠡᠨ᠎ᠡ ᠃ ᠲᠡᠶᠢᠨ ᠬᠦ ᠨᠤᠲᠤᠭ ‍ᠤᠨ ᠬᠦᠮᠦᠰ ᠲᠣᠰ ᠲᠠᠯ᠎ᠠ ᠶ᠋ᠢ ᠬᠡᠬᠡᠷ ᠮᠤᠷᠢᠨ ᠪᠠᠶᠠᠨᠳᠠᠯ᠎ᠠ ᠬᠡᠵᠣ ᠳᠠᠭᠤᠳᠠᠬᠤ ᠪᠤᠯᠤᠭᠰᠠᠨ ᠪᠠᠶᠢᠨ᠎ᠠ ᠃ ᠭᠣᠷᠪᠠᠨᠬᠣᠸᠠ ᠰᠣᠮᠣ ᠶ᠋ᠢᠨ ᠵᠠᠰᠠᠭ ‍ᠤᠨ ᠤᠷᠳᠤᠨ ᠨᠢ  ᠪᠠᠶᠠᠡᠲᠠᠯ᠎ᠠ ᠭᠠᠴᠠᠭᠠᠨ ᠳ᠋ᠤ ᠰᠠᠭᠤᠷᠢᠰᠢᠵᠤ ᠪᠤᠢ ᠃

ᠣᠷᠳᠣ ᠬᠣᠵᠢᠷ ᠄ ᠡᠷᠳᠡ ᠦᠶ᠎ᠡ ᠳ᠋ᠡᠭᠡᠨ ᠡᠨᠡ ᠭᠠᠵᠠᠷ ᠬᠣᠵᠢᠷ ᠶᠡᠭᠡ ᠬᠦᠬᠡᠷᠡᠵᠣ ᠪᠠᠶᠢᠭᠰᠠᠨ ᠢᠶᠠᠷ ᠡᠶᠢᠨ ᠬᠦ ᠳᠠᠭᠤᠳᠠᠭᠰᠠᠨ ᠶᠤᠮ ᠃ ᠠᠡᠭᠬᠠᠨ ᠳ᠋ᠠᠭᠠᠨ ᠮᠦᠡᠭᠭᠡᠪᠠᠶᠠᠷ ‍ᠤᠨ ᠬᠣᠵᠢᠷ ᠬᠡᠵᠣ ᠨᠡᠷᠡᠯᠡᠵᠣ ᠪᠠᠶᠢᠭᠰᠠᠨ ᠭᠡᠳᠡᠭ ᠃ ᠪᠦᠬᠦᠳᠡ ᠨᠠᠶᠢᠷᠠᠮᠳᠠᠬᠣ ᠲᠣᠮᠳᠠᠳᠣ ᠠᠷᠠᠳ ᠣᠯᠣᠰ ᠪᠠᠶᠢᠭᠣᠯᠣᠭᠳᠠᠬᠣ ᠡᠴᠠ ᠡᠮᠣᠨ᠎ᠡ ᠲᠣᠰ ᠨᠣᠳᠣᠭ  ᠲᠤ ᠭᠡᠳᠣᠨ ᠭᠡᠷ ᠴᠣᠭᠯᠠᠷᠠᠵᠣ ᠠᠶᠢᠯ ᠪᠣᠯᠵᠣ ᠰᠠᠭᠤᠷᠢᠰᠢᠭᠰᠠᠨ ᠬᠡᠨ᠎ᠡ ᠃ ᠲᠡᠳᠡᠨ ‍ᠤ ᠳᠤᠮᠳᠠ ᠮᠦᠡᠭᠭᠡᠪᠠᠶᠠᠷ ᠭᠡᠭᠴᠢ ᠬᠦᠮᠦᠨ ᠠᠵᠢᠯᠰᠠᠭ ᠪᠦᠬᠡᠳ ᠣᠬᠠᠭᠠᠨᠯᠢᠭ ᠂ ᠠᠶᠢᠯ ‍ᠤᠨ ᠣᠯᠠᠨ ᠳ᠋ᠠᠭᠠᠨ ᠵᠦᠡᠭᠳᠡᠭᠡᠨ ᠰᠠᠶᠢᠨ ᠶᠠᠪᠣᠳᠠᠯ ᠬᠢᠳᠡᠭ ᠡᠴᠠ ᠮᠦᠡᠭᠭᠡᠪᠠᠶᠠᠷ ‍ᠤᠨ ᠬᠣᠵᠢᠷ ᠬᠡᠵᠣ ᠲᠣᠷᠠᠰᠬᠠᠨ ᠲᠠᠭᠣᠳᠠᠭᠰᠠᠨ ᠭᠡᠨ᠎ᠡ ᠃ 1936 ᠣᠨ  ᠳᠤ ᠲᠣᠰ ᠲᠣᠰᠬᠣᠨ ‍ᠢ ᠪᠠᠶᠢᠭᠣᠯᠵᠣ ᠂ 1958 ᠣᠨ  ᠳᠤ ᠣᠷᠳᠣ ᠬᠣᠵᠢᠷ ᠬᠡᠵᠣ ᠨᠡᠷᠡᠯᠡᠭᠰᠡᠨ ᠪᠠᠶᠢᠨ᠎ᠠ ᠃
ᠪᠠᠭ᠎ᠠ ᠬᠣᠵᠢᠷᠳᠣ ᠨᠢ ᠣᠷᠳᠣ ᠬᠣᠵᠢᠷ ᠡᠴᠠ ᠪᠠᠨ ᠬᠤᠵᠢᠳ ᠪᠠᠶᠢᠭᠣᠯᠣᠭᠳᠠᠭᠰᠠᠨ ᠪᠦᠬᠡᠳ ᠡᠷᠣᠭᠡ ᠠᠮᠠ ᠨᠢ ᠴᠤ ᠣᠷᠳᠣ ᠬᠣᠵᠢᠷ  ᠡᠴᠠ ᠪᠠᠨ ᠴᠦᠬᠡᠨ ᠪᠤᠯᠬᠤᠷ ᠪᠠᠭ᠎ᠠ ᠬᠣᠵᠢᠷᠳᠣ ᠬᠡᠵᠣ ᠨᠡᠷᠡᠯᠡᠭᠳᠡᠵᠣ ᠂ ᠪᠡᠶ᠎ᠡ ᠪᠠᠨ ᠲᠠᠭᠠᠭᠠᠭᠰᠠᠨ ᠠᠶᠢᠯ ᠲᠣᠰᠬᠣᠨ ᠪᠤᠯᠪᠠ ᠃

ᠬᠠᠷᠠᠭᠠᠨᠳᠣ ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠦᠡᠭᠭᠡᠷᠡᠭᠰᠡᠨ ᠳ᠋ᠤ ᠪᠠᠷᠠᠭᠣᠨ ᠬᠠᠷᠠᠭᠠᠨᠳᠣ  ᠂ ᠵᠡᠬᠦᠨ ᠬᠠᠷᠠᠭᠠᠨᠳᠣ  ᠂ ᠡᠮᠣᠨ᠎ᠡ ᠬᠠᠷᠠᠭᠠᠨᠳᠣ ᠭᠤᠷᠪᠠᠨ ᠲᠤᠰᠬᠤᠨ ‍ᠢ ᠬᠠᠷᠢᠶᠠᠯᠠᠨ ᠵᠠᠬᠢᠷᠴᠣ ᠪᠠᠶᠢᠪᠠ ᠃ ᠡᠳᠦᠬᠡ ᠪᠠᠷᠠᠭᠣᠨ ᠬᠠᠷᠠᠭᠠᠨᠳᠣ  ᠂ ᠵᠡᠬᠦᠨ ᠬᠠᠷᠠᠭᠠᠨᠳᠣ ᠬᠣᠶᠠᠷ ᠲᠤᠰᠬᠤᠨ ‍ᠢ ᠬᠠᠷᠢᠶᠠᠯᠠᠨ ᠵᠠᠬᠢᠷᠴᠣ ᠪᠤᠢ ᠃ ᠲᠣᠬᠠᠢ ᠶ᠋ᠢᠨ ᠦᠶ᠎ᠡ ᠶ᠋ᠢᠨ ᠡᠮᠣᠨ᠎ᠡ ᠬᠠᠷᠠᠭᠠᠨᠳᠣ ᠨᠢ 1994ᠣᠨ ‍ᠤ ᠦᠶᠡᠷ ᠲᠤ ᠭᠠᠮᠰᠢᠭᠳᠠᠵᠣ ᠪᠦᠬᠦᠯᠢ ᠠᠶᠢᠯ ᠢᠶᠠᠷ ᠢᠶᠡᠨ ᠵᠠᠷᠣᠳ ᠬᠣᠰᠢᠭᠣᠨ ᠳᠤ ᠨᠡᠬᠦᠵᠣ ᠶᠠᠪᠤᠪᠠ ᠃ ᠲᠣᠰ ᠭᠠᠴᠠᠭ᠎ᠠ ᠶ᠋ᠢᠨ ᠬᠢᠨ 1936 ᠣᠨ ᠳ᠋ᠣ ᠴᠣᠭᠯᠠᠷᠠᠨ ᠰᠠᠭᠣᠵᠣ ᠠᠶᠢᠯ ᠪᠦᠷᠢᠯᠳᠦᠭᠰᠡᠨ ᠶᠣᠮ ᠃ ᠪᠠᠶᠢᠷᠢᠰᠢᠯ ᠨᠢ ᠣᠳᠣ ᠶ᠋ᠢᠨ ᠰᠣᠮᠣ ᠶ᠋ᠢᠨ ᠵᠠᠰᠠᠭ ‍ᠤᠨ ᠤᠷᠳᠤᠨ ‍ᠤ ᠰᠠᠭᠤᠷᠢᠰᠢᠯ ᠪᠤᠯᠬᠤ ᠪᠠᠶᠠᠨᠳᠠᠯ᠎ᠠ ᠡᠴᠠ ᠵᠡᠬᠦᠡᠰᠢ ᠲᠠᠪᠣᠨ ᠺᠢᠯᠣᠮᠸᠲ᠋ᠷ ᠵᠠᠢ ᠲᠠᠢ ᠃ ᠬᠠᠷᠠᠭᠠᠨᠳᠣ  ᠭᠡᠳᠡᠭ ᠨᠡᠷᠡᠶᠢᠳᠣᠯ ᠨᠢ ᠮᠦᠨ ᠲᠠᠶᠢᠴᠢᠡᠭ ᠬᠦᠷᠣᠨ ‍ᠤ ᠡᠬᠢᠨ ‍ᠤ ᠴᠠᠭ  ᠲᠤ ᠢ ᠵᠸᠤ ᠸᠠᠡᠭ ᠪᠣᠷᠨᠠᠢ ᠶ᠋ᠢᠨ ᠲᠦᠷᠣ ᠶ᠋ᠢ ᠡᠰᠡᠷᠬᠦᠴᠡᠭᠰᠡᠨ ᠣᠶᠢᠯᠡ ᠠᠵᠢᠯᠯᠠᠭ᠎ᠠ ᠲᠠᠢ ᠬᠣᠯᠪᠣᠭ᠎ᠠ ᠲᠠᠢ ᠶᠣᠮ ᠃
ᠬᠠᠷᠠᠭᠠᠨᠳᠣ ᠭᠡᠳᠡᠭ ᠨᠢ ᠴᠡᠷᠢᠭ ᠶ᠋ᠢᠨ ᠬᠠᠷᠠᠭᠣᠯ ᠮᠠᠨᠠᠭ᠎ᠠ ᠵᠣᠭᠰᠣᠭᠰᠠᠨ ᠭᠠᠵᠠᠷ ‍ᠢ ᠵᠢᠭᠠᠭᠰᠠᠨ ᠨᠡᠷᠡᠶᠢᠳᠣᠯ ᠠᠵᠢ ᠃ ᠲᠣᠬᠠᠢ ᠶ᠋ᠢᠨ ᠦᠶ᠎ᠡ  ᠳᠤ ᠢ ᠵᠸᠣ ᠶ᠋ᠢᠨ ᠪᠣᠷᠨᠠᠢ ᠸᠠᠡᠭ ‍ᠤᠨ ᠴᠡᠷᠢᠭ ᠂ ᠴᠢᠡᠭ ‍ᠤᠨ ᠴᠡᠷᠢᠭ ᠲᠠᠢ ᠬᠦᠷᠢᠶ᠎ᠡ ᠬᠣᠰᠢᠭᠣᠨ ‍ᠤ ᠬᠠᠷᠢᠶᠠᠨ ᠳ᠋ᠤ ᠲᠤᠯᠤᠯᠳᠤᠭᠠᠳ ᠶᠡᠭᠡ ᠪᠡᠷ ᠢᠯᠠᠭᠳᠠᠨ ᠂ ᠭᠣᠷᠪᠠᠨᠬᠣᠸᠠ ᠶ᠋ᠢᠨ ᠪᠡᠷᠭᠡ ᠣᠷᠣᠭᠣ ᠲᠣᠳᠠᠭᠠᠨ ᠤᠷᠤᠵᠤ ᠢᠷᠡᠪᠡ ᠃ ᠪᠤᠷᠨᠠᠢ ᠸᠠᠡᠭ ᠂ ᠴᠡᠷᠢᠭ ᠪᠠᠭᠣᠭᠰᠠᠨ ᠭᠠᠵᠠᠷ ᠲᠠᠭᠠᠨ ᠬᠠᠷᠠᠭᠣᠯ ᠮᠠᠨᠠᠭ᠎ᠠ ᠪᠠᠨ ᠣᠨᠴᠠᠭᠠᠢ ᠴᠢᠡᠭᠭᠠᠯᠠᠵᠣ ᠂ ᠡᠨᠳᠡᠬᠢ ᠣᠷᠣᠢ ᠵᠢᠯᠠᠭ᠎ᠠ ᠨᠣᠭᠣᠳ ‍ᠢ ᠪᠠᠷᠠᠯᠠᠬᠤ ᠲᠠᠪᠰᠡᠭ ᠪᠣᠯᠭᠠᠭᠰᠠᠨ ᠡᠴᠠ ᠬᠤᠵᠢᠮ ᠨᠢ ᠲᠣᠰ ᠭᠠᠵᠠᠷ  ‍ᠢ ᠬᠠᠷᠠᠭᠠᠨᠳᠣ  ᠬᠡᠵᠣ ᠳᠠᠭᠤᠳᠠᠪᠠ ᠃

ᠴᠠᠭᠠᠨᠴᠢᠯᠠᠭᠣ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠤᠤᠯ ᠨᠢ ᠪᠠᠷᠠᠭᠣᠨ ᠴᠠᠭᠠᠨᠴᠢᠯᠠᠭᠣ ᠂ ᠵᠡᠬᠦᠨ ᠴᠠᠭᠠᠨᠴᠢᠯᠠᠭᠣ ᠂ ᠲᠣᠮᠳᠠ ᠴᠠᠭᠠᠨᠴᠢᠯᠠᠭᠣ ᠬᠡᠮᠡᠬᠦ ᠭᠣᠷᠪᠠᠨ ᠲᠣᠰᠬᠣᠨ ‍ᠢ ᠬᠠᠷᠢᠶᠠᠯᠠᠨ ᠵᠠᠬᠢᠷᠴᠣ ᠪᠠᠶᠢᠵᠡᠢ ᠃ ᠡᠬᠦᠨ ᠳ᠋ᠤ ᠳᠤᠮᠳᠠ ᠴᠠᠭᠠᠨᠴᠢᠯᠠᠭᠣ  ᠨᠢ 1994 ᠣᠨ ‍ᠤ ᠦᠶᠡᠷ   ᠲᠤ ᠭᠠᠮᠰᠢᠭᠳᠠᠭᠰᠠᠨ ᠡᠴᠠ ᠪᠦᠬᠦ ᠠᠶᠢᠯ ‍ᠢ ᠨᠡᠬᠦᠯᠭᠡᠪᠡ ᠃ ᠲᠣᠰ ᠭᠠᠴᠠᠭ᠎ᠠ ᠨᠢ ᠮᠦᠨ ᠴᠢᠡᠭ ᠣᠯᠣᠰ ‍ᠤᠨ ᠡᠬᠢᠨ ‍ᠤ ᠦᠶ᠎ᠡ ᠳ᠋ᠤ ᠲᠤᠰᠬᠤᠨ ᠪᠤᠯᠵᠤ ᠪᠦᠷᠢᠯᠳᠣᠪᠡ ᠃ ᠪᠠᠶᠢᠷᠢᠰᠢᠯ ᠨᠢ ᠣᠳᠣ ᠶ᠋ᠢᠨ ᠰᠣᠮᠣ ᠶ᠋ᠢᠨ ᠵᠠᠰᠠᠭ ‍ᠤᠨ ᠤᠷᠳᠤᠨ ‍ᠤ ᠰᠠᠭᠤᠷᠢᠰᠢᠯ ᠪᠤᠯᠬᠤ ᠪᠠᠶᠠᠨᠳᠠᠯ᠎ᠠ ᠡᠴᠠ ᠪᠠᠨ ᠵᠡᠬᠦᠨ ᠡᠮᠦᠨᠡᠰᠢ 13 ᠺᠢᠯᠤᠮᠸᠲ᠋ᠷ ᠵᠠᠢ ᠲᠠᠢ ᠃ ᠴᠠᠭᠠᠨᠴᠢᠯᠠᠭᠣ ᠭᠡᠳᠡᠭ ᠨᠡᠷ᠎ᠡ ᠶ᠋ᠢᠨ ᠢᠷᠡᠯᠲᠡ ᠨᠢ ᠮᠦᠨ ᠢ ᠵᠸᠣ ᠸᠠᠡᠭ ᠪᠤᠷᠨᠠᠢ ᠶ᠋ᠢᠨ ᠳᠡᠶᠢᠯᠦᠭᠳᠡᠨ ᠲᠣᠳᠠᠭᠠᠭᠰᠠᠨ ᠦᠯᠢᠭᠡᠷ ᠲᠠᠢ ᠬᠣᠯᠪᠣᠭ᠎ᠠ ᠲᠠᠢ ᠃ ᠪᠣᠷᠨᠠᠢ ᠸᠠᠡᠭ ᠠᠷᠣ ᠡᠴᠠ ᠨᠢ ᠨᠡᠬᠡᠵᠣ ᠲᠠᠭᠤᠵᠤ ᠪᠠᠶᠢᠭ᠎ᠠ ᠴᠢᠡᠭ  ‍ᠤᠨ ᠴᠡᠷᠢᠭ ‍ᠢ ᠮᠡᠬᠡᠯᠡᠬᠦ ᠶ᠋ᠢᠨ ᠲᠦᠯᠣᠭᠡ ᠴᠠᠭᠠᠨ ᠦᠡᠭᠭᠡᠳᠣ ᠴᠢᠯᠠᠭᠣ ᠪᠡᠷ ᠲᠤᠯᠭ᠎ᠠ ᠪᠤᠰᠬᠠᠵᠤ ᠂ ᠬᠠᠪᠢ ᠲᠦᠰᠦᠷ ᠲᠤ ᠨᠢ ᠡᠴᠢᠨᠡᠬᠡᠨ ᠲᠡᠴᠢᠨᠡᠬᠡᠨ ᠪᠣᠳᠠᠭ᠎ᠠ ᠱᠦᠬᠦᠬᠦ ᠵᠣᠣᠯᠢ ᠬᠠᠶᠠᠵᠣ ᠣᠷᠬᠢᠪᠠ ᠬᠡᠨ᠎ᠡ ᠃ ᠲᠡᠶᠢᠨ ᠬᠦ  ᠡᠬᠢᠨ ᠳ᠋ᠡᠭᠡᠨ ᠵᠣᠣᠯᠢ ᠴᠠᠭᠠᠨ ᠴᠢᠯᠠᠭᠣ  ᠬᠡᠵᠣ ᠲᠠᠭᠣᠳᠠᠵᠣ ᠪᠠᠶᠢᠪᠠ ᠃ ᠰᠡᠬᠦᠯ ᠳ᠋ᠣᠨᠢ ᠴᠠᠭᠠᠡᠴᠢᠯᠠᠭᠤ ᠭᠡᠳᠡᠭ ᠪᠤᠯᠪᠠ ᠃

ᠲᠣᠯᠣᠭᠠᠶᠢᠳᠣ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠲᠣᠯᠣᠭᠠᠶᠢᠳᠣ ᠂ ᠣᠪᠣᠭ᠎ᠠ ᠬᠣᠵᠢᠷᠳᠣ ᠬᠣᠶᠠᠷ ᠲᠣᠰᠬᠣᠨ ‍ᠢ ᠬᠠᠷᠢᠶᠠᠯᠠᠨ ᠵᠠᠬᠢᠷᠴᠣ ᠪᠤᠢ ᠃ ᠲᠣᠯᠣᠭᠠᠶᠢᠳᠣ ᠶ᠋ᠢ ᠣᠣᠯ ᠨᠢ ᠣᠯᠠᠨ ᠲᠣᠯᠣᠭᠠᠶᠢᠳᠣ ᠭᠡᠵᠣ ᠨᠡᠷᠡᠶᠢᠳᠴᠦ ᠪᠠᠶᠢᠭᠰᠠᠨ ᠶᠣᠮ ᠃ ᠡᠡᠳᠡ ᠪᠤᠷᠨᠠᠢ ᠸᠠᠡᠭ ‍ᠤᠨ ᠴᠡᠷᠢᠭ ᠂ ᠴᠢᠡᠭ ᠤᠯᠤᠰ ‍ᠤᠨ ᠴᠡᠷᠢᠭ ᠲᠠᠢ ᠳᠤᠯᠤᠯᠳᠤᠭᠠᠳ ᠬᠤᠶᠠᠷ ᠡᠲᠡᠭᠡᠳ ‍ᠤᠨ ᠴᠡᠷᠢᠭ ‍ᠤᠨ ᠦᠬᠦᠳᠡᠯ ᠭᠠᠵᠠᠷ ᠰᠠᠢ ᠪᠦᠷᠬᠦᠭᠰᠡᠨ ᠭᠡᠨ᠎ᠡ ᠃ ᠲᠡᠷᠡ ᠦᠶ᠎ᠡ ᠡᠴᠠ ᠡᠬᠢᠯᠡᠵᠣ ᠲᠣᠰ ᠭᠠᠵᠠᠷ ‍ᠢ ᠣᠯᠠᠨ ᠲᠣᠯᠣᠭᠠᠶᠢᠳᠣ ᠭᠡᠵᠣ ᠨᠡᠷᠡᠯᠡᠬᠦ ᠪᠤᠯᠪᠠ ᠃ ᠰᠡᠬᠦᠯᠡᠷ ᠨᠢ ᠲᠣᠰ ᠭᠠᠵᠠᠷ ᠠᠶᠢᠯ  ᠪᠦᠷᠢᠯᠳᠣᠨ ᠰᠠᠭᠣᠭᠠᠳ ᠣᠯᠠᠨ ᠲᠣᠯᠣᠭᠠᠶᠢᠳᠣ ᠭᠡᠵᠡᠢ ᠃ ᠲᠣᠰ ᠠᠶᠢᠯ ‍ᠤᠨ ᠨᠡᠷ᠎ᠡ ᠶ᠋ᠢᠨ ᠳᠤᠬᠠᠢ ᠵᠠᠷᠢᠮ ᠲᠤᠮᠤᠭᠠᠲᠠᠳ ᠡᠴᠠ ᠲᠣᠶᠢᠮᠣᠭ ᠬᠦᠮᠣᠨ ᠤᠯᠠᠨ ᠪᠠᠶᠢᠭᠰᠠᠨ ᠡᠴᠠ ᠣᠯᠠᠨ ᠲᠣᠯᠣᠭᠠᠶᠢᠳᠣ ᠭᠡᠵᠣ ᠨᠡᠷᠡᠶᠢᠳᠪᠡ ᠬᠡᠮᠡᠨ ᠶᠠᠷᠢᠵᠤ ᠪᠤᠢ ᠃ ᠡᠨᠡ ᠨᠢ ᠡᠰᠢ ᠪᠠᠷᠢᠮᠲᠠ ᠮᠠᠭᠤᠲᠠᠢ ᠶᠠᠷᠢᠶ᠎ᠠ ᠶᠤᠮ ᠃ ᠣᠪᠣᠭᠠᠨ ᠲᠠᠯ᠎ᠠ ᠂ ᠬᠣᠵᠢᠷᠳᠣ ᠲᠠᠯ᠎ᠠ  ᠬᠣᠶᠠᠷ ᠲᠤᠰᠬᠤᠨ ‍ᠢ ᠨᠡᠶᠢᠯᠡᠬᠦᠯᠦᠭᠡᠳ ᠣᠪᠣᠭ᠎ᠠ ᠬᠣᠵᠢᠷᠳᠣ  ᠭᠡᠵᠣ ᠳᠠᠭᠤᠳᠠᠬᠤ ᠪᠤᠯᠪᠠ ᠃ ᠲᠣᠰ ᠠᠶᠢᠯ ᠨᠢ 1932 ᠣᠨ ‍ᠤ ᠦᠶ᠎ᠡ  ᠳᠤ ᠪᠠᠷᠠᠭᠣᠨ ᠮᠣᠭᠠᠶᠢᠳᠣ  ᠶ᠋ᠢᠨ ᠪᠠᠶᠠᠨ ‍ᠤ ᠮᠠᠯ ‍ᠤᠨ ᠲᠣᠪᠣ ᠪᠠᠶᠢᠪᠠ ᠃ 1940 ᠣᠨ  ᠳᠤ ᠲᠣᠰᠬᠣᠨ ᠪᠤᠯᠵᠤ ᠪᠦᠷᠢᠯᠳᠣᠪᠡ ᠃ ᠲᠣᠰ ᠭᠠᠴᠠᠭᠠᠨ ᠳᠤ ᠮᠦᠨ ᠣᠯᠠᠨ ᠰᠣᠮᠣᠳᠣ ᠬᠠᠷᠢᠶᠠᠯᠠᠭᠳᠠᠵᠣ ᠪᠠᠶᠢᠪᠠ ᠃ ᠣᠯᠠᠨ ᠰᠣᠮᠣᠳᠣ ᠬᠡᠮᠡᠬᠦ ᠨᠡᠷ᠎ᠡ ᠨᠢ ᠮᠦᠨ ᠪᠣᠷᠨᠠᠢ ᠸᠠᠡᠭ ᠲᠠᠢ ᠬᠤᠯᠪᠤᠭ᠎ᠠ ᠲᠠᠢ ᠃ ᠳᠤᠬᠠᠶᠢᠯᠠᠪᠠᠯ  ᠪᠤᠷᠨᠠᠢ ᠸᠠᠡᠭ ᠴᠢᠡᠭ ‍ᠤᠨ ᠴᠡᠷᠢᠭ ᠲᠠᠢ ᠡᠡᠳᠡ ᠲᠤᠯᠤᠯᠳᠤᠬᠤ ᠳ᠋ᠤ ᠨᠢ ᠣᠯᠠᠨ ᠰᠣᠮᠣ ᠦᠯᠡᠳᠡᠭᠰᠡᠨ ᠭᠡᠳᠡᠭ ᠃ ᠲᠡᠶᠢᠨ ᠬᠦ ᠤᠯᠠᠨ ᠰᠤᠮᠤᠲᠤ ᠭᠡᠪᠡ ᠃  ᠣᠯᠠᠨ ᠰᠣᠮᠣᠳᠣ  ᠠᠶᠢᠯ ᠨᠢ 1994 ᠣᠨ ‍ᠤ ᠦᠶᠡᠷ ᠲᠤ ᠠᠪᠲᠠᠭᠳᠠᠭᠰᠠᠨ ᠢᠶᠠᠷ ᠪᠦᠬᠦ ᠲᠤᠰᠬᠤᠨ ‍ᠢ ᠨᠡᠬᠦᠯᠭᠡᠪᠡ ᠃ ᠲᠣᠰ ᠭᠠᠴᠠᠭ᠎ᠠ ᠨᠢ ᠰᠤᠮᠤᠨ ‍ᠤ ᠠᠷᠠᠳ ‍ᠤᠨ ᠵᠠᠰᠠᠭ ‍ᠤᠨ ᠤᠷᠳᠤᠨ ‍ᠤ ᠰᠠᠭᠤᠷᠢᠰᠢᠯ ᠪᠤᠯᠬᠤ ᠪᠠᠶᠠᠡᠲᠠᠯ᠎ᠠ ᠡᠴᠠ ᠵᠡᠬᠦᠨ ᠡᠮᠦᠨᠡᠰᠢ 25 ᠺᠸᠯᠤᠮᠸᠲ᠋ᠷ ᠵᠠᠶᠢᠲᠠᠢ ᠪᠠᠶᠢᠷᠢᠯᠠᠵᠣ  ᠪᠤᠢ ᠃

ᠪᠠᠶᠠᠵᠢᠯ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠠᠭᠳᠠ ᠂ ᠵᠡᠬᠦᠨ ᠲᠠᠷᠢᠶᠠᠳᠣ  ᠬᠣᠶᠠᠷ ᠲᠣᠰᠬᠣᠨ ‍ᠢ ᠬᠠᠷᠢᠶᠠᠯᠠᠨ ᠵᠠᠬᠢᠷᠴᠣ ᠪᠠᠶᠢᠭ᠎ᠠ ᠪᠢᠯᠨ ᠃
ᠠᠭᠳᠠ ᠭᠡᠳᠡᠭ ᠨᠢ ᠠᠭᠳᠠ ᠮᠣᠷᠢᠨ ‍ᠤ ᠠᠭᠳᠠ ᠶᠤᠮ ᠃ ᠴᠢᠡᠭ ᠤᠯᠤᠰ ‍ᠤᠨ ᠦᠶ᠎ᠡ ᠳ᠋ᠤ ᠬᠣᠰᠢᠭᠣᠨ ‍ᠤ ᠠᠷᠠᠳ ᠡᠴᠠ ᠬᠣᠰᠢᠭᠣᠨ ‍ᠤ ᠸᠠᠡᠭ  ᠳᠤ ᠰᠠᠶᠢᠨ ᠮᠣᠷᠢ ᠪᠡᠷ ᠠᠯᠪᠠ ᠪᠠᠷᠢᠳᠠᠭ ᠬᠡᠨ᠎ᠡ ᠃ ᠨᠢᠬᠡᠨ ᠣᠳᠠᠭ᠎ᠠ ᠂ ᠸᠠᠡᠭ ‍ᠤᠨ ᠠᠯᠪᠠᠨ ᠳ᠋ᠤ ᠪᠠᠷᠢᠭᠰᠠᠨ ᠨᠢᠬᠡᠨ ᠨᠡᠷᠡᠲᠡᠢ ᠰᠠᠶᠢᠨ ᠠᠭᠳᠠ ᠨᠢ ᠡᠨᠡ ᠭᠠᠵᠠᠷ ᠢᠷᠡᠭᠡᠳ ᠬᠡᠨᠡᠳᠳᠡ ᠦᠬᠦᠭᠰᠡᠨ ᠬᠡᠨ᠎ᠡ ᠃ ᠬᠤᠵᠢᠮ ᠨᠢ ᠬᠦᠮᠣᠰ ᠡᠨᠡ ᠭᠠᠵᠠᠷ ‍ᠢ ᠠᠭᠳᠠ ᠦᠬᠦᠭᠰᠡᠨ ᠭᠠᠵᠠᠷ ᠬᠡᠮᠡᠨ ᠨᠡᠷᠡᠶᠢᠳᠬᠦ ᠪᠤᠯᠪᠠ ᠃ ᠣᠳᠣ ᠬᠠᠷᠢᠨ ᠠᠭᠳᠠ ᠪᠣᠯᠵᠣ ᠳᠤᠪᠴᠢᠯᠠᠭᠳᠠᠭᠰᠠᠨ ᠶᠣᠮ ᠃ ᠲᠣᠰ ᠲᠤᠰᠬᠤᠨ ᠨᠢ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠵᠡᠬᠦᠨ ᠡᠮᠦᠨᠡᠰᠢ 13 ᠺᠢᠯᠣᠮᠸᠲ᠋ᠷ ᠵᠠᠶᠢᠲᠠᠢ ᠃
ᠵᠡᠬᠦᠨ ᠲᠠᠷᠢᠶᠠᠳᠣ ᠲᠤᠰᠬᠤᠨ1936 ᠣᠨ  ᠳᠤ ᠴᠣᠭᠯᠠᠷᠠᠨ ᠪᠦᠷᠢᠯᠳᠣᠭᠰᠡᠨ ᠶᠣᠮ ᠃ ᠲᠣᠬᠠᠢ ᠶ᠋ᠢᠨ ᠦᠶ᠎ᠡ ᠳ᠋ᠣ ᠵᠡᠬᠦᠨ ᠲᠠᠷᠢᠶᠠᠳᠣ ᠂ ᠪᠠᠷᠠᠭᠣᠨ ᠲᠠᠷᠢᠶᠠᠳᠣ  ᠬᠡᠵᠣ ᠬᠣᠶᠠᠷ ᠲᠣᠰᠬᠣᠨ ᠪᠠᠶᠢᠪᠠ ᠃ 1994 ᠣᠨ ‍ᠤ ᠶᠡᠭᠡ ᠦᠶᠡᠷ  ᠲᠤ  ᠪᠠᠷᠠᠭᠣᠨ ᠲᠠᠷᠢᠶᠠᠳᠣ  ᠨᠢ ᠭᠠᠮᠰᠢᠭᠳᠠᠭᠠᠳ ᠪᠦᠬᠦ ᠠᠶᠢᠯ ᠢᠶᠠᠷ ᠢᠶᠡᠨ ᠨᠡᠬᠦᠨ ᠶᠠᠪᠣᠪᠠ  ᠃ ᠵᠡᠬᠦᠨ ᠲᠠᠷᠢᠶᠠᠳᠣ ᠨᠢ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠡᠮᠦᠨᠡᠰᠢ ᠬᠣᠷᠢᠨ ᠺᠢᠯᠣᠮᠸᠲ᠋ᠷ ᠵᠠᠶᠢᠲᠠᠢ ᠪᠠᠶᠢᠷᠢᠰᠢᠵᠤ ᠪᠤᠢ ᠃

ᠬᠤᠯᠤᠰᠤᠲᠠᠢ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠬᠣᠯᠣᠰᠣᠳᠠᠢ ᠂ ᠲᠡᠮᠡᠭᠡᠲᠤᠰᠠ ᠬᠣᠶᠠᠷ ᠠᠶᠢᠯ ᠲᠣᠰᠬᠣᠨ ‍ᠢ ᠬᠠᠷᠢᠶᠠᠯᠠᠨ ᠵᠠᠬᠢᠷᠴᠤ ᠪᠠᠶᠢᠨ᠎ᠠ ᠃ ᠬᠣᠯᠣᠰᠣᠳᠠᠢ ᠲᠣᠰᠬᠣᠨ ᠨᠢ 1936 ᠣᠨ  ᠳᠤ ᠪᠦᠷᠢᠯᠳᠦᠭᠰᠡᠨ ᠶᠣᠮ ᠃ ᠠᠡᠭᠬᠠᠨ ᠳ᠋ᠠᠭᠠᠨ ᠮᠠᠭᠠᠵᠢ ᠶ᠋ᠢᠨ ᠠᠶᠢᠯ ᠬᠡᠵᠣ ᠲᠠᠭᠣᠳᠠᠵᠣ ᠪᠠᠶᠢᠪᠠ ᠃ ᠲᠣᠬᠠᠢ ᠶ᠋ᠢᠨ ᠦᠶ᠎ᠡ  ᠳᠤ ᠲᠣᠰ ᠨᠣᠳᠣᠭ ᠲᠣ ᠮᠠᠭᠠᠵᠢ ᠤᠯᠠᠨ ᠲᠠᠷᠢᠵᠣ ᠪᠠᠶᠢᠭᠰᠠᠨ ᠡᠴᠠ ᠮᠠᠭᠠᠵᠢ ᠶ᠋ᠢᠨ ᠠᠶᠢᠯ ᠬᠡᠵᠣ ᠲᠠᠭᠣᠳᠠᠭᠰᠠᠨ ᠠᠵᠢ ᠃ 1947 ᠣᠨ  ᠳᠤ ᠠᠶᠢᠯ ‍ᠤᠨ ᠬᠢᠨᠢ ᠬᠠᠪᠢ ᠳ᠋ᠠᠬᠢ ᠨᠠᠭᠤᠷ ᠲᠤ ᠬᠣᠯᠣᠰᠣ ᠰᠠᠶᠢᠨ ᠤᠷᠭᠤᠳᠠᠭ ᠪᠠᠶᠢᠭᠰᠠᠨ ᠢᠶᠠᠷ ᠬᠣᠯᠣᠰᠳᠠᠢ ᠬᠡᠮᠡᠬᠦ ᠨᠡᠷ᠎ᠡ ᠰᠢᠡᠭᠬᠡᠵᠣ ᠣᠳᠣ ᠪᠣᠯᠳᠠᠯ᠎ᠠ ᠳᠠᠭᠤᠳᠠᠭᠰᠠᠭᠠᠷ ᠢᠷᠡᠪᠡ ᠃ ᠲᠡᠮᠡᠭᠡᠲᠤᠰᠠ ᠬᠡᠳᠡᠭ ᠨᠡᠷ᠎ᠡ ᠨᠢ ᠮᠦᠨ ᠪᠣᠷᠨᠠᠢ ᠸᠠᠡᠭ ᠲᠠᠢ ᠬᠣᠯᠪᠣᠭ᠎ᠠ ᠲᠠᠢ ᠃ ᠪᠣᠷᠨᠠᠢ ᠸᠠᠡᠭ ‍ᠤᠨ ᠴᠡᠷᠢᠭ ᠢᠯᠠᠭᠲᠠᠨ ᠲᠣᠳᠠᠭᠠᠵᠣ  ᠪᠠᠶᠢᠲᠠᠯ᠎ᠠ  ᠬᠡᠨᠡᠤᠡᠲᠡ ᠰᠣᠴᠢᠵᠣ ᠨᠠᠳᠬᠣᠭᠰᠠᠨ ᠬᠣᠷ ᠲᠡᠮᠡᠭᠡᠳ ᠭᠠᠷᠴᠤ ᠢᠷᠡᠭᠡᠳ ᠠᠷᠣ ᠡᠴᠠ ᠨᠢ ᠨᠡᠬᠡᠵᠣ ᠠᠶᠢᠰᠤᠢ ᠴᠢᠡᠭ ‍ᠤᠨ ᠴᠡᠷᠢᠭ ᠦᠬᠡᠳᠡ ᠭᠠᠯᠵᠠᠭᠣᠷᠠᠭᠰᠠᠨ ᠮᠡᠳᠣ ᠬᠦᠶᠣᠭᠰᠡᠨ ᠬᠡᠨ᠎ᠡ ᠃ ᠴᠢᠡᠭ ‍ᠤᠨ ᠴᠡᠷᠢᠭ ᠠᠶᠤᠭᠠᠳ ᠤᠬᠤᠷᠢᠭᠰᠠᠨ ᠬᠡᠨ᠎ᠡ ᠃ ᠲᠡᠶᠢᠨ ᠬᠦ ᠪᠣᠷᠨᠠᠢ ᠸᠠᠡᠭ ‍ᠤᠨ ᠮᠣᠬᠣᠭᠰᠠᠨ ᠴᠡᠷᠢᠭ ᠦᠬᠦᠯ ᠮᠦᠬᠦᠯ ᠡᠴᠠ ᠬᠡᠯᠲᠦᠷᠢᠭᠰᠡᠨ ᠠᠵᠢ ᠃ ᠬᠤᠵᠢᠮ ᠨᠢ ᠬᠦᠮᠦᠰ ᠲᠡᠮᠡᠭᠡ ᠲᠣᠰᠠᠯᠠᠭᠰᠠᠨ ᠭᠠᠵᠠᠷ ᠬᠡᠵᠣ ᠳᠠᠭᠤᠳᠠᠳᠠᠭ ᠪᠤᠯᠪᠠ ᠃ ᠪᠦᠷ ᠬᠤᠵᠢᠮ ᠨᠢ  ᠲᠡᠮᠡᠭᠡᠲᠤᠰᠠ ᠪᠤᠯᠤᠭᠰᠠᠨ ᠪᠠᠶᠢᠨ᠎ᠠ ᠃ ᠲᠡᠮᠡᠭᠡᠲᠤᠰᠠ ᠶ᠋ᠢᠨ ᠳᠤᠬᠠᠢ ᠪᠠᠰᠠ ᠨᠢᠭᠡᠨ ᠳᠤᠮᠤᠭ ᠪᠤᠢ ᠃ ᠨᠠᠢᠮᠠᠨ ᠸᠠᠡᠭ ᠵᠠᠮᠰᠠ ᠤᠯᠠᠨ ᠲᠡᠮᠡᠭᠡᠨ ᠳᠡᠭᠡᠷ᠎ᠡ ᠠᠮᠤ ᠬᠦᠨᠡᠰᠦ ᠂ ᠰᠤᠮᠤ ᠵᠡᠪᠰᠡᠭ ᠠᠴᠢᠵᠤ ᠂ ᠪᠤᠷᠨᠠᠢ ᠸᠠᠡᠭ ᠳ᠋ᠤ ᠳᠠᠯᠳᠠᠭᠤᠷ ᠬᠦᠷᠭᠡᠬᠦ ᠳ᠋ᠡᠭᠡᠨ ᠡᠨᠡ ᠭᠠᠵᠠᠷ ᠲᠡᠮᠡᠭᠡ ᠲᠠᠢ ᠠᠴᠢᠶ᠎ᠠ  ᠲᠤᠰᠠ ᠭᠡᠵᠦ ᠨᠢᠭᠤᠴᠠ ᠵᠠᠬᠢᠶ᠎ᠠ ᠢᠯᠡᠭᠡᠭᠰᠡᠨ ᠭᠡᠨ᠎ᠡ ᠃ ᠲᠡᠶᠢᠨ ᠬᠦ ᠬᠤᠵᠢᠮ ᠨᠢ  ᠲᠡᠮᠡᠭᠡᠲᠤᠰᠠ ᠭᠡᠵᠦ ᠳᠦᠬᠦᠮᠴᠢᠯᠡᠨ ᠳᠠᠭᠤᠳᠠᠳᠠᠭ ᠪᠤᠯᠤᠭᠰᠠᠨ ᠴᠤ ᠭᠡᠳᠡᠭ ᠃ ᠲᠤᠰ ᠲᠤᠰᠬᠤᠨ ᠨᠢ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠪᠠᠷᠠᠭᠣᠨ ᠡᠮᠦᠨᠡᠰᠢ 15 ᠺᠢᠯᠣᠮᠸᠲ᠋ᠷ ᠵᠠᠶᠢᠲᠠᠢ ᠪᠠᠶᠢᠷᠢᠰᠢᠵᠤ ᠪᠤᠢ ᠃

ᠬᠠᠷ᠎ᠠ ᠨᠠᠭᠣᠷ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠬᠠᠷ᠎ᠠ ᠨᠠᠭᠣᠷ ᠂ ᠯᠤᠤᠪᠠᠡᠭᠲᠤ ᠬᠣᠶᠠᠷ ᠲᠣᠰᠬᠣᠨ ‍ᠢ ᠬᠠᠷᠢᠶᠠᠯᠠᠨ ᠵᠠᠬᠢᠷᠴᠣ ᠪᠠᠶᠢᠭ᠎ᠠ ᠪᠢᠯᠨ ᠃ ᠬᠠᠷ᠎ᠠ ᠨᠠᠭᠣᠷ ‍ᠤᠨ ᠤᠰᠤ ᠨᠢ ᠬᠠᠷᠠᠯᠠᠵᠤ ᠬᠠᠷᠠᠭᠳᠠᠳᠠᠭ ᠡᠴᠠ ᠬᠠᠷ᠎ᠠ ᠨᠠᠭᠣᠷ ᠬᠡᠵᠣ ᠲᠠᠭᠣᠳᠠᠪᠠ ᠃ 1936 ᠣᠨ ᠳᠤ ᠲᠣᠰᠬᠣᠨ ᠪᠠᠶᠢᠭᠣᠯᠣᠭᠳᠠᠭᠰᠠᠨ ᠡᠴᠠ ᠣᠳᠣ ᠪᠣᠯᠳᠠᠯ᠎ᠠ ᠡᠨᠡ ᠬᠦ ᠨᠡᠷ᠎ᠡ ᠨᠢ ᠦᠭᠡᠷᠡᠲᠦᠬᠦᠯᠦᠯ ᠦᠬᠡᠢ ᠳᠠᠭᠤᠳᠠᠭᠰᠠᠭᠠᠷ ᠢᠷᠡᠪᠡ ᠃ ᠯᠣᠣᠪᠠᠡᠭᠳᠣ ᠭᠡᠳᠡᠭ ᠨᠢ ᠠᠡᠭᠬᠠᠨ ᠳ᠋ᠠᠭᠠᠨ ᠡᠡᠳᠡ ᠵᠡᠷᠯᠢᠭ ᠯᠣᠣᠪᠠᠡᠭ ᠤᠯᠠᠨ ᠣᠷᠭᠣᠳᠠᠭ ᠣᠴᠢᠷ ᠡᠴᠠ  ᠡᠶᠢᠨ ᠬᠦ ᠭᠡᠵᠣ ᠨᠡᠷᠡᠯᠡᠪᠡ ᠃

ᠭᠣᠷᠪᠠᠨᠬᠣᠸᠠ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠭᠣᠷᠪᠠᠨᠬᠣᠸᠠ ᠂ ᠪᠠᠭ᠎ᠠ ᠭᠣᠷᠪᠠᠨᠬᠣᠸᠠ ᠂ ᠣᠯᠠᠭᠠᠨ ᠪᠣᠯᠣ ᠭᠣᠷᠪᠠᠨ ᠲᠣᠰᠬᠣᠨ ‍ᠢ ᠬᠠᠷᠢᠶᠠᠯᠠᠨ ᠵᠠᠬᠢᠷᠴᠣ ᠪᠤᠢ ᠃
ᠭᠣᠷᠪᠠᠨᠬᠣᠸᠠ ᠨᠢ ᠴᠢᠡᠭ ᠣᠯᠣᠰ ‍ᠤᠨ ᠪᠠᠳᠠᠷᠠᠭᠣᠯᠳᠣ ᠲᠦᠷᠣ ᠶ᠋ᠢᠨ ᠦᠶ᠎ᠡ  ᠡᠴᠠ ᠡᠮᠣᠨ᠎ᠡ ᠠᠶᠢᠯ ᠰᠠᠭᠣᠵᠣ ᠪᠠᠶᠢᠭᠰᠠᠨ ᠶᠣᠮ ᠃ ᠠᠶᠢᠯ ᠰᠠᠭᠤᠷᠢᠰᠢᠬᠤ ᠦᠶ᠎ᠡ  ᠳᠤ ᠠᠶᠢᠯ ‍ᠤᠨ ᠲᠡᠷᠭᠡᠳᠡ ᠨᠢ ᠬᠦᠮᠦᠷᠢᠭᠰᠡᠨ ᠲᠣᠭᠣᠭ᠎ᠠ ᠮᠡᠳᠣ ᠪᠤᠮᠪᠤᠶᠢᠭᠰᠠᠨ ᠭᠣᠶᠣ ᠦᠵᠡᠮᠦᠷᠢ ᠲᠠᠢ ᠭᠣᠷᠪᠠᠨ ᠰᠠᠶᠢᠬᠠᠨ ᠬᠣᠸᠠ ᠪᠠᠶᠢᠪᠠ ᠃ ᠣᠯᠠᠨ ᠵᠢᠯ ‍ᠤᠨ ᠰᠠᠯᠬᠢ ᠰᠢᠭᠣᠷᠭᠠᠨ ᠳ᠋ᠤ ᠬᠣᠶᠠᠷ ᠨᠢ ᠨᠢᠬᠡᠨᠳᠡ ᠰᠢᠭᠣᠷᠴᠣ ᠠᠷᠢᠯᠪᠠ ᠃ ᠦᠯᠡᠳᠡᠭᠰᠡᠨ ᠨᠢᠬᠡ ᠨᠢ ᠮᠦᠨ ᠣᠭ ᠭᠡᠪ ᠢᠶᠠᠷ ᠢᠶᠡᠨ ᠪᠠᠶᠢᠭᠰᠠᠭᠠᠷ ᠶᠤᠮ ᠃ ᠲᠣᠰᠬᠣᠨ ‍ᠤ ᠠᠷᠠᠳ ᠡᠨᠡ ᠬᠦ ᠬᠣᠸᠠ ᠳ᠋ᠠᠭᠠᠨ ᠲᠣᠭᠳᠠᠭᠰᠠᠨ ᠴᠠᠭ ᠲᠤ ᠲᠠᠬᠢᠯᠭ᠎ᠠ ᠡᠷᠬᠦᠳᠡᠭ ᠃ ᠵᠠᠷᠢᠮ ᠳ᠋ᠠᠭᠠᠨ ᠲᠤᠭᠲᠠᠭᠰᠠᠨ ᠡᠳᠦᠷ ᠴᠠᠭ ᠡᠴᠠ ᠪᠠᠨ ᠦᠭᠡᠷ᠎ᠡ ᠡᠳᠦᠷ ᠴᠠᠭ ᠲᠤ ᠴᠤ ᠲᠡᠬᠢᠯᠭ᠎ᠠ ᠡᠷᠬᠦᠵᠣ ᠪᠣᠷᠣᠭᠠᠨ ᠭᠣᠶᠣᠳᠠᠭ ᠠᠵᠢ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠬᠤᠶᠢᠰᠢ ᠲᠦᠷᠪᠡᠨ ᠺᠢᠯᠣᠮᠸᠲ᠋ᠷ ᠵᠠᠶᠢᠲᠠᠢ  ᠰᠠᠭᠤᠷᠢᠰᠢᠳᠠᠭ ᠃
ᠪᠠᠭ᠎ᠠ ᠭᠣᠷᠪᠠᠨᠬᠣᠸᠠ ᠲᠣᠰᠬᠣᠨ ᠨᠢ ᠲᠡᠭᠡᠷ᠎ᠡ ᠵᠠᠭᠣᠨ ‍ᠤ ᠶᠡᠷᠡᠬᠡᠳ ᠣᠨ  ᠳᠤ ᠠᠷᠠᠳ ‍ᠤᠨ ᠠᠮᠢᠳᠣᠷᠠᠯ ‍ᠤᠨ ᠨᠦᠬᠦᠴᠡᠯ ‍ᠢ ᠵᠣᠬᠢᠴᠠᠭᠣᠯᠬᠣ ᠶ᠋ᠢᠨ ᠲᠦᠯᠣᠭᠡ ᠭᠣᠷᠪᠠᠨᠬᠣᠸᠠ ᠲᠣᠰᠬᠣᠨ ᠡᠴᠠ ᠲᠦᠴᠢᠨ ᠡᠷᠣᠭᠡ ᠰᠠᠯᠭᠠᠨ ᠲᠤᠰᠠᠭᠠᠷ ᠰᠠᠭᠤᠷᠢᠰᠢᠭᠤᠯᠤᠨ ᠂ ᠲᠤᠰᠬᠤᠨ  ‍ᠢ ᠪᠠᠭ᠎ᠠ ᠭᠣᠷᠪᠠᠨᠬᠣᠸᠠ ᠭᠡᠵᠦ ᠨᠡᠷᠡᠶᠢᠳᠪᠡ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠬᠤᠶᠢᠰᠢ ᠨᠠᠢᠮᠠᠨ ᠺᠸᠯᠤᠮᠸᠲ᠋ᠷ  ᠵᠠᠶᠢᠲᠠᠢ ᠪᠠᠶᠢᠷᠢᠰᠢᠳᠠᠭ ᠃
ᠶᠤᠸᠠᠨ  ᠣᠯᠣᠰ ‍ᠤᠨ ᠰᠡᠬᠦᠯᠴᠢ ᠶ᠋ᠢᠨ ᠦᠶ᠎ᠡ ᠳ᠋ᠤ ᠲᠣᠰ ᠭᠠᠵᠠᠷ ᠡᠴᠠ ᠨᠢᠬᠡᠨ ᠣᠯᠠᠭᠠᠨ ᠦᠡᠭᠭᠡ ᠲᠠᠢ ᠲᠠᠷᠢᠶᠠᠨ ᠪᠣᠯᠣ ᠭᠠᠷᠴᠣ ᠢᠷᠡᠭᠰᠡᠨ ᠬᠡᠨ᠎ᠡ ᠃  ᠲᠡᠨᠳᠡ ᠬᠦ ᠣᠯᠠᠭᠠᠨ ᠪᠣᠯᠣ ᠨᠢ ᠣᠳᠣ ᠪᠣᠯᠳᠠᠯ᠎ᠠ ᠪᠠᠶᠢᠭᠰᠠᠭᠠᠷ ᠠᠵᠢ ᠃ ᠵᠠᠷᠢᠮ ᠨᠢ ᠤᠯᠠᠭᠠᠨ ᠪᠤᠯᠤ ᠶ᠋ᠢ ᠪᠤᠷᠨᠠᠢ ᠸᠠᠡᠭ ‍ᠤᠨ ᠳᠤᠮᠤᠭ ᠡᠴᠠ ᠢᠷᠡᠯᠲᠡ ᠲᠠᠢ ᠭᠡᠳᠡᠭ ᠃ ᠲᠣᠰ ᠲᠤᠰᠬᠤᠨ ᠨᠢ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠬᠤᠶᠢᠰᠢ ᠲᠦᠷᠪᠡᠨ ᠺᠢᠯᠣᠮᠸᠲ᠋ᠷ ᠬᠠᠭᠠᠰ ᠵᠠᠶᠢᠲᠠᠢ ᠪᠠᠶᠢᠷᠢᠯᠠᠵᠤ ᠪᠠᠶᠢᠭ᠎ᠠ ᠃

 ᠵᠢᠷᠭᠣᠭᠠᠨ ᠪᠠᠶᠢᠰᠢᠡᠭᠲᠤ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ )  ᠃ ᠲᠣᠰ ᠭᠠᠴᠠᠭ᠎ᠠ ᠨᠢ ᠵᠢᠷᠭᠣᠭᠠᠨ ᠪᠠᠶᠢᠰᠢᠡᠭᠲᠤ ᠂ ᠦᠯᠵᠡᠶᠢᠳᠣ ᠬᠣᠶᠠᠷ ᠲᠣᠰᠬᠣᠨ ‍ᠢ  ᠬᠠᠷᠢᠶᠠᠯᠠᠨ ᠵᠠᠬᠢᠷᠴᠣ ᠪᠠᠶᠢᠨ᠎ᠠ ᠃ 1936 ᠣᠨ  ᠳᠦ ᠲᠤᠰᠬᠤᠨ ᠪᠤᠯᠬᠤ ᠡᠴᠠ ᠣᠷᠢᠳ ᠡᠡᠳᠡ ᠵᠢᠷᠭᠤᠭᠠᠨ ᠡᠷᠦᠬᠡ ᠵᠢᠷᠭᠣᠭᠠᠨ ᠪᠠᠶᠢᠰᠢᠭ᠌ ᠪᠤᠰᠬᠠᠨ ᠰᠠᠭᠤᠷᠢᠰᠢᠵᠤ ᠪᠠᠶᠢᠭᠰᠠᠨ ᠢᠶᠠᠷ ᠵᠢᠷᠭᠣᠭᠠᠨ ᠪᠠᠶᠢᠰᠢᠡᠭᠲᠤ ᠬᠡᠮᠡᠬᠦ ᠨᠡᠷ᠎ᠡ ᠲᠠᠢ ᠪᠤᠯᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠵᠡᠬᠦᠨ  ᠬᠤᠶᠢᠰᠢ ᠠᠷᠪᠠᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠤᠢ ᠃
1962 ᠣᠨ ᠡᠴᠠ ᠡᠮᠣᠨ᠎ᠡ ᠦᠯᠵᠡᠶᠢᠳᠣ ᠲᠣᠰᠬᠣᠨ ‍ᠢ ᠣᠯᠠᠯᠵᠢᠲᠠᠢ ᠠᠶᠢᠯ ᠬᠡᠵᠣ ᠨᠡᠷᠡᠯᠡᠵᠣ ᠪᠠᠶᠢᠭᠰᠠᠨ ᠶᠣᠮ ᠃ 1962 ᠣᠨ  ᠳᠦ ᠤᠤᠯ ᠨᠡᠷ᠎ᠡ ᠶ᠋ᠢ ᠦᠯᠵᠠᠶᠢᠲᠠᠢ ᠬᠡᠮᠡᠬᠦ ᠨᠡᠷ᠎ᠡ ᠪᠡᠷ ᠬᠠᠯᠠᠵᠣ ᠣᠳᠣ ᠪᠣᠯᠳᠠᠯ᠎ᠠ ᠲᠠᠭᠣᠳᠠᠭᠰᠠᠭᠠᠷ ᠪᠠᠶᠢᠨ᠎ᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠵᠡᠬᠦᠨ ᠬᠤᠶᠢᠰᠢ ᠠᠷᠪᠠᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠠᠶᠢᠭ᠎ᠠ ᠪᠢᠯᠨ ᠃

ᠬᠠᠲᠠᠭᠤᠬᠤᠭᠤᠯᠠᠢ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ )  ᠃ ᠲᠣᠰ ᠭᠠᠴᠠᠭ᠎ᠠ ᠨᠢ ᠬᠠᠳᠠᠭᠣ ᠬᠣᠭᠣᠯᠠᠢ ᠪᠣᠯᠣᠨ ᠪᠠᠷᠠᠭᠣᠨ ᠮᠣᠷᠣᠢ  ᠬᠣᠶᠠᠷ ᠠᠶᠢᠯ ‍ᠢ ᠬᠠᠷᠢᠶᠠᠯᠠᠨ ᠵᠠᠬᠢᠷᠴᠣ ᠪᠤᠢ ᠃
ᠬᠠᠲᠠᠭᠤᠬᠤᠭᠤᠯᠠᠢ  ᠶ᠋ᠢᠨ ᠢᠷᠡᠯᠲᠡ ᠡᠶᠢᠮᠦ ᠪᠠᠶᠢᠭ᠎ᠠ ᠃ 1730 ᠣᠨ ᠳᠦ ᠨᠠᠷᠢᠳ ‍ᠤᠨ ᠭᠣᠣᠯ ᠦᠶᠡᠷᠯᠡᠭᠰᠡᠨ ‍ᠤ ᠳᠠᠷᠠᠭ᠎ᠠ ᠲᠣᠰ ᠭᠠᠵᠠᠷ ‍ᠤᠨ ᠭᠠᠳᠠᠷᠭᠣ ᠨᠢ ᠲᠣᠡᠭ ᠬᠠᠳᠠᠭᠣ ᠪᠣᠯᠵᠣ ᠬᠣᠪᠢᠷᠠᠭᠰᠠᠨ ᠬᠡᠨ᠎ᠡ ᠃ ᠣᠣᠯ ᠳ᠋ᠠᠭᠠᠨ ᠲᠣᠰ ᠨᠣᠳᠣᠭ ‍ᠢ ᠦᠶᠡᠷ  ‍ᠤᠨ ᠤᠰᠤ ᠲᠣᠭᠳᠠᠭᠠᠬᠣ ᠬᠣᠳᠣᠭᠣᠷ ᠪᠤᠯᠭᠠᠵᠤ ᠪᠠᠶᠢᠭᠰᠠᠨ ᠶᠣᠮ ᠃  ᠲᠡᠶᠢᠨ ᠬᠦ 1730 ᠤᠨ ‍ᠤ ᠦᠶᠡᠷ ‍ᠤᠨ ᠳᠠᠷᠠᠭ᠎ᠠ ᠬᠠᠲᠠᠭᠤᠬᠤᠭᠤᠯᠠᠢ ᠬᠡᠵᠣ ᠨᠡᠷᠡᠯᠡᠭᠡᠳ ᠣᠳᠣ ᠪᠤᠯᠲᠠᠯ᠎ᠠ ᠲᠤᠰ ᠳᠠᠭᠤᠳᠠᠯᠭ᠎ᠠ ᠶ᠋ᠢ ᠬᠡᠷᠡᠭᠯᠡᠭᠰᠡᠭᠡᠷ ᠪᠤᠢ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ   ᠵᠡᠬᠦᠨ ᠬᠤᠶᠢᠰᠢ ᠠᠷᠪᠠᠨ ᠲᠠᠪᠣᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠤᠢ ᠃
ᠪᠠᠷᠠᠭᠣᠨ ᠮᠣᠷᠣᠢ ᠭᠡᠳᠡᠭ ‍ᠤᠨ ᠢᠷᠡᠯᠲᠡ ᠨᠢ ᠡᠨᠡ ᠠᠶᠢᠯ ‍ᠤᠨ ᠨᠣᠳᠣᠭᠰᠢᠵᠣ ᠰᠠᠭᠣᠭᠰᠠᠨ ᠲᠠᠯ᠎ᠠ ᠲᠠᠢ ᠬᠤᠯᠪᠤᠭ᠎ᠠ ᠲᠠᠢ ᠃ ᠲᠤᠰ ᠭᠠᠵᠠᠷ ‍ᠢ ᠤᠤᠯ ᠨᠢ ᠮᠣᠷᠣᠢ ᠲᠠᠯ᠎ᠠ ᠬᠡᠮᠡᠨ ᠳᠠᠭᠤᠳᠠᠵᠤ ᠪᠠᠶᠢᠭᠰᠠᠨ ᠢᠶᠠᠷ ᠬᠤᠵᠢᠮ ᠨᠢ ᠲᠣᠪᠴᠢᠯᠠᠭᠳᠠᠵᠣ ᠮᠣᠷᠣᠢ ᠭᠡᠳᠡᠭ ᠪᠣᠯᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠵᠡᠬᠦᠨ ᠬᠤᠶᠢᠰᠢ ᠠᠷᠪᠠᠨ ᠬᠣᠶᠠᠷ ᠺᠢᠯᠣᠮᠸᠲ᠋ᠷ ᠵᠠᠶᠢᠲᠠᠢ ᠪᠠᠶᠢᠷᠢᠰᠢᠵᠤ ᠪᠤᠢ ᠃

ᠵᠡᠬᠦᠨ ᠮᠣᠷᠣᠢ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ ) ᠄
ᠵᠡᠬᠦᠨ ᠮᠤᠷᠤᠢ ᠭᠠᠴᠠᠭᠠᠨ ‍ᠤ ᠨᠡᠷᠡᠶᠢᠳᠣᠯ ᠨᠢ ᠪᠠᠷᠠᠭᠣᠨ ᠮᠣᠷᠣᠢ ᠲᠠᠢ ᠪᠠᠨ ᠣᠳᠬ᠎ᠠ ᠢᠵᠢᠯᠢ ᠃ 1936 ᠣᠨ  ᠳᠦ ᠤᠶᠢᠷ᠎ᠠ ᠤᠷᠴᠢᠮ ‍ᠤᠨ ᠲᠠᠷᠬᠠᠢ ᠪᠣᠳᠠᠷᠬᠠᠢ ᠪᠠᠶᠢᠷᠢᠰᠢᠵᠤ  ᠪᠠᠶᠢᠭᠰᠠᠨ ᠡᠷᠣᠭᠡ ᠨᠦ᠋ᠭᠦᠳ ᠪᠠ ᠠᠷᠣ ᠬᠣᠭᠣᠯᠠᠢ ᠂ ᠣᠯᠠᠯᠵᠢᠲᠠᠢ ᠂ ᠣᠪᠣᠭᠠᠨ ᠲᠠᠯ᠎ᠠ  ᠵᠡᠷᠭᠡ ᠭᠣᠷᠪᠠᠨ ᠠᠶᠢᠯ ‍ᠢ ᠲᠣᠰ ᠭᠠᠵᠠᠷ ᠨᠡᠶᠢᠯᠡᠬᠦᠯᠵᠣ ᠂ ᠵᠡᠬᠦᠨ ᠮᠣᠷᠣᠢ  ᠭᠠᠴᠠᠭ᠎ᠠ ᠪᠤᠯᠭᠠᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠵᠡᠬᠦᠨ ᠬᠤᠶᠢᠰᠢ ᠠᠷᠪᠠᠨ ᠨᠠᠢᠮᠠᠨ ᠺᠸᠯᠤᠮᠸᠲ᠋ᠷ ᠵᠠᠶᠢᠲᠠᠢ ᠃

ᠰᠢᠨ ᠰᠢᠡᠭ (  ᠰᠢᠨ᠎ᠡ ᠣᠳᠣᠨ ) ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠰᠢᠨ᠎ᠡ ᠠᠶᠢᠯ ᠂ ᠯᠣᠣᠵᠡᠢ ᠠᠯᠭᠠᠭ ᠬᠣᠶᠠᠷ ᠲᠣᠰᠬᠣᠨ ‍ᠢ ᠬᠠᠷᠢᠶᠠᠯᠠᠨ ᠵᠠᠬᠢᠷᠴᠣ ᠪᠠᠶᠢᠭ᠎ᠠ ᠶᠤᠮ ᠃
ᠰᠢᠨ᠎ᠡ ᠠᠶᠢᠯ ‍ᠤᠨ ᠣᠣᠯ ‍ᠤᠨ ᠲᠠᠭᠣᠳᠠᠯᠭ᠎ᠠ ᠨᠢ ᠲᠠᠶᠠᠡᠭ  ‍ᠤᠨ ᠠᠶᠢᠯ ᠬᠡᠳᠡᠭ ᠃ ᠤᠤᠯ ‍ᠤᠨ ᠳᠤᠶᠢᠡᠭ ᠬᠡᠮᠡᠬᠦ ᠨᠡᠷ᠎ᠡ ᠨᠢ ᠣᠨᠳᠣᠣᠰᠢᠵᠣ ᠲᠠᠶᠠᠡᠭ ᠪᠣᠯᠪᠠ ᠃ ᠴᠢᠡᠭ ᠤᠯᠤᠰ ‍ᠤᠨ ᠲᠣᠮᠳᠠᠴᠢ ᠦᠶ᠎ᠡ ᠪᠡᠷ ᠬᠠᠳᠠᠭᠣ ᠬᠣᠭᠣᠯᠠᠢ ᠶ᠋ᠢᠨ ᠰᠦᠮ᠎ᠡ ᠳ᠋ᠣ ᠬᠠᠯᠳᠠᠪᠣᠷᠢᠳᠣ ᠡᠪᠡᠳᠴᠢᠨ ᠳᠡᠯᠭᠡᠷᠡᠭᠡᠳ ᠣᠯᠠᠨ ᠯᠠᠮᠨ ᠳᠠᠯᠢᠢᠭᠰᠠᠨ ᠭᠡᠨ᠎ᠡ ᠃ ᠬᠦᠮᠣᠰ ᠡᠨᠡ ᠭᠠᠵᠠᠷ ᠢᠷᠡᠵᠣ ᠳᠠᠯᠢᠢᠭᠰᠠᠨ ᠯᠠᠮᠨ ᠨᠠᠷ ᠲᠠᠭᠠᠨ ᠳᠤᠶᠢᠡᠭ ᠲᠦᠯᠡᠰᠢ ᠡᠷᠬᠦᠳᠡᠭ ᠪᠠᠶᠢᠭᠰᠠᠨ ᠡᠴᠠ ᠳᠤᠶᠢᠡᠭ ᠲᠦᠯᠡᠭᠰᠡᠨ ᠭᠠᠵᠠᠷ ᠭᠡᠳᠡᠭ ᠪᠤᠯᠪᠠ ᠃ ᠬᠤᠵᠢᠮ ᠨᠢ ᠳᠤᠪᠴᠢᠯᠠᠭᠠᠳ ᠳᠤᠶᠢᠡᠭ ᠭᠡᠵᠦ ᠲᠠᠭᠣᠳᠠᠬᠣ ᠪᠣᠯᠪᠠ ᠃ ᠬᠤᠵᠢᠮ ᠨᠢ ᠳᠤᠶᠢᠡᠭ ᠨᠢ ᠲᠠᠶᠠᠡᠭ ᠪᠣᠶᠣ ᠳ᠋ᠠᠶᠢᠶᠢᠡᠭ ᠪᠤᠯᠵᠤ ᠱᠠᠯ ᠤᠡᠳᠤᠤ ᠤᠳᠬ᠎ᠠ ᠲᠠᠢ ᠨᠡᠷ᠎ᠡ ᠪᠤᠯᠪᠠ ᠃ 1938 ᠣᠨ  ᠳᠦ ᠡᠷᠣᠭᠡ ᠨᠡᠶᠢᠯᠡᠬᠦᠯᠵᠣ ᠠᠶᠢᠯ ᠪᠣᠯᠭᠠᠬᠣ ᠦᠶ᠎ᠡ ᠳᠦ ᠳ᠋ᠠᠶᠢᠶᠢᠡᠭ ᠭᠡᠰᠡᠨ ᠲᠠᠭᠣᠳᠠᠯᠭ᠎ᠠ ᠪᠠᠷ ᠠᠶᠢᠯ ‍ᠤᠨ ᠨᠡᠷ᠎ᠡ ᠪᠤᠯᠭᠠᠪᠠ ᠃ 1965 ᠣᠨ ᠰᠢᠨ᠎ᠡ ᠠᠶᠢᠯ  ᠬᠡᠵᠣ ᠦᠭᠡᠷᠡᠴᠢᠯᠡᠪᠡ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠵᠡᠬᠦᠨ ᠬᠤᠶᠢᠰᠢ ᠠᠷᠪᠠᠨ ᠲᠠᠪᠣᠨ ᠺᠢᠯᠣᠮᠸᠲ᠋ᠷ ᠵᠠᠶᠢᠲᠠᠢ ᠪᠠᠶᠢᠷᠢᠯᠠᠵᠤ ᠪᠤᠢ ᠃
ᠯᠣᠣᠵᠡᠢ ᠠᠯᠭᠠᠭ ‍ᠤᠨ ᠨᠡᠷ᠎ᠡ ᠶ᠋ᠢᠨ ᠢᠷᠡᠯᠲᠡ ᠨᠢ -- ᠯᠣᠣᠵᠡᠢ ᠬᠡᠰᠡᠨ ᠲᠦᠪᠡᠳ ᠨᠡᠷ᠎ᠡ ᠲᠠᠢ ᠬᠦᠮᠣᠨ ᠡᠡᠳᠡ ᠬᠠᠮᠣᠭ ᠣᠷᠢᠳ ᠢᠶᠠᠷ ᠢᠷᠡᠵᠣ ᠰᠠᠭᠣᠷᠢᠰᠢᠨ ᠠᠮᠢᠳᠣᠷᠠᠭᠰᠠᠨ ᠢᠶᠠᠷ ᠯᠣᠣᠵᠡᠢ ᠠᠯᠭᠠᠭ ᠬᠡᠵᠣ ᠨᠡᠷᠡᠯᠡᠪᠡ ᠃ ᠯᠣᠣᠵᠡᠢ ᠬᠡᠰᠡᠨ ᠦᠬᠡ ᠶ᠋ᠢᠨ ᠣᠳᠬ᠎ᠠ ᠶ᠋ᠢ ᠮᠣᠡᠭᠭᠣᠯᠴᠢᠯᠠᠪᠡᠯ ᠣᠶᠣᠨᠳᠡᠯᠭᠡᠷ ᠭᠡᠳᠡᠭ ᠤᠳᠬ᠎ᠠ ᠲᠠᠢ ᠃ 1947 ᠣᠨ ᠡᠴᠠ ᠣᠳᠣ ᠪᠣᠯᠳᠠᠯ᠎ᠠ ᠯᠤᠤᠵᠠᠢ ᠠᠯᠭᠠᠭ ᠬᠡᠵᠣ ᠲᠠᠭᠣᠳᠠᠭᠰᠠᠭᠠᠷ ᠢᠷᠡᠪᠡ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠵᠡᠬᠦᠨ ᠬᠤᠶᠢᠰᠢ ᠠᠷᠪᠠᠨ ᠨᠠᠢᠮᠠᠨ ᠺᠢᠯᠣᠮᠸᠲ᠋ᠷ ᠵᠠᠶᠢᠲᠠᠢ  ᠰᠠᠭᠤᠷᠢᠰᠢᠵᠤ ᠪᠤᠢ ᠃

ᠰᠠᠶᠢᠬᠠᠨᠳᠠᠯ᠎ᠠ ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠰᠠᠶᠢᠬᠠᠨᠳᠠᠯ᠎ᠠ ᠂ ᠮᠠᠨᠳᠣᠬᠣ  ᠬᠣᠶᠠᠷ ᠲᠤᠰᠬᠤᠨ ‍ᠢ ᠬᠠᠷᠢᠶᠠᠯᠠᠨ ᠵᠠᠬᠢᠷᠴᠣ  ᠪᠠᠶᠢᠨ᠎ᠠ ᠃
ᠰᠠᠶᠢᠬᠠᠨᠳᠠᠯ᠎ᠠ ᠬᠡᠮᠡᠬᠦ ᠠᠶᠢᠯ ‍ᠤᠨ ᠨᠡᠷ᠎ᠡ ᠨᠢ 1962 ᠣᠨ ‍ᠤ ᠶᠡᠭᠡ ᠦᠶᠡᠷ ‍ᠤᠨ ᠭᠠᠮᠰᠢᠭ ᠲᠠᠢ ᠬᠣᠯᠪᠣᠭ᠎ᠠ ᠲᠠᠢ ᠃ ᠲᠡᠷᠨ ᠤᠳᠠᠭ᠎ᠠ ᠣᠣᠯ ‍ᠤᠨ ᠲᠠᠷᠢᠰᠢᠨ ᠮᠣᠳᠣ ᠨᠢᠭᠡᠳᠣᠯ ‍ᠤᠨ ᠪᠣᠭᠵᠢᠨ ᠲᠣᠰᠬᠣᠨ ᠦᠶᠡᠷ   ᠲᠤ ᠭᠠᠮᠰᠢᠭᠳᠠᠭᠰᠠᠨ ᠡᠴᠠ ᠪᠦᠬᠦ ᠲᠤᠰᠬᠤᠨ ‍ᠤ ᠬᠢᠨ ‍ᠢ ᠶᠡᠭᠡ ᠲᠣᠯᠣᠭᠠᠶᠢᠳᠣ  ᠳᠤ ᠨᠡᠬᠦᠯᠭᠡᠨ ᠰᠠᠭᠤᠷᠢᠰᠢᠭᠤᠯᠪᠠ ᠃ 1968 ᠣᠨ ᠳᠤ ᠶᠡᠭᠡ ᠲᠣᠯᠣᠭᠠᠶᠢᠳᠣ ᠬᠡᠮᠡᠬᠦ ᠨᠡᠷ᠎ᠡ ᠶ᠋ᠢ ᠨᠢ ᠰᠠᠶᠢᠬᠠᠨᠳᠠᠯ᠎ᠠ  ᠬᠡᠵᠣ ᠰᠢᠨᠡᠴᠢᠯᠡᠨ ᠲᠠᠭᠣᠳᠠᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠬᠤᠶᠢᠰᠢ ᠠᠷᠪᠠᠨ ᠲᠠᠪᠤᠨ ᠺᠢᠯᠣᠮᠸᠲ᠋ᠷ  ᠵᠠᠶᠢᠲᠠᠢ ᠪᠠᠶᠢᠷᠢᠰᠢᠵᠤ ᠪᠤᠢ ᠃ ᠶᠡᠭᠡ ᠲᠣᠯᠣᠭᠠᠶᠢᠳᠣ ᠭᠡᠳᠡᠭ ᠨᠡᠷᠡᠶᠢᠳᠣᠯ ‍ᠤᠨ ᠳᠤᠬᠠᠢ ᠡᠶᠢᠮᠦ ᠨᠢᠭᠡᠨ ᠶᠠᠷᠢᠶ᠎ᠠ ᠪᠤᠢ ᠃ ᠴᠢᠡᠭ ᠣᠯᠣᠰ ‍ᠤᠨ ᠲᠣᠮᠳᠠᠴᠢ ᠦᠶ᠎ᠡ ᠪᠡᠷ ᠨᠢᠬᠡᠨ ᠯᠠᠡᠭᠳᠤᠭᠠᠷ ᠪᠦᠲᠦᠬᠦᠨ ᠲᠣᠯᠣᠭᠠᠢ ᠲᠠᠢ ᠬᠦᠮᠣᠨ ᠬᠠᠮᠣᠭ ᠤᠷᠢᠳ ᠢᠶᠠᠷ ᠡᠨᠡ ᠭᠠᠵᠠᠷ ᠢᠷᠡᠵᠦ  ᠨᠤᠲᠤᠭᠰᠢᠨ ᠰᠠᠭᠣᠭᠰᠠᠨ ᠬᠡᠨ᠎ᠡ ᠃ ᠢᠡᠭᠬᠡᠬᠡᠳ ᠶᠡᠭᠡ ᠲᠣᠯᠣᠭᠠᠶᠢᠳᠣ ᠶ᠋ᠢᠨ ᠭᠡᠷ ᠬᠡᠵᠣ ᠲᠠᠭᠣᠳᠠᠭᠰᠠᠭᠠᠷ ᠠᠶᠠᠡᠳᠠᠭᠠᠨ ᠶᠡᠭᠡ ᠲᠣᠯᠣᠭᠠᠶᠢᠳᠣ ᠬᠡᠮᠡᠬᠦ ᠭᠠᠵᠠᠷ ‍ᠤᠨ ᠨᠡᠷ᠎ᠡ ᠪᠤᠯᠵᠠᠢ ᠃
ᠮᠠᠨᠳᠣᠬᠣ ᠲᠤᠰᠬᠤᠨ ᠪᠤᠯ 1992 ᠣᠨ  ᠳᠤ ᠰᠢᠨᠡᠬᠡᠨ ᠪᠠᠶᠢᠭᠣᠯᠣᠭᠳᠠᠭᠰᠠᠨ ᠠᠶᠢᠯ ᠶᠤᠮ ᠃ ᠲᠦᠷᠦᠬᠦᠦ ᠬᠡᠳᠦᠨ ᠵᠢᠯ ᠭᠣᠷᠪᠠᠨᠬᠣᠸᠠ ᠰᠣᠮᠣ ᠶ᠋ᠢᠨ ᠡᠮᠣᠨ᠎ᠡ ᠭᠡᠰᠡᠭ ‍ᠤᠨ ᠭᠠᠵᠠᠷ ᠤᠰᠤᠳᠠᠭᠠᠳ ᠡᠪᠡᠰᠣ ᠲᠠᠷᠢᠶ᠎ᠠ ᠣᠷᠭᠣᠬᠣ ᠦᠬᠡᠢ ᠪᠤᠯᠤᠭᠰᠠᠨ ᠡᠴᠠ ᠵᠠᠷᠢᠮ ᠡᠷᠣᠭᠡ  ᠶ᠋ᠢ ᠨᠡᠬᠦᠯᠬᠡᠬᠦ ᠪᠡᠷ ᠰᠢᠢᠳᠴᠣ ᠂ ᠰᠤᠮᠤᠨ ‍ᠤ ᠬᠣᠶᠢᠳᠣ ᠭᠡᠰᠡᠭ  ᠲᠤ ᠪᠠᠶᠢᠭ᠎ᠠ ᠰᠣᠪᠣᠷᠭᠠᠨ ᠲᠠᠯ᠎ᠠ ᠲᠤᠰᠬᠤᠨ ᠂ ᠰᠠᠶᠢᠬᠠᠨᠳᠠᠯ᠎ᠠ ᠲᠤᠰᠬᠤᠨ ᠬᠢᠭᠡᠳ ᠰᠤᠮᠤᠨ ‍ᠤ ᠮᠠᠯᠵᠢᠯ ‍ᠤᠨ ᠲᠠᠯᠠᠪᠠᠢ ᠡᠴᠠ ᠵᠣᠬᠢᠬᠣ ᠬᠡᠮᠵᠢᠶᠡᠨ ‍ᠤ ᠭᠠᠵᠠᠷ ᠨᠣᠳᠣᠭ ᠰᠠᠯᠭᠠᠨ ᠠᠪᠴᠣ ᠭᠠᠮᠰᠢᠭᠳᠠᠭᠰᠠᠨ ᠡᠷᠣᠭᠡ ᠨᠦ᠋ᠭᠦᠳ ‍ᠢ ᠰᠠᠭᠤᠷᠢᠰᠢᠭᠤᠯᠤᠨ ᠂ ᠨᠡᠷ᠎ᠡ ᠶ᠋ᠢ ᠨᠢ ᠮᠠᠨᠳᠣᠬᠣ ᠭᠡᠪᠡ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠬᠤᠶᠢᠰᠢ ᠠᠷᠪᠠᠨ ᠲᠠᠪᠣᠨ ᠺᠢᠯᠣᠮᠸᠲ᠋ᠷ ᠵᠠᠶᠢᠲᠠᠢ ᠪᠠᠶᠢᠷᠢᠰᠢᠵᠤ ᠪᠤᠢ ᠃

ᠰᠣᠪᠣᠷᠭᠠᠨ ᠲᠠᠯ᠎ᠠ ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠰᠣᠪᠣᠷᠭᠠᠨ ᠲᠠᠯ᠎ᠠ ᠪᠣᠯᠣᠨ ᠠᠵᠢᠪᠠᠢ ( ᠠᠵᠠ ᠪᠣᠢ )  ᠬᠣᠶᠠᠷ ᠲᠣᠰᠬᠣᠨ ‍ᠢ ᠬᠠᠷᠢᠶᠠᠯᠠᠨ ᠵᠠᠬᠢᠷᠴᠣ ᠪᠠᠶᠢᠭ᠎ᠠ ᠪᠢᠯᠨ᠃
ᠰᠣᠪᠣᠷᠭᠠᠨ ᠲᠠᠯ᠎ᠠ ᠶ᠋ᠢ ᠣᠣᠯ ᠨᠢ ᠠᠳᠢᠰ ‍ᠤᠨ ᠰᠣᠪᠣᠷᠭ᠎ᠠ ᠶ᠋ᠢᠨ ᠲᠠᠯ᠎ᠠ  ᠬᠡᠵᠣ ᠲᠠᠭᠣᠳᠠᠵᠣ ᠪᠠᠶᠢᠭᠰᠠᠨ ᠶᠣᠮ ᠃ ᠠᠳᠢᠰ ᠭᠡᠳᠡᠭ ᠨᠢ ᠲᠤᠬᠠᠢ ᠶ᠋ᠢᠨ ᠦᠶ᠎ᠡ ᠶ᠋ᠢᠨ ᠨᠠᠢᠮᠠᠨ ᠸᠠᠡᠭ ‍ᠤᠨ ᠠᠯᠳᠠᠷᠳᠣ ᠪᠦᠬᠡ ᠶ᠋ᠢᠨ ᠨᠡᠷ᠎ᠡ ᠪᠢᠯᠨ ᠃ 1830 ᠣᠨ  ᠳᠤ ᠨᠠᠢᠮᠠᠨ ᠬᠦᠷᠢᠶ᠎ᠡ ᠬᠣᠶᠠᠷ ᠬᠣᠰᠢᠭᠣ ᠪᠦᠬᠡ ᠶ᠋ᠢᠨ ᠲᠡᠮᠡᠴᠡᠭᠡᠨ ᠶᠠᠪᠣᠭᠣᠯᠣᠭᠰᠠᠨ ᠬᠡᠨ᠎ᠡ ᠃ ᠲᠡᠮᠡᠴᠡᠭᠡᠨ  ᠳᠤ ᠨᠠᠢᠮᠠᠨ ᠸᠠᠡᠭ ‍ᠤᠨ ᠪᠦᠬᠡ ᠠᠳᠢᠰ ᠬᠦᠷᠢᠶ᠎ᠡ ᠬᠣᠰᠢᠭᠣᠨ ‍ᠤ ᠠᠯᠳᠠᠷᠳᠣ ᠪᠦᠬᠡ ᠶ᠋ᠢ ᠬᠠᠶᠠᠭᠰᠠᠨ ᠬᠡᠨ᠎ᠡ ᠃ ᠲᠡᠶᠢᠨ ᠬᠦ ᠬᠦᠷᠢᠶ᠎ᠡ  ᠬᠣᠰᠢᠭᠣᠨ ‍ᠤ ᠬᠢᠨ ᠠᠳᠢᠰ ‍ᠢ ᠨᠢᠭᠣᠴᠠ ᠪᠡᠷ ᠬᠣᠣᠷᠯᠠᠭᠰᠠᠨ ᠪᠠᠶᠢᠪᠠ ᠃ ᠨᠠᠢᠮᠠᠨ ᠸᠠᠡᠭ ᠡᠴᠠ ᠠᠳᠢᠰ ‍ᠢ ᠦᠷᠬᠦᠯᠵᠢ ᠲᠣᠷᠠᠰᠠᠬᠠᠬᠣ ᠶ᠋ᠢᠨ ᠲᠦᠯᠣᠭᠡ ᠲᠡᠬᠦᠨ ‍ᠤ ᠣᠡᠭᠭᠣᠨ ‍ᠤ ᠡᠮᠣᠨ᠎ᠡ ᠰᠣᠪᠣᠷᠭ᠎ᠠ ᠪᠣᠰᠬᠠᠵᠣ ᠂ ᠠᠳᠢᠰ ‍ᠤᠨ ᠰᠣᠪᠣᠷᠭ᠎ᠠ ᠬᠡᠵᠣ ᠨᠡᠷᠡᠯᠡᠪᠡ ᠃ 1949 ᠣᠨ ᠡᠴᠠ ᠠᠳᠢᠰ ‍ᠤᠨ ᠰᠣᠪᠣᠷᠭᠠᠨ ᠲᠠᠯ᠎ᠠ ᠬᠡᠮᠡᠬᠦ ᠨᠡᠷᠡᠶᠢᠳᠣᠯ ᠢᠶᠡᠨ ᠰᠣᠪᠣᠷᠭᠠᠨ ᠲᠠᠯ᠎ᠠ ᠬᠡᠵᠣ ᠲᠣᠪᠴᠢᠯᠠᠵᠣ ᠳᠠᠭᠤᠳᠠᠬᠤ ᠪᠤᠯᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠬᠤᠶᠢᠰᠢ ᠨᠠᠢᠮᠠᠨ ᠺᠢᠯᠣᠮᠸᠲ᠋ᠷ ᠵᠠᠶᠢᠲᠠᠢ ᠪᠠᠶᠢᠷᠢᠯᠠᠵᠤ ᠪᠤᠢ ᠃
ᠠᠵᠢᠪᠠᠢ ᠭᠡᠳᠡᠭ ᠨᠢ ᠬᠦᠮᠦᠨ ‍ᠤ ᠨᠡᠷ᠎ᠡ ᠪᠠᠶᠢᠭᠰᠠᠨ ᠶᠤᠮ ᠃ ᠠᠵᠠ ᠪᠣᠢ ᠭᠡᠳᠡᠭ ᠤᠳᠬ᠎ᠠ ᠲᠠᠢ ᠃ ᠠᠵᠠᠪᠤᠢ ᠭᠡᠵᠦ ᠪᠢᠴᠢᠬᠦ ᠶᠤᠰᠤᠲᠠᠢ ᠠᠲᠠᠯ᠎ᠠ ᠶᠠᠷᠢᠶᠠᠨ ‍ᠤ ᠬᠡᠯᠨ ᠪᠠᠷ ᠠᠵᠢᠪᠠᠢ ᠭᠡᠵᠦ ᠪᠢᠴᠢᠬᠦ ᠪᠤᠯᠵᠠᠢ ᠃ ᠠᠵᠢᠪᠠᠢ ᠭᠡᠳᠡᠭ ᠬᠦᠮᠦᠨ ᠡᠡᠳᠡ ᠬᠠᠮᠣᠭ ᠡᠷᠳᠡ ᠢᠷᠡᠵᠣ ᠰᠠᠭᠤᠷᠢᠰᠢᠭᠰᠠᠨ ᠢᠶᠠᠷ ᠡᠶᠢᠨ ᠬᠦ ᠨᠡᠷᠡᠯᠡᠭᠰᠡᠨ ᠭᠡᠳᠡᠭ ᠃ 1936 ᠣᠨ  ᠳᠤ ᠡᠷᠣᠭᠡ ᠨᠡᠶᠢᠯᠡᠬᠦᠯᠵᠣ ᠲᠣᠰᠬᠣᠨ ᠪᠣᠯᠭᠠᠬᠣ ᠦᠶ᠎ᠡ  ᠳᠤ ᠠᠵᠠᠪᠠᠢ ᠶ᠋ᠢᠨ ᠠᠶᠢᠯ ᠬᠡᠵᠣ ᠲᠠᠭᠣᠳᠠᠭᠰᠠᠨ ᠪᠢᠯᠨ ᠃ ᠬᠤᠵᠢᠮ ᠨᠢ ᠠᠵᠢᠪᠠᠢ ᠬᠡᠮᠡᠨ ᠳᠤᠪᠴᠢᠯᠠᠨ ᠣᠳᠣ ᠪᠣᠯᠳᠠᠯ᠎ᠠ ᠲᠠᠭᠣᠳᠠᠭᠳᠠᠭᠰᠠᠭᠠᠷ  ᠪᠤᠢ ᠃ 1962 ᠣᠨ  ‍ᠤ ᠦᠶᠡᠷ ‍ᠤᠨ ᠭᠠᠮᠰᠢᠭ ‍ᠤᠨ ᠳᠠᠷᠠᠭ᠎ᠠ ᠰᠣᠪᠣᠷᠭᠠᠨ ᠲᠠᠯ᠎ᠠ ᠲᠤᠰᠬᠤᠨ ᠲᠠᠢ ᠨᠡᠶᠢᠯᠡᠬᠦᠯᠵᠣ ᠂ ᠰᠣᠪᠣᠷᠭᠠᠨ ᠲᠠᠯ᠎ᠠ ᠭᠠᠴᠠᠭᠠᠨ ‍ᠤ ᠬᠠᠷᠢᠶᠠᠲᠤ ᠲᠤᠰᠬᠤᠨ ᠪᠤᠯᠭᠠᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠬᠤᠶᠢᠰᠢ ᠠᠷᠪᠠᠨ ᠺᠢᠯᠣᠮᠸᠲ᠋ᠷ  ᠵᠠᠶᠢᠲᠠᠢ ᠰᠠᠭᠤᠷᠢᠰᠢᠵᠤ ᠪᠣᠢ ᠃

ᠦᠯᠦᠡᠭᠲᠡᠢ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ ) ᠄
ᠦᠯᠦᠡᠭᠲᠡᠢ ᠬᠡᠮᠡᠬᠦ ᠨᠡᠷ᠎ᠡ ᠪᠣᠯ ᠲᠣᠰ ᠣᠷᠣᠨ ᠳᠤ ᠦᠯᠦᠡᠭ ᠡᠪᠡᠰᠣ ᠤᠯᠠᠨ ᠣᠷᠭᠣᠳᠠᠭ ᠢᠶᠠᠷ ᠦᠯᠦᠡᠭᠲᠡᠢ ᠬᠡᠵᠣ ᠲᠠᠭᠣᠳᠠᠬᠣ ᠪᠣᠯᠪᠠ ᠃ ᠦᠯᠦᠡᠭᠲᠡᠢ ᠭᠠᠴᠠᠭ᠎ᠠ ᠣᠣᠯ ᠨᠢ ᠵᠠᠡᠭᠭᠣᠳᠠᠢ ᠰᠣᠮᠣ ᠶ᠋ᠢᠨ ᠬᠠᠷᠢᠶᠠᠨ ᠳ᠋ᠣ ᠪᠠᠶᠢᠪᠠ ᠃ 2006 ᠣᠨ  ᠳᠤ  ᠵᠠᠰᠠᠭ ᠵᠠᠬᠢᠷᠭᠠᠨ ‍ᠤ ᠰᠢᠨ᠎ᠡ ᠬᠤᠪᠢᠶᠠᠷᠢᠯᠠᠯᠲᠠ ᠪᠠᠷ ᠭᠣᠷᠪᠠᠨᠬᠣᠸᠠ ᠰᠤᠮᠤᠨ  ᠳᠤ ᠬᠠᠷᠢᠶᠠᠯᠠᠭᠳᠠᠬᠣ ᠪᠣᠯᠪᠠ ᠃ ᠲᠣᠰ ᠭᠠᠴᠠᠭ᠎ᠠ ᠢᠷᠭᠡᠨ ᠣᠯᠣᠰ ‍ᠤᠨ ᠦᠶ᠎ᠡ ᠡᠴᠠ ᠲᠤᠰᠬᠤᠨ ᠪᠤᠯᠵᠤ ᠪᠦᠷᠢᠯᠳᠦᠪᠡ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠪᠠᠷᠠᠭᠣᠨ ᠬᠤᠶᠢᠰᠢ ᠠᠷᠪᠠᠨ ᠨᠠᠢᠮᠠᠨ ᠺᠢᠯᠣᠮᠸᠲ᠋ᠷ ᠵᠠᠶᠢᠲᠠᠢ ᠪᠠᠶᠢᠷᠢᠰᠢᠵᠤ ᠪᠤᠢ ᠃

ᠭᠠᠨᠳᠢ ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭᠠᠨ ‍ᠤ ᠨᠡᠷ᠎ᠡ ᠪᠣᠯ ᠲᠦᠪᠡᠳ ᠦᠬᠡ ᠮᠦᠨ ᠃ ᠲᠦᠪᠡᠳ ᠨᠡᠷ᠎ᠡ ᠲᠠᠢ ᠮᠣᠡᠭᠭᠣᠯ ᠬᠦᠮᠣᠨ ᠰᠠᠭᠤᠷᠢᠰᠢᠵᠤ ᠪᠠᠶᠢᠭᠰᠠᠨ ᠢᠶᠠᠷ ᠡᠶᠢᠨ ᠬᠦ ᠨᠡᠷᠡᠯᠡᠭᠰᠡᠨ ᠪᠠᠶᠢᠯᠲᠠᠢ ᠃ ᠭᠠᠨᠳᠢ  ᠬᠡᠰᠡᠨ ᠦᠬᠡ ᠶ᠋ᠢᠨ ᠣᠳᠬ᠎ᠠ ᠨᠢ ᠪᠣᠷᠬᠠᠨ ‍ᠤ ᠵᠠᠷᠯᠢᠭ ‍ᠤᠨ ᠬᠣᠷᠢᠶᠠᠡᠭᠭᠣᠢ  ᠭᠡᠰᠡᠨ ᠣᠳᠬ᠎ᠠ ᠲᠠᠢ ᠃ ᠵᠠᠷᠢᠮ ᠭᠠᠵᠠᠷ ᠭᠠᠨᠳᠠᠢ ᠬᠡᠰᠡᠨ ᠦᠬᠡ ᠶ᠋ᠢ ᠭᠠᠨᠳᠢ ᠬᠡᠮᠡᠬᠦ ᠦᠬᠡᠨ ᠡᠴᠠ ᠬᠣᠪᠢᠷᠠᠵᠣ ᠢᠷᠡᠪᠡ ᠭᠡᠳᠡᠭ ᠃ ᠭᠠᠨᠳᠢ ᠪᠣᠯ ᠯᠠᠮᠨ ᠨᠠᠷ ‍ᠢ ᠴᠣᠭᠯᠠᠭᠣᠯᠬᠣ  ᠳᠤ ᠴᠢᠮᠡᠭᠡ ᠦᠭᠬᠦ ᠴᠣᠬᠢᠭᠣᠷ ᠮᠣᠳᠣ ᠬᠡᠵᠣ ᠴᠤ ᠬᠡᠯᠡᠳᠡᠭ ᠃ ᠲᠣᠰ ᠠᠶᠢᠯ ᠴᠢᠡᠭ ᠣᠯᠣᠰ ‍ᠤᠨ ᠲᠣᠮᠳᠠᠴᠢ ᠪᠠᠷ ᠪᠠᠶᠢᠭᠣᠯᠣᠭᠳᠠᠭᠰᠠᠨ ᠶᠤᠮ ᠃ 2006 ᠣᠨ  ᠳᠤ ᠵᠠᠰᠠᠭ ᠵᠠᠬᠢᠷᠭᠠᠨ ‍ᠤ ᠰᠢᠨ᠎ᠡ ᠬᠤᠪᠢᠶᠠᠷᠢᠯᠠᠯᠲᠠ ᠪᠠᠷ ᠵᠠᠡᠭᠭᠤᠤᠲᠠᠢ ᠰᠤᠮᠤᠨ ‍ᠤ ᠬᠠᠷᠢᠶᠠᠨ ᠡᠴᠠ ᠭᠣᠷᠪᠠᠨᠬᠣᠸᠠ ᠰᠤᠮᠤᠨ ᠳ᠋ᠤ ᠰᠢᠯᠵᠢᠬᠦᠯᠦᠨ ᠬᠠᠷᠢᠶᠠᠯᠠᠭᠤᠯᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠪᠠᠷᠠᠭᠣᠨ ᠬᠤᠶᠢᠰᠢ ᠲᠦᠷᠪᠡᠨ ᠺᠢᠯᠣᠮᠸᠲ᠋ᠷ ᠵᠠᠶᠢᠲᠠᠢ ᠪᠠᠶᠢᠷᠢᠯᠠᠵᠤ ᠪᠤᠢ ᠃

ᠶᠦᠡᠭ ᠰᠢᠡᠭ ( ᠦᠨᠢᠪᠠᠳᠠᠷᠠ ) ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠣᠳᠠᠳᠣ ᠂ ᠣᠷᠳᠣ ᠭᠠᠯᠠᠭᠣᠴᠢ ᠂ ᠬᠣᠶᠢᠳᠣ ᠭᠠᠯᠠᠭᠣᠴᠢ ᠭᠣᠷᠪᠠᠨ ᠲᠣᠰᠬᠣᠨ ‍ᠢ ᠬᠠᠷᠢᠶᠠᠯᠠᠨ ᠵᠠᠬᠢᠷᠴᠣ ᠪᠤᠢ ᠃
ᠣᠳᠠᠳᠣ ᠭᠡᠳᠡᠭ ᠨᠢ ᠣᠰᠣᠳᠣ ᠪᠠᠶᠢᠭᠰᠠᠨ ᠶᠤᠮ ᠃ 1936 ᠣᠨ  ᠳᠤ ᠲᠣᠰᠬᠣᠨ ᠪᠠᠶᠢᠭᠣᠯᠣᠭᠳᠠᠬᠣ ᠦᠶ᠎ᠡ  ᠳᠤ ᠨᠠᠭᠤᠷ ᠤᠰᠤ ᠤᠯᠠᠡᠲᠠᠢ ᠪᠤᠯᠬᠤᠷ ᠣᠰᠣᠳᠣ ᠬᠡᠵᠣ ᠲᠠᠭᠣᠳᠠᠵᠣ ᠪᠠᠶᠢᠪᠠ ᠃
ᠣᠷᠳᠣ ᠬᠣᠶᠢᠳᠣ ᠭᠠᠯᠠᠭᠣᠴᠢ ᠪᠣᠯ ᠴᠢᠡᠭ ᠣᠯᠣᠰ ‍ᠤᠨ ᠲᠣᠮᠳᠠᠴᠢ ᠦᠶ᠎ᠡ ᠳ᠋ᠤ ᠪᠤᠢ ᠪᠤᠯᠤᠭᠰᠠᠨ ᠬᠣᠶᠠᠷ ᠠᠶᠢᠯ ᠶᠤᠮ ᠃ ᠤᠤᠯ ᠨᠢ ᠡᠡᠳᠡ ᠨᠢᠬᠡᠨ ᠭᠠᠯᠠᠭᠣ ᠠᠡᠭᠨᠠᠬᠣ ᠳ᠋ᠠᠭᠠᠨ ᠤᠡᠴᠠᠭᠠᠢ ᠴᠢᠳᠠᠮᠠᠭᠠᠢ ᠬᠦᠮᠣᠨ ᠪᠠᠶᠢᠭᠰᠠᠨ ᠭᠡᠨ᠎ᠡ ᠃ ᠲᠡᠬᠦᠨ ‍ᠢ ᠬᠦᠮᠦᠰ ᠭᠠᠯᠠᠭᠤᠴᠢ ᠭᠡᠵᠦ ᠳᠠᠭᠤᠳᠠᠳᠠᠭ ᠪᠠᠶᠢᠭᠰᠠᠨ ᠢᠶᠠᠷ ᠭᠠᠯᠠᠭᠣᠴᠢ ᠭᠡᠳᠡᠭ ᠨᠢ ᠠᠶᠠᠡᠳᠠᠭᠠᠨ ᠭᠠᠵᠠᠷ ‍ᠤᠨ ᠨᠡᠷ᠎ᠡ ᠪᠤᠯᠤᠭᠰᠠᠨ ᠶᠣᠮ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠪᠠᠷᠠᠭᠣᠨ ᠬᠤᠶᠢᠰᠢ ᠠᠷᠪᠠᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠣᠢ ᠃ 2006 ᠣᠨ  ᠳᠤ ᠵᠠᠰᠠᠭ ᠵᠠᠬᠢᠷᠭᠠᠨ ‍ᠤ ᠰᠢᠨ᠎ᠡ ᠬᠤᠪᠢᠶᠠᠷᠢᠯᠠᠯᠲᠠ ᠪᠠᠷ ᠵᠠᠡᠭᠭᠣᠳᠠᠢ ᠰᠤᠮᠤᠨ ‍ᠤ ᠬᠠᠷᠢᠶᠠᠨ ᠡᠴᠠ ᠭᠣᠷᠪᠠᠨᠬᠣᠸᠠ ᠰᠤᠮᠤᠨ ᠳ᠋ᠤ ᠰᠢᠯᠵᠢᠬᠦᠯᠦᠨ ᠬᠠᠷᠢᠶᠠᠯᠠᠭᠤᠯᠪᠠ ᠃

ᠶᠡᠭᠡ ᠲᠠᠴᠢᠨ ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭ᠎ᠠ ᠨᠢ ᠶᠡᠭᠡ ᠳᠠᠴᠠ ᠂ ᠪᠠᠭ᠎ᠠ ᠳᠠᠴᠠ ᠬᠣᠶᠠᠷ ᠲᠣᠰᠬᠣᠨ ‍ᠢ ᠬᠠᠷᠢᠶᠠᠯᠠᠨ ᠵᠠᠬᠢᠷᠴᠣ ᠪᠤᠢ ᠃ ᠳᠠᠴᠠ ᠪᠣᠶᠣ ᠲᠠᠴᠢᠨ ᠭᠡᠳᠡᠭ ᠨᠢ ᠨᠠᠮᠣᠭ ᠱᠠᠯᠪᠠᠭ ᠲᠠᠢ ᠲᠠᠯ᠎ᠠ ᠭᠠᠵᠠᠷ ‍ᠢ ᠬᠡᠯᠡᠨ᠎ᠡ ᠃ ᠶᠡᠭᠡ ᠲᠠᠴᠢᠨ ‍ᠢ ᠣᠣᠯ ᠨᠢ ᠡᠣ ᠶᠸ ᠲᠠᠴᠢᠨ ᠬᠡᠮᠡᠨ ᠲᠠᠭᠣᠳᠠᠵᠣ ᠪᠠᠶᠢᠪᠠ ᠃ ᠡᠡᠳᠡ ᠨᠠᠢᠮᠠᠨ ᠸᠠᠡᠭ ‍ᠤᠨ ᠲᠠᠪᠤᠳᠤᠭᠠᠷ ᠲᠡᠬᠦᠣ ᠨᠢ ᠨᠣᠳᠣᠭᠯᠠᠵᠣ ᠪᠠᠶᠢᠭᠰᠠᠨ ᠡᠴᠠ ᠡᠣ ᠶᠸ ᠲᠠᠴᠢᠨ ᠬᠡᠵᠣ ᠨᠡᠷᠡᠯᠡᠪᠡ ᠃ 1965 ᠣᠨ  ᠳᠤ ᠣᠣᠯ ‍ᠤᠨ ᠡᠣ ᠶᠸ ᠲᠠᠴᠢᠨ ‍ᠢ ᠶᠡᠭᠡ ᠲᠠᠴᠢᠨ ᠬᠡᠮᠡᠨ ᠬᠠᠯᠠᠪᠠ ᠃ ᠪᠠᠭ᠎ᠠ ᠲᠠᠴᠢᠨ ᠨᠢ ᠮᠦᠨ ᠶᠡᠭᠡ ᠲᠠᠴᠢᠨ ᠲᠠᠢ ᠬᠠᠮᠲᠤ ᠪᠠᠶᠢᠭᠣᠯᠣᠭᠳᠠᠭᠰᠠᠨ ᠶᠣᠮ ᠃ ᠪᠠᠭ᠎ᠠ ᠳᠠᠴᠢᠨ ᠨᠢ ᠦ᠋ ᠶᠸ ᠶ᠋ᠢᠨ ᠮᠠᠯᠵᠢᠯ ‍ᠤᠨ ᠭᠠᠵᠠᠷ ᠪᠠᠶᠢᠪᠠ ᠃ ᠶᠡᠬᠡ ᠪᠠᠭ᠎ᠠ ᠲᠠᠴᠢᠨ ᠨᠢ ᠪᠦᠷ ᠴᠢᠡᠭ ᠣᠯᠣᠰ ‍ᠤᠨ ᠦᠶ᠎ᠡ ᠳᠤ ᠲᠤᠰᠬᠤᠨ ᠪᠤᠯᠵᠤ ᠪᠦᠷᠢᠯᠳᠦᠪᠡ ᠃ 2006 ᠣᠨ ‍ᠤ ᠵᠠᠰᠠᠭ ᠵᠠᠬᠢᠷᠭᠠᠨ ‍ᠤ ᠰᠢᠨ᠎ᠡ ᠬᠤᠪᠢᠶᠠᠷᠢᠯᠠᠯᠲᠠ ᠪᠠᠷ ᠵᠠᠡᠭᠭᠤᠤᠲᠠᠢ ᠰᠣᠮᠣ ᠶ᠋ᠢᠨ ᠬᠠᠷᠢᠶᠠᠨ ᠡᠴᠠ ᠭᠣᠷᠪᠠᠨᠬᠣᠸᠠ ᠰᠤᠮᠤᠨ ᠳ᠋ᠤ ᠰᠢᠯᠵᠢᠬᠦᠯᠦᠨ ᠬᠠᠷᠢᠶᠠᠯᠠᠭᠤᠯᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠪᠠᠷᠠᠭᠣᠨᠰᠢ ᠲᠠᠪᠣᠨ ᠺᠢᠯᠣᠮᠸᠲ᠋ᠷ ᠵᠠᠶᠢᠲᠠᠢ ᠪᠠᠶᠢᠷᠢᠰᠢᠵᠤ ᠪᠣᠢ ᠃

ᠶᠣᠤ ᠶ᠋ᠢᠨ ᠨᠦᠬᠡ ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄
ᠶᠣᠤ ᠶ᠋ᠢᠨ ᠨᠦᠬᠡ ᠬᠡᠮᠡᠬᠦ ᠨᠡᠷ᠎ᠡ ᠶ᠋ᠢᠨ ᠢᠷᠡᠯᠲᠡ ᠡᠶᠢᠮᠦ ᠪᠠᠶᠢᠭ᠎ᠠ ᠶᠤᠮ ᠃ 1740 ᠣᠨ  ᠳᠤ ᠣᠳᠣ ᠶ᠋ᠢᠨ ᠵᠠᠡᠭᠭᠤᠤᠲᠠᠢ ᠲᠣᠰᠬᠣᠨ ᠳ᠋ᠤ ᠪᠠᠶᠢᠭ᠎ᠠ ᠨᠠᠢᠮᠨᠨ ᠬᠣᠰᠢᠭᠣᠨ ‍ᠤ ᠬᠣᠰᠢᠭᠣᠨ ᠰᠦᠮ᠎ᠡ ᠶ᠋ᠢ ᠪᠠᠶᠢᠭᠣᠯᠪᠠ ᠃ ᠡᠨᠡ ᠰᠦᠮ᠎ᠡ ᠶ᠋ᠢ  ᠪᠠᠶᠢᠭᠣᠯᠬᠣ ᠶ᠋ᠢᠨ ᠲᠦᠯᠣᠭᠡ  ᠤᠳᠤ ᠶ᠋ᠢᠨ ᠶᠤᠤ ᠶ᠋ᠢᠨ ᠨᠦᠬᠡ ᠲᠤᠰᠬᠤᠨ ᠳ᠋ᠤ ᠶᠣᠣ ᠪᠠᠷᠢᠵᠤ ᠲᠤᠭᠤᠰᠬ᠎ᠠ ᠰᠢᠳᠠᠭᠠᠭᠰᠠᠨ ᠪᠠᠶᠢᠨ᠎ᠠ ᠃ ᠲᠤᠭᠤᠰᠬ᠎ᠠ ᠬᠢᠬᠦ ᠪᠡᠷ ᠰᠢᠷᠣᠢ ᠠᠪᠣᠭᠰᠠᠨ ᠨᠦᠬᠡ ᠨᠢ ᠲᠣᠡᠭ ᠶᠡᠭᠡ ᠪᠠᠶᠢᠭᠰᠠᠨ ᠢᠶᠠᠷ ᠬᠤᠵᠢᠮ ᠨᠢ ᠡᠡᠳᠡ ᠲᠣᠰᠬᠣᠨ ᠰᠠᠭᠤᠷᠢᠰᠢᠬᠤᠦᠶ᠎ᠡ ᠳ᠋ᠣ ᠲᠤᠰᠬᠤᠨ ‍ᠤ ᠨᠡᠷ᠎ᠡ ᠪᠠᠨ ᠶᠣᠤ ᠶ᠋ᠢᠨ ᠨᠦᠬᠡ  ᠬᠡᠵᠣ ᠨᠡᠷᠡᠯᠡᠪᠡ ᠃ 2006 ᠣᠨ ᠳ᠋ᠣ ᠵᠠᠰᠠᠭ ᠵᠠᠬᠢᠷᠭᠠᠨ ‍ᠤ ᠰᠢᠨ᠎ᠡ ᠬᠤᠪᠢᠶᠠᠷᠢᠯᠠᠯᠲᠠ ᠪᠠᠷ ᠵᠠᠡᠭᠭᠤᠤᠲᠠᠢ ᠰᠤᠮᠤᠨ ‍ᠤ ᠬᠠᠷᠢᠶᠠᠨ ᠡᠴᠠ ᠭᠤᠷᠪᠠᠡᠬᠤᠸᠨ ᠰᠤᠮᠤᠨ ᠳ᠋ᠤ ᠰᠢᠯᠵᠢᠬᠦᠯᠦᠨ ᠬᠠᠷᠢᠶᠠᠯᠠᠭᠤᠯᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠪᠠᠷᠠᠭᠣᠨᠰᠢ ᠨᠠᠢᠮᠠᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠤᠢ ᠃

ᠴᠠᠭᠠᠨᠨᠠᠭᠣᠷ ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄ ᠲᠣᠰ ᠭᠠᠴᠠᠭᠠᠨ ᠳᠤ ᠣᠷᠳᠣ ᠴᠠᠭᠠᠨᠨᠠᠭᠣᠷ ᠂ ᠬᠣᠶᠢᠳᠣ ᠴᠠᠭᠠᠨᠨᠠᠭᠣᠷ ᠬᠡᠵᠣ ᠬᠣᠶᠠᠷ ᠲᠣᠰᠬᠣᠨ ᠬᠠᠷᠢᠶᠠᠯᠠᠭᠳᠠᠨ᠎ᠠ ᠃ ᠠᠡᠭᠬᠠᠨ ᠳ᠋ᠠᠭᠠᠨ ᠡᠡᠳᠡ ᠴᠠᠭᠠᠨ ᠨᠠᠭᠤᠷ ᠬᠡᠮᠡᠬᠦ ᠨᠡᠷ᠎ᠡ ᠲᠠᠢ ᠲᠣᠡᠭᠭᠠᠯᠠᠭ ᠨᠠᠭᠣᠷ ᠪᠠᠶᠢᠭᠰᠠᠨ ᠡᠴᠠ ᠲᠤᠰᠬᠤᠨ ‍ᠤ ᠨᠡᠷ᠎ᠡ ᠶ᠋ᠢ ᠴᠠᠭᠠᠨᠨᠠᠭᠣᠷ ‍ᠤᠨ ᠠᠶᠢᠯ ᠭᠡᠵᠣ ᠳᠠᠭᠤᠳᠠᠪᠠ ᠃ ᠬᠤᠵᠢᠮ ᠨᠢ ᠴᠠᠭᠠᠨᠨᠠᠭᠣᠷ ᠪᠣᠶᠤ ᠣᠷᠳᠣ ᠴᠠᠭᠠᠨᠨᠠᠭᠣᠷ ᠂ ᠬᠣᠶᠢᠳᠣ ᠴᠠᠭᠠᠨᠨᠠᠭᠣᠷ ᠭᠡᠵᠦ ᠳᠦᠬᠦᠮᠴᠢᠯᠡᠨ ᠳᠠᠭᠤᠳᠠᠬᠤ ᠪᠤᠯᠪᠠ ᠃ 2006 ᠣᠨ  ᠳᠤ ᠵᠠᠰᠠᠭ ᠵᠠᠬᠢᠷᠭᠠᠨ ‍ᠤ ᠰᠢᠨ᠎ᠡ ᠬᠤᠪᠢᠶᠠᠷᠢᠯᠠᠯᠲᠠ ᠪᠠᠷ ᠵᠠᠡᠭᠭᠤᠤᠲᠠᠢ ᠰᠤᠮᠤᠨ ‍ᠤ ᠬᠠᠷᠢᠶᠠᠨ ᠡᠴᠠ ᠭᠤᠷᠪᠠᠡᠬᠤᠸᠨ ᠰᠤᠮᠤᠨ ᠳ᠋ᠤ ᠰᠢᠯᠵᠢᠬᠦᠯᠦᠨ ᠬᠠᠷᠢᠶᠠᠯᠠᠭᠤᠯᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠪᠠᠷᠠᠭᠣᠨᠰᠢ ᠠᠷᠪᠠᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠤᠢ ᠃

ᠡᠮᠣᠨ᠎ᠡ ᠲᠦᠬᠦᠷᠢᠭ ᠭᠠᠴᠠᠭ᠎ᠠ ( ᠵᠠᠰᠠᠭ ᠵᠠᠬᠢᠷᠭᠠᠨ ‍ᠤ ᠭᠠᠴᠠᠭ᠎ᠠ ) ᠄
1942 ᠣᠨ  ᠳᠤ ᠲᠣᠰᠬᠣᠨ ᠪᠠᠶᠢᠭᠤᠯᠬᠤ ᠦᠶ᠎ᠡ  ᠳᠤ ᠡᠡᠳᠡᠬᠢ ᠲᠠᠯ᠎ᠠ ᠶ᠋ᠢ ᠲᠦᠬᠦᠷᠢᠭ ‍ᠤᠨ ᠲᠠᠯ᠎ᠠ ᠭᠡᠵᠦ ᠨᠡᠷᠡᠯᠡᠳᠡᠭ ᠪᠠᠶᠢᠪᠠ ᠃ ᠡᠬᠢᠯᠡᠡᠭᠬᠦᠳᠡ ᠲᠦᠬᠦᠷᠢᠭ ‍ᠤᠨ ᠲᠠᠯ᠎ᠠ ᠶ᠋ᠢᠨ ᠠᠶᠢᠯ  ᠭᠡᠵᠣ ᠳᠠᠭᠤᠳᠠᠳᠠᠭ ᠪᠠᠶᠢᠭᠰᠠᠨ ᠢᠶᠡᠨ ᠣᠳᠣ ᠡᠮᠣᠨ᠎ᠡ ᠲᠦᠬᠦᠷᠢᠭ ᠭᠡᠳᠡᠭ ᠪᠤᠯᠵᠠᠢ ᠃ 2006 ᠣᠨ ᠵᠠᠰᠠᠭ ᠵᠠᠬᠢᠷᠭᠠᠨ ‍ᠤ ᠰᠢᠨ᠎ᠡ ᠬᠤᠪᠢᠶᠠᠷᠢᠯᠠᠯᠲᠠ ᠪᠠᠷ ᠵᠠᠡᠭᠭᠤᠤᠲᠠᠢ ᠰᠤᠮᠤᠨ ‍ᠤ ᠬᠠᠷᠢᠶᠠᠨ ᠡᠴᠠ ᠭᠤᠷᠪᠠᠡᠬᠤᠸᠨ ᠰᠤᠮᠤᠨ ᠳ᠋ᠤ ᠰᠢᠯᠵᠢᠬᠦᠯᠦᠨ ᠬᠠᠷᠢᠶᠠᠯᠠᠭᠤᠯᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠡᠮᠤᠨᠡᠰᠢ ᠠᠷᠪᠠᠨ ᠲᠠᠪᠣᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠣᠢ ᠃

 ᠪᠣᠷᠭᠠᠰᠣᠳᠠᠢ ᠭᠠᠴᠠᠭ᠎ᠠ (  ᠵᠠᠰᠠᠭ ᠵᠠᠬᠢᠷᠭᠠᠨ ‍ᠤ ᠭᠠᠴᠠᠭ᠎ᠠ ) ᠄
 ᠤᠤᠯ ᠨᠢ ᠡᠡᠳᠡ ᠪᠣᠷᠭᠠᠰᠣ ᠰᠠᠶᠢᠨ ᠤᠷᠭᠤᠳᠠᠭ ᠪᠠᠶᠢᠭᠰᠠᠨ ᠢᠶᠠᠷ ᠪᠣᠷᠭᠠᠰᠣᠳᠠᠢ ᠭᠡᠵᠣ ᠨᠡᠷᠡᠯᠡᠪᠡ ᠃ ᠲᠣᠰ ᠲᠤᠰᠬᠤᠨ ᠨᠢ ᠴᠢᠡᠭ ᠤᠯᠤᠰ ‍ᠤᠨ ᠲᠣᠮᠳᠠᠴᠢ ᠦᠶ᠎ᠡ ᠪᠡᠷ ᠪᠠᠶᠢᠭᠣᠯᠣᠭᠳᠠᠵᠣ ᠂ ᠡᠳᠦᠬᠡ ᠪᠤᠯᠲᠠᠯ᠎ᠠ ᠮᠦᠨ ᠯᠡ ᠣᠣᠯ ‍ᠤᠨ ᠨᠡᠷᠡᠶᠢᠳᠣᠯ ᠢᠶᠡᠨ ᠬᠡᠷᠡᠭᠯᠡᠭᠰᠡᠭᠡᠷ ᠪᠠᠶᠢᠨ᠎ᠠ  ᠃ 2006 ᠣᠨ ᠳ᠋ᠤ ᠵᠠᠰᠠᠭ ᠵᠠᠬᠢᠷᠭᠠᠨ ‍ᠤ ᠰᠢᠨ᠎ᠡ ᠬᠤᠪᠢᠶᠠᠷᠢᠯᠠᠯᠲᠠ ᠪᠠᠷ ᠵᠠᠡᠭᠭᠤᠤᠲᠠᠢ ᠰᠤᠮᠤᠨ ‍ᠤ ᠬᠠᠷᠢᠶᠠᠨ ᠡᠴᠠ ᠭᠤᠷᠪᠠᠡᠬᠤᠸᠨ ᠰᠤᠮᠤᠨ ᠳ᠋ᠤ ᠰᠢᠯᠵᠢᠬᠦᠯᠦᠨ ᠬᠠᠷᠢᠶᠠᠯᠠᠭᠤᠯᠪᠠ ᠃ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠᠠᠷᠪᠠᠨ ᠲᠠᠪᠣᠨ ᠺᠢᠯᠣᠮᠸᠲ᠋ᠷ ᠵᠠᠶᠢᠲᠠᠢ ᠪᠠᠶᠢᠷᠢᠰᠢᠵᠤ ᠪᠣᠢ ᠃

 ᠳᠤᠤᠷ᠎ᠠ ᠭᠣᠷᠪᠠᠨᠬᠣᠸᠠ ᠰᠤᠮᠤᠨ ‍ᠤ ᠨᠤᠲᠤᠭ ᠲᠤ ᠤᠤᠯ ᠨᠢ ᠪᠠᠶᠢᠭᠰᠠᠨ ᠂ ᠤᠳᠤ ᠪᠠᠶᠢᠬᠤ ᠦᠭᠡᠢ ᠪᠤᠯᠤᠭᠰᠠᠨ ᠭᠡᠳᠦᠨ ᠲᠤᠰᠬᠤᠨ ‍ᠢ ᠲᠠᠨᠢᠯᠴᠠᠭᠣᠯᠣᠶ᠎ᠠ 

ᠲᠣᠯᠣᠭᠠᠨ ᠲᠠᠷᠢᠶ᠎ᠠ ᠭᠠᠴᠠᠭ᠎ᠠ ᠄
ᠲᠣᠰ ᠭᠠᠴᠠᠭ᠎ᠠ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠵᠡᠬᠦᠨ ᠬᠤᠶᠢᠰᠢ ᠠᠷᠪᠠᠨ ᠲᠠᠪᠣᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠠᠶᠢᠪᠠ ᠃ 1994 ᠣᠨ ‍ᠤ ᠦᠶᠡᠷ ‍ᠤᠨ ᠭᠠᠮᠰᠢᠭ ᠡᠴᠠ ᠪᠣᠯᠵᠣ ᠪᠦᠬᠦ ᠠᠶᠢᠯ ‍ᠢ ᠨᠢ ᠺᠠᠶᠢᠯᠣ ( ᠬᠠᠯᠢᠭᠣ ) ᠰᠢᠶᠠᠨ  ᠳᠤ ᠨᠡᠬᠦᠯᠭᠡᠪᠡ ᠃ 1936 ᠣᠨ ᠳᠤ ᠲᠣᠰᠬᠣᠨ ᠪᠠᠶᠢᠭᠣᠯᠣᠭᠳᠠᠬᠣ ᠦᠶ᠎ᠡ ᠳ᠋ᠤ ᠲᠤᠯᠤᠭᠠᠨ ᠲᠠᠷᠢᠶ᠎ᠠ ᠶ᠋ᠢ ᠬᠠᠷ᠎ᠠ ᠣᠬᠣᠨ᠎ᠠ ᠬᠡᠵᠣ ᠨᠡᠷᠡᠯᠡᠵᠣ ᠪᠠᠶᠢᠪᠠ ᠃ ᠤᠤᠯ ᠨᠢ ᠡᠡᠳᠡ ᠨᠢᠬᠡᠨ ᠤᠡᠭᠭᠤᠯᠠᠭᠰᠠᠨ ᠬᠠᠷ᠎ᠠ ᠣᠬᠣᠨ᠎ᠠ ᠪᠠᠶᠢᠭᠰᠠᠨ ᠡᠴᠠ   ᠡᠨᠡ ᠭᠠᠵᠠᠷ ‍ᠢ ᠬᠠᠷ᠎ᠠ ᠤᠬᠤᠨ᠎ᠠ ᠬᠡᠮᠡᠨ ᠳᠠᠭᠤᠳᠠᠵᠤ ᠪᠠᠶᠢᠭᠰᠠᠨ ᠠᠵᠢ ᠃ 1947 ᠣᠨ ᠳ᠋ᠣ ᠲᠣᠯᠣᠭᠠᠨ ᠲᠠᠷᠢᠶ᠎ᠠ ᠬᠡᠵᠣ ᠨᠡᠷ᠎ᠡ ᠶ᠋ᠢ ᠨᠢ ᠬᠠᠯᠠᠭᠰᠠᠨ ᠪᠠᠶᠢᠨ᠎ᠠ ᠃

ᠰᠢᠷᠠᠬᠣᠭᠣᠯᠠᠢ ᠭᠠᠴᠠᠭ᠎ᠠ ᠄
ᠰᠢᠷᠠᠬᠤᠭᠤᠯᠠᠢ ᠣᠣᠯ ᠨᠢ ᠭᠣᠷᠪᠠᠨᠬᠣᠸᠠ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠪᠠᠶᠢᠭᠰᠠᠨ ᠶᠤᠮ ᠃ ᠣᠳᠣ ᠶ᠋ᠢᠨ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠨᠠᠢᠮᠠᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠠᠶᠢᠪᠠ ᠃ 1994 ᠣᠨ  ᠳᠤ ᠦᠶᠡᠷ ‍ᠤᠨ ᠭᠠᠮᠰᠢᠭ ᠡᠴᠠ ᠪᠤᠯᠵᠤ ᠪᠦᠬᠦ ᠲᠤᠰᠬᠤᠨ ‍ᠤ ᠬᠢᠨ ‍ᠢ ᠵᠠᠷᠣᠳ ᠬᠣᠰᠢᠭᠣᠨ ᠳ᠋ᠣ ᠨᠡᠬᠦᠯᠬᠡᠪᠠ ᠃ 1936 ᠣᠨ  ᠳᠤ ᠲᠣᠰᠬᠣᠨ ᠪᠦᠷᠢᠯᠳᠣᠬᠦ ᠦᠶ᠎ᠡ ᠳ᠋ᠤ ᠰᠦᠮ᠎ᠡ ᠶ᠋ᠢᠨ ᠲᠠᠯ᠎ᠠ  ᠬᠡᠵᠣ ᠨᠡᠷᠡᠯᠡᠵᠣ ᠪᠠᠶᠢᠭᠰᠠᠨ ᠶᠣᠮ ᠃ 1947 ᠣᠨ  ᠳᠤ ᠰᠢᠷᠠᠬᠣᠭᠣᠯᠠᠢ  ᠬᠡᠵᠣ  ᠬᠠᠯᠠᠪᠠ ᠃

ᠣᠨᠳᠣ ᠭᠠᠴᠠᠭ᠎ᠠ ᠄
ᠲᠣᠰ ᠭᠠᠴᠠᠭ᠎ᠠ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠡᠮᠦᠨᠡᠰᠢ ᠠᠷᠪᠠᠨ ᠭᠣᠷᠪᠠᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠠᠶᠢᠭᠰᠠᠨ ᠶᠣᠮ ᠃ 1994 ᠣᠨ ‍ᠤ ᠦᠶᠡᠷ ‍ᠤᠨ ᠭᠠᠮᠰᠢᠭ ᠡᠴᠠ ᠪᠣᠯᠵᠣ ᠪᠦᠬᠦ ᠲᠤᠰᠬᠤᠨ ‍ᠤ ᠬᠢᠨ ‍ᠢ ᠣᠳᠣ ᠶ᠋ᠢᠨ ᠬᠣᠷᠴᠢᠨ ᠲᠣᠭᠣᠷᠢᠭ  ᠲᠤ ᠨᠡᠬᠦᠯᠬᠡᠪᠠ ᠃ ᠣᠨᠳᠣ ᠭᠡᠳᠡᠭ ‍ᠤᠨ ᠤᠤᠯ ᠦᠭᠡ ᠨᠢ ᠣᠮᠳᠠ ᠪᠠᠶᠢᠭᠰᠠᠨ ᠶᠤᠮ ᠃ ᠴᠢᠡᠭ ᠤᠯᠤᠰ ‍ᠤᠨ ᠡᠬᠢᠨ ‍ᠤ ᠦᠶ᠎ᠡ  ᠳᠤ  ᠢ ᠵᠸᠣ ᠶ᠋ᠢᠨ ᠪᠣᠷᠨᠠᠢ ᠸᠠᠡᠭ ᠴᠢᠡᠭ ‍ᠤᠨ ᠴᠡᠷᠢᠭ  ᠲᠤ ᠢᠯᠠᠭᠳᠠᠨ ᠲᠤᠲᠠᠭᠠᠵᠤ ᠶᠠᠪᠣᠭ᠎ᠠ ᠵᠠᠮ ‍ᠤᠨ ᠭᠤᠳᠤᠰ ᠲᠠᠭᠠᠨ  ᠬᠦᠮᠣᠨ ᠮᠣᠷᠢ ᠲᠠᠢ ᠪᠠᠨ ᠣᠰᠣ ᠣᠯᠵᠣ ᠣᠣᠭᠣᠬᠣ ᠦᠬᠡᠢ ᠪᠤᠯᠵᠤ ᠶᠡᠬᠡᠳᠡ ᠴᠠᠡᠭᠭᠠᠭᠰᠠᠨ ᠬᠡᠨ᠎ᠡ ᠃ ᠲᠡᠳᠡ ᠬᠡᠭᠡᠷ ᠮᠤᠷᠢᠨ ᠪᠠᠶᠠᠡᠲᠠᠯ᠎ᠠ ᠳ᠋ᠤ ᠶᠠᠪᠤᠵᠤ ᠪᠠᠶᠢᠭᠠᠳ ᠨᠢᠭᠡᠨ ᠰᠡᠬᠦᠯ ᠳ᠋ᠤ ᠨᠢ ᠤᠷᠠᠨ ᠪᠢᠯᠵᠤᠤᠬᠠᠢ ᠡᠬᠦᠷᠯᠡᠭᠰᠡᠨ ᠭᠡᠭᠡᠷ ᠮᠤᠷᠢ ᠶ᠋ᠢ ᠤᠯᠵᠤ ᠬᠠᠷᠠᠪᠠ ᠃ ᠪᠤᠷᠨᠠᠢ ᠸᠠᠡᠭ ᠳᠤᠤᠷᠠᠬᠢ ᠬᠤᠶᠠᠭ ᠲᠠᠭᠠᠨ ᠄ 《 ᠭᠡᠭᠡᠷ ᠮᠤᠷᠢ ᠶ᠋ᠢ ᠰᠡᠮ ᠬᠡᠲᠡᠭᠡᠳ ᠶᠠᠪᠤ᠋ ᠃ ᠭᠡᠭᠡᠷ ᠮᠤᠷᠢ ᠯᠠᠪ ᠤᠰᠤ ᠲᠠᠢ ᠭᠠᠵᠠᠷ ᠬᠦᠷᠬᠦ ᠪᠤᠢ 》 ᠬᠡᠮᠡᠨ ᠵᠠᠷᠯᠢᠭ ᠪᠠᠭᠤᠯᠭᠠᠵᠠᠢ ᠃ ᠳᠤᠤᠷᠡᠬᠢ ᠬᠤᠶᠠᠷ ᠬᠤᠶᠠᠭ ᠨᠢ ᠬᠡᠬᠡᠷ ᠮᠤᠷᠢ ‍ᠢ ᠰᠡᠮ ᠰᠡᠮᠬᠡᠨ ᠬᠡᠲᠡᠵᠦ ᠶᠠᠪᠤᠭᠰᠠᠭᠠᠷ ᠡᠳᠦᠬᠡᠬᠢ ᠤᠡᠳᠤ ᠬᠦᠷᠬᠦ ᠳ᠋ᠤ ᠦᠨᠡᠭᠡᠷ ᠨᠢᠭᠡᠨ ᠲᠣᠡᠭᠭᠠᠯᠠᠭ ᠰᠠᠶᠢᠬᠠᠨ ᠨᠠᠭᠣᠷ ᠪᠠᠶᠢᠬᠤ ᠶ᠋ᠢ ᠤᠯᠵᠤ ᠬᠠᠷᠠᠵᠠᠢ ᠃ ᠲᠡᠶᠢᠨ ᠬᠦ ᠪᠤᠷᠨᠠᠢ ᠸᠠᠡᠭ ᠴᠡᠷᠢᠭ ᠤᠨᠤᠭ᠎ᠠ ᠲᠠᠢ ᠪᠠᠨ ᠤᠤᠭᠤᠬᠤ ᠤᠰᠤ ᠲᠠᠢ ᠪᠤᠯᠵᠤ ᠴᠠᠡᠭᠭᠠᠭ᠎ᠠ ᠪᠠᠨ ᠲᠠᠶᠢᠯᠤᠨ ᠠᠮᠢ ᠭᠤᠤᠯ ᠵᠠᠯᠭᠠᠭᠰᠠᠨ ᠭᠡᠨ᠎ᠡ ᠃ ᠬᠤᠵᠢᠮ ᠨᠢ ᠡᠨᠡ ᠭᠠᠵᠠᠷ ‍ᠢ ᠤᠮᠳᠠ ᠭᠡᠵᠦ ᠳᠠᠭᠤᠳᠠᠬᠤ ᠪᠤᠯᠵᠤ ᠂ ᠪᠦᠷ ᠰᠡᠬᠦᠯ ᠳ᠋ᠤ ᠨᠢ ᠤᠳᠬ᠎ᠠ ᠦᠭᠡᠷᠡᠲᠡᠭᠡᠳ ᠤᠡᠳᠤ ᠪᠤᠯᠪᠠ ᠃

ᠮᠠᠯᠳᠠᠭᠣᠷ ᠭᠠᠴᠠᠭ᠎ᠠ ᠄
ᠲᠣᠰ ᠭᠠᠴᠠᠭ᠎ᠠ ᠰᠤᠮᠤᠨ ‍ᠤ ᠵᠠᠰᠠᠭ ‍ᠤᠨ ᠤᠷᠳᠤᠨ ‍ᠤ ᠰᠠᠭᠤᠷᠢᠰᠢᠯ ᠡᠴᠠ ᠡᠮᠦᠨᠡᠰᠢ ᠬᠣᠷᠢᠨ ᠺᠢᠯᠣᠮᠸᠲ᠋ᠷ ᠵᠠᠶᠢᠲᠠᠢ ᠰᠠᠭᠤᠷᠢᠰᠢᠵᠤ ᠪᠠᠶᠢᠪᠠ ᠃ 1994 ᠣᠨ ‍ᠤ ᠦᠶᠡᠷ ‍ᠤᠨ ᠭᠠᠮᠰᠢᠭ ᠡᠴᠠ ᠪᠣᠯᠵᠣ ᠪᠦᠬᠦ ᠠᠶᠢᠯ ‍ᠢ ᠵᠠᠷᠣᠳ ᠬᠣᠰᠢᠭᠣᠨ  ᠳᠤ ᠨᠡᠬᠦᠯᠭᠡᠪᠡ ᠃ ᠵᠠᠷᠢᠮ ᠨᠢ ᠲᠤᠰ ᠭᠠᠴᠠᠭᠠᠨ ‍ᠤ ᠨᠡᠷ᠎ᠡ ᠨᠢ ᠲᠦᠯᠡᠭᠡ ᠮᠠᠯᠲᠠᠳᠠᠭ ᠮᠠᠯᠳᠠᠭᠣᠷ ᠡᠴᠠ ᠢᠷᠡᠯᠲᠡ ᠲᠠᠢ ᠭᠡᠳᠡᠭ ᠃ ᠵᠠᠷᠢᠮ ᠨᠢ ᠪᠣᠷᠨᠠᠢ ᠸᠠᠡᠭ ‍ᠤᠨ ᠴᠡᠷᠢᠭ ᠡᠨᠡ ᠭᠠᠵᠠᠷ ᠣᠯᠠᠨ ᠬᠣᠳᠳᠣᠭ ᠮᠠᠯᠳᠠᠭᠰᠠᠨ ᠡᠴᠠ ᠮᠠᠯᠳᠠᠭᠣᠷ ᠬᠡᠵᠣ ᠨᠡᠷᠡᠯᠡᠪᠡ ᠴᠤ ᠭᠡᠳᠡᠭ ᠃
ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ