ᠬᠠᠩᠳᠠᠭᠤᠳ · ᠤᠰᠤᠨᠪᠤᠳᠤᠭ ᠦᠨ︿ ︿ ᠭᠤᠷᠪᠠᠨᠬᠤᠸᠠ ﹀ ﹀ ᠨᠤᠮ ᠦᠨᠬᠤᠶᠠᠳᠤᠭᠠᠷ ᠨᠠᠶᠢᠷᠠᠭᠤᠯᠤᠯ ᠤᠨ ᠨᠢᠭᠡ ᠂ ᠬᠤᠶᠠᠳᠤᠭᠠᠷ ᠬᠡᠰᠡᠭ ‍ᠢ ᠰᠤᠩᠭᠤᠨ ᠰᠢᠯᠵᠢᠭᠦᠯᠪᠡ

ᠣᠩᠰᠢᠭᠰᠠᠨ ᠤᠳᠠᠭ᠎ᠠ ᠄ 6357     ᠨᠡᠶᠢᠳᠡᠯᠡᠭᠰᠡᠨ ᠴᠠᠭ ᠄ 2018/6/14 9:10:09

ᠬᠤᠶᠠᠳᠤᠭᠠᠷ ᠨᠠᠶᠢᠷᠠᠭᠤᠯᠤᠯ

   ᠨᠢᠭᠡ ᠂ ᠰᠤᠮᠤ ᠨᠤᠲᠤᠭ ‍ᠤᠨ ᠵᠠᠭᠠᠭ ᠬᠤᠪᠢᠶᠠᠷᠢ

ᠭᠤᠷᠪᠠᠨᠬᠤᠸᠠ ᠰᠤᠮᠤ ᠪᠤᠯ ᠲᠠᠴᠢᠨᠲᠠᠯ᠎ᠠ ᠪᠠᠯᠭᠠᠰᠤᠨ ᠡᠴᠠ ᠵᠡᠭᠦᠨᠰᠢ 40 ᠺᠢᠯᠤᠮᠧᠲ᠋ᠷ ᠵᠠᠶᠢᠲᠠᠢ ᠨᠠᠷᠢᠳ ‍ᠤᠨ ᠭᠤᠤᠯ ‍ᠤᠨ ᠡᠮᠦᠨ᠎ᠡ ᠬᠦᠪᠡᠭᠡ ᠳᠠᠭᠠᠤ ᠪᠠᠶᠢᠷᠢᠰᠢᠵᠤ ᠪᠠᠶᠢᠳᠠᠭ ᠃ ᠬᠤᠶᠢᠲᠤ ᠲᠠᠯ᠎ᠠ ᠨᠢ ᠨᠠᠷᠢᠳ ‍ᠤᠨ ᠭᠤᠤᠯ ‍ᠤᠨ ᠠᠷᠠᠯ ‍ᠢᠶ᠋ᠡᠷ ᠵᠠᠭᠠᠭ ᠪᠤᠯᠭᠠᠵᠤ ᠂ ᠡᠮᠦᠨ᠎ᠡ ᠵᠠᠬ᠎ᠠ ᠨᠢ ᠬᠦᠪᠡᠭᠡ ᠶ᠋ᠢᠨ  ᠴᠠᠭᠠᠨ᠎ᠠ ᠬᠦᠷᠳᠡᠭ ᠃ ᠬᠤᠶᠢᠰᠢ ᠤᠷᠤᠭᠰᠢ 40 ᠺᠢᠯᠤᠮᠧᠲ᠋ᠷ ᠪᠠᠶᠢᠳᠠᠭ ᠪᠢᠯᠨ ᠃ ᠵᠡᠭᠦᠨ ᠬᠦᠪᠡᠭᠡ ᠨᠢ 50 ᠺᠢᠯᠤᠮᠧᠲ᠋ᠷ ᠤᠷᠲᠤ ᠪᠠᠶᠢᠵᠤ ᠂ ᠵᠡᠭᠦᠨ ᠮᠤᠷᠤᠢ ᠶ᠋ᠢᠨ ᠵᠡᠭᠦᠨ ᠬᠤᠶᠢᠲᠤ ᠪᠡᠷᠬᠡ ᠶ᠋ᠢᠨ ᠴᠢᠨ᠋ᠸ᠎ᠠ ᠶ᠋ᠢᠨ ᠨᠦᠬᠡᠨ ᠵᠢᠯᠠᠭ᠎ᠠ ᠡᠴᠠ ᠪᠤᠷᠭᠠᠰᠤᠲᠠᠢ ᠶ᠋ᠢᠨ ᠪᠠᠷᠠᠭᠤᠨ ᠡᠮᠦᠨ᠎ᠡ ᠪᠡᠷᠬᠡ ᠶ᠋ᠢᠨ ᠫᠠᠶᠢᠰᠠ ᠶ᠋ᠢᠨ ᠤᠷᠤᠢ ᠬᠦᠷᠳᠡᠭ ᠃ ᠬᠤᠶᠢᠲᠤ ᠲᠠᠯ᠎ᠠ ᠪᠠᠷ ‍ᠢᠶ᠋ᠡᠨ ᠨᠠᠢᠮᠠᠨ ᠬᠤᠰᠢᠭᠤᠨ ᠤ ᠬᠤᠶᠠᠳᠤᠭᠠᠷ ᠲᠤᠮᠤ ᠪᠠᠯᠭᠠᠰᠤ ᠪᠤᠯᠬᠤ ᠪᠠᠶᠢᠰᠢᠩᠲᠤ ᠪᠠᠯᠭᠠᠰᠤ ᠲᠠᠢ ᠨᠠᠷᠢᠳ ‍ᠤᠨ ᠭᠤᠤᠯ ‍ᠢᠶ᠋ᠡᠷ ᠵᠠᠭᠠᠭᠯᠠᠵᠤ ᠂ ᠪᠠᠷᠠᠭᠤᠨ ᠡᠮᠦᠨ᠎ᠡ ᠲᠠᠯ᠎ᠠ ᠪᠠᠷ ‍ᠢᠶ᠋ᠡᠨ ᠬᠤᠩᠬᠤᠷᠲᠠᠯ᠎ᠠ ᠰᠤᠮᠤ ᠲᠠᠢ ᠵᠠᠬ᠎ᠠ ᠨᠡᠶᠢᠯᠡᠵᠦ ᠂ ᠪᠠᠷᠠᠭᠤᠨ ᠬᠤᠶᠢᠲᠤ ᠲᠠᠯ᠎ᠠ ᠪᠠᠷ ‍ᠢᠶ᠋ᠡᠨ ᠪᠠᠶᠠᠨᠲᠠᠯ᠎ᠠ ᠰᠤᠮᠤ ᠲᠠᠢ ᠵᠠᠬ᠎ᠠ ᠨᠡᠶᠢᠯᠡᠨ ᠂ ᠪᠠᠷᠠᠭᠤᠨ ᠲᠠᠯ᠎ᠠ ᠪᠠᠷ ‍ᠢᠶ᠋ᠡᠨ  ᠳᠠᠢᠴᠢᠨᠲᠠᠯ᠎ᠠ ᠪᠠᠯᠭᠠᠰᠤ  ᠲᠠᠢ ᠬᠦᠷᠰᠢᠯᠡᠵᠦ ᠂ ᠡᠮᠦᠨ᠎ᠡ ᠵᠠᠬ᠎ᠠ ᠪᠠᠷ ‍ᠢᠶ᠋ᠡᠨ ᠰᠢᠨᠵᠧᠨ ᠪᠠᠯᠭᠠᠰᠤ ᠲᠠᠢ ᠬᠦᠷᠰᠢᠯᠡᠳᠡᠭ ᠃ ᠵᠡᠭᠦᠨ ᠲᠠᠯ᠎ᠠ ᠪᠠ ᠵᠡᠭᠦᠨ ᠡᠮᠦᠨ᠎ᠡ ᠲᠠᠯ᠎ᠠ ᠪᠠᠷ ‍ᠢᠶ᠋ᠡᠨ ᠬᠦᠷᠢᠶ᠎ᠡ ᠬᠤᠰᠢᠭᠤᠨ ‍ᠤ ᠮᠠᠩᠬᠠᠨ ᠰᠤᠮᠤ ᠪᠤᠯᠤᠨ ᠭᠤᠷᠪᠠᠨ ᠭᠡᠷ ᠪᠠᠯᠭᠠᠰᠤ ᠲᠠᠢ ᠵᠠᠯᠭᠠᠯᠳᠤᠨ ᠂ ᠵᠡᠭᠦᠨ ᠬᠤᠶᠢᠲᠤ ᠲᠠᠯ᠎ᠠ ᠪᠠᠷ ‍ᠢᠶ᠋ᠡᠨ ᠳ᠋ᠦᠩ ᠮᠢᠩ ᠪᠠᠯᠭᠠᠰᠤ ᠲᠠᠢ ᠬᠦᠷᠰᠢᠯᠡᠵᠦ ᠪᠠᠶᠢᠳᠠᠭ ᠃ ᠪᠦᠬᠦ ᠨᠤᠲᠤᠭ ᠲᠠᠪᠢᠰᠭᠡᠷ ‍ᠤᠨ ᠵᠠᠭᠠᠭ ᠱᠤᠭᠤᠮ ᠨᠢ ᠪᠠᠷᠤᠭ 180 ᠺᠢᠯᠤᠮᠧᠲ᠋ᠷ ᠤᠷᠲᠤ ᠪᠠᠶᠢᠭ᠎ᠠ ᠪᠢᠯᠨ ᠃

ᠬᠤᠶᠠᠷ ᠂ ᠪᠠᠶᠢᠭᠠᠯᠢ ᠶ᠋ᠢᠨ ᠤᠷᠴᠢᠨ ᠠᠬᠤᠢ

ᠤᠷᠤᠨ ᠪᠠᠶᠢᠴᠠ

ᠭᠤᠷᠪᠠᠨᠬᠤᠸᠠ ᠰᠤᠮᠤ ᠪᠤᠯ ᠨᠠᠢᠮᠠᠨ ᠬᠤᠰᠢᠭᠤᠨ ᠤ ᠵᠡᠭᠦᠨ ᠡᠮᠦᠨᠡᠲᠦ ᠬᠡᠰᠡᠭ ᠂ ᠨᠠᠷᠢᠳ ‍ᠤᠨ ᠭᠤᠤᠯ ‍ᠤᠨ ᠡᠮᠦᠨ᠎ᠡ ᠡᠷᠭᠢᠨ ᠳ᠋ᠥ ᠪᠠᠶᠢᠷᠢᠯᠠᠵᠤ ᠂ ᠵᠡᠭᠦᠨ ᠤᠷᠳᠤᠷᠢᠭ ‍ᠤᠨ 120° 56᠌᠌᠌ ' 10'' -- 121°13' 05''  ᠂ ᠤᠮᠠᠷᠠᠲᠤ ᠦᠷᠭᠡᠷᠢᠭ ‍ᠤᠨ 40°48'51'' -- 43°28' 53'' ‍ᠤᠨ ᠬᠤᠭᠤᠷᠤᠨᠳᠤ ᠤᠷᠤᠰᠢᠵᠤ ᠪᠤᠢ ᠃ ᠨᠠᠢᠮᠠᠨ ᠬᠤᠰᠢᠭᠤᠨ ᠤ ᠤᠯᠤᠰ ᠲᠦᠷᠦ ᠂ ᠠᠵᠤ ᠠᠬᠤᠢ ᠂ ᠰᠤᠶᠤᠯ ‍ᠤᠨ ᠲᠦᠪ ᠪᠤᠯᠤᠭᠰᠠᠨ  ᠳᠠᠴᠢᠨᠲᠠᠯ᠎ᠠ ᠪᠠᠯᠭᠠᠰᠤᠨ ᠡᠴᠠ ᠵᠡᠭᠦᠨᠰᠢ ᠳᠦᠴᠢ ᠭᠠᠷᠤᠢ ᠭᠠᠵᠠᠷ ᠵᠠᠶᠢᠲᠠᠢ ᠃
ᠭᠤᠷᠪᠠᠨᠬᠤᠸᠠ ᠰᠤᠮᠤᠨ ᠤ ᠵᠠᠮ ᠬᠠᠷᠢᠯᠴᠠᠭ᠎ᠠ ᠳᠦᠷᠪᠡᠨ ᠵᠦᠭ ᠨᠠᠢᠮᠠᠨ ᠵᠤᠪᠬᠢᠰ ᠲᠤ ᠨᠡᠪᠲᠡᠷᠡᠵᠦ ᠪᠤᠢ ᠃ ᠡᠭᠦᠨ ᠳ᠋ᠥ 《 111 》 ᠤᠯᠤᠰ ‍ᠤᠨ ᠵᠠᠮ ᠂ ᠲᠥᠩᠯᠢᠶᠤᠤ ᠡᠴᠠ ᠤᠯᠠᠭᠠᠨᠬᠠᠳᠠ ᠬᠦᠷᠬᠦ ᠦᠨᠳᠦᠷ ᠬᠤᠷᠳᠤᠴᠠᠲᠤ ᠵᠠᠰᠠᠮᠠᠯ ᠵᠠᠮ ᠪᠦᠷ ᠡᠨᠡᠭᠦᠷ ᠦᠩᠭᠡᠷᠡᠵᠦ ᠂ ᠲᠠᠴᠢᠨᠲᠠᠯ᠎ᠠ ᠪᠤᠯᠤᠨ ᠪᠠᠶᠢᠰᠢᠩᠲᠤ ᠪᠠᠯᠭᠠᠰᠤᠨ ᠳ᠋ᠥ ᠤᠷᠤᠵᠤ ᠭᠠᠷᠬᠤ ᠬᠤᠶᠠᠷ ᠡᠭᠦᠳᠡ ᠨᠢ ᠴᠦ ᠪᠦᠷ ᠭᠤᠷᠪᠠᠨᠬᠤᠸᠠ ᠶ᠋ᠢᠨ ᠬᠢᠵᠠᠭᠠᠷ ᠲᠤ ᠪᠤᠢ ᠃ ᠡᠭᠦᠨ ᠡᠴᠠ ᠭᠠᠳᠠᠨ᠎ᠠ ᠲᠦᠩᠯᠢᠶᠤᠤ ᠡᠴᠠ ᠰᠢᠨᠵᠧᠨ ᠬᠦᠷᠬᠦ ᠂ ᠲᠦᠩᠯᠢᠶᠤᠤ ᠡᠴᠠ ᠭᠤᠷᠪᠠᠨᠬᠤᠸᠠ ᠬᠦᠷᠬᠦ ᠠᠶᠠᠨᠴᠢᠳ ‍ᠤᠨ ᠮᠠᠰᠢᠨ ᠡᠳᠦᠷ ᠪᠦᠷᠢ ᠨᠡᠪᠲᠡᠷᠡᠳᠡᠭ ᠪᠦᠭᠡᠳ  ᠲᠠᠴᠢᠨᠲᠠᠯ᠎ᠠ ᠡᠴᠠ ᠨᠠᠷᠢᠨ ᠬᠦᠷᠬᠦ ᠂ ᠭᠤᠷᠪᠠᠨᠬᠤᠸᠠ ᠡᠴᠠ ᠴᠤᠭᠲᠠᠢ ᠬᠦᠷᠬᠦ ᠵᠠᠰᠠᠮᠠᠯ ᠵᠠᠮ ‍ᠢᠶ᠋ᠡᠷ ᠴᠦ ᠠᠶᠠᠨᠴᠢᠳ ‍ᠤᠨ ᠮᠠᠰᠢᠨ ᠲᠡᠷᠭᠡ ᠡᠳᠦᠷᠵᠢᠨ ᠨᠡᠪᠲᠡᠷᠡᠵᠦ ᠂ ᠪᠦᠬᠦ ᠰᠤᠮᠤᠨ ᠤ ᠭᠠᠴᠠᠭ᠎ᠠ ᠪᠤᠯᠭᠠᠨ ‍ᠢᠶ᠋ᠡᠷ ᠴᠠᠷᠳᠠᠮᠠᠯ ᠵᠠᠮ ᠪᠤᠶᠤ ᠬᠠᠶᠢᠷ ᠴᠢᠯᠠᠭᠤᠨ ᠵᠠᠮ ᠨᠡᠪᠲᠡᠷᠡᠳᠡᠭ ᠃
ᠪᠦᠬᠦ ᠰᠤᠮᠤ ᠪᠠᠷ ‍ᠢᠶ᠋ᠡᠨ ᠨᠡᠶᠢᠲᠡ 123 ᠲᠦᠮᠡᠨ ᠮᠦ ᠨᠤᠲᠤᠭ ᠳᠡᠪᠢᠰᠭᠡᠷ ᠲᠠᠢ ᠂ 22 ᠵᠠᠰᠠᠭ ᠵᠠᠬᠢᠷᠭᠠᠨ ᠤ ᠭᠠᠴᠠᠭ᠎ᠠ ᠂ 40 ᠲᠤᠰᠬᠤᠨ ᠂ 568 ᠡᠷᠦᠬᠡ ᠂ 14600 ᠬᠦᠮᠦᠨ ᠠᠮᠠ ᠲᠠᠢ ᠪᠦᠭᠡᠳ ᠮᠤᠩᠭᠤᠯ ᠦᠨᠳᠦᠰᠦᠲᠡᠨ ‍ᠢᠶ᠋ᠡᠷ ᠭᠤᠤᠯ ᠪᠤᠯᠭᠠᠭᠰᠠᠨ ᠬᠢᠲᠠᠳ ᠂ ᠮᠠᠨᠵᠤ ᠂ ᠬᠤᠲᠤᠩ ᠦᠨᠳᠦᠰᠦᠲᠡᠨ ᠬᠤᠯᠢᠯᠳᠤᠨ ᠰᠠᠭᠤᠷᠢᠰᠢᠵᠤ ᠪᠠᠶᠢᠭ᠎ᠠ ᠴᠦᠬᠡᠨ ᠲᠤᠭᠠᠲᠤ ᠦᠨᠳᠦᠰᠦᠲᠡᠨ ᠤ ᠤᠷᠤᠨ ᠶᠤᠮ ᠃ ᠡᠬᠦᠨ ᠳ᠋ᠤ ᠮᠤᠩᠭᠤᠯ ᠦᠨᠳᠦᠰᠦᠲᠡᠨ 93% ᠶ᠋ᠢ ᠡᠵᠡᠯᠡᠵᠦ ᠪᠠᠶᠢᠭ᠎ᠠ ᠪᠢᠯᠨ ᠃

ᠭᠠᠵᠠᠷ ‍ᠤᠨ ᠭᠠᠳᠠᠷᠭᠤ ᠪᠠ ᠪᠦᠲᠦᠴᠡ

ᠭᠤᠷᠪᠠᠨᠬᠤᠸᠠ ᠰᠤᠮᠤ ᠶ᠋ᠢᠨ ᠭᠠᠵᠠᠷ ᠨᠤᠲᠤᠭ ᠶᠡᠷᠦᠩᠬᠡᠢ ᠳ᠋ᠡᠭᠡᠨ ᠡᠮᠦᠨᠡᠲᠦ ᠬᠡᠰᠡᠭ ᠨᠢ ᠡᠯᠡᠰᠦ ᠮᠠᠩᠬ᠎ᠠ ᠂ ᠳᠤᠪᠤ᠋ ᠳᠤᠪᠤᠷᠴᠠᠭ ᠂ ᠠᠯᠭᠠᠭ ᠵᠢᠯᠠᠭ᠎ᠠ ᠪᠠᠶᠢᠵᠤ ᠂ ᠬᠤᠶᠢᠲᠤ ᠬᠡᠰᠡᠭ ᠨᠢ ᠲᠠᠯ᠎ᠠ  ᠵᠤ ᠪᠠᠷ ᠭᠤᠤᠯᠯᠠᠨ ᠂ ᠳᠤᠪᠤ᠋ ᠳᠤᠪᠤᠴᠠᠭ ᠠᠯᠠᠭᠯᠠᠨ ᠲᠠᠷᠬᠠᠭᠰᠠᠨ  ᠶᠤᠮ ᠃ ᠳᠡᠭᠡᠷ᠎ᠡ ᠵᠠᠭᠤᠨ ᠤ ᠲᠠᠪᠢᠭᠠᠳ ᠤᠨ ᠤ ᠦᠶ᠎ᠡ ᠪᠠᠷ ᠡᠡᠳᠡᠬᠢ ᠡᠯᠡᠰᠦᠨ ᠳᠤᠪᠤ᠋ ᠳᠤᠪᠤᠷᠴᠠᠭ ᠢᠭᠴᠤ ᠰᠠᠬᠤᠯᠠᠭ ᠤᠢ ᠮᠤᠳᠤ ᠂ ᠪᠤᠲᠠ ᠪᠤᠷᠭᠠᠰᠤᠨ ᠳ᠋ᠤ ᠬᠤᠴᠢᠭᠳᠠᠨ ᠂ ᠬᠡᠭᠡᠷ᠎ᠡ ᠶ᠋ᠢᠨ ᠠᠩ ᠠᠷᠢᠶᠠᠲᠠᠨ ᠰᠦᠷᠦᠭᠯᠡᠵᠦ ᠂ ᠵᠢᠭᠦᠷᠲᠡᠨ ᠰᠢᠪᠠᠭᠤᠳ ᠳᠤᠩᠭᠤᠳᠤᠨ ᠵᠢᠷᠭᠢᠭᠰᠡᠨ ᠂ ᠲᠠᠯ᠎ᠠ ᠵᠤ ᠪᠠᠷ ᠨᠢ ᠨᠠᠭᠤᠷ ᠪᠦᠷᠢᠳᠦ ᠲᠡᠷᠬᠠᠨ ᠂ ᠵᠢᠭᠡᠰᠦ ᠬᠤᠯᠤᠰᠤ ᠵᠢᠭᠳᠡᠷᠡᠵᠦ ᠂ ᠵᠢᠭᠠᠰᠤ ᠵᠢᠷᠭᠠᠬᠠᠢ ᠵᠢᠷᠢᠯᠵᠡᠨ ᠴᠤᠯᠭᠢᠭᠰᠠᠨ ᠦᠵᠡᠮᠵᠢᠲᠦ ᠰᠠᠶᠢᠬᠠᠨ ᠨᠤᠲᠤᠭ ᠪᠠᠶᠢᠵᠠᠢ ᠃ ᠬᠠᠪᠤᠷ ᠵᠤᠨ ᠨᠠᠮᠤᠷ ‍ᠤᠨ ᠤᠯᠠᠷᠢᠯ ᠳ᠋ᠠᠭᠠᠨ ᠡᠨᠳᠡᠬᠢ ᠪᠠᠶᠢᠭᠠᠯᠢ ᠶ᠋ᠢᠨ ᠦᠵᠡᠮᠵᠢ ᠡᠲᠡᠭᠡᠳ ᠭᠤᠶᠤ ᠰᠠᠶᠢᠬᠠᠨ ᠪᠠᠶᠢᠵᠤ ᠂ ᠡᠯᠡᠰᠦᠨ ᠳᠤᠪᠤ᠋ ᠶ᠋ᠢᠨ ᠤᠷᠤᠢ ᠬᠠᠵᠠᠭᠤ ᠪᠠᠷ ᠤᠳᠠ ᠬᠠᠶᠢᠯᠠᠰᠤ ᠰᠦᠭᠯᠦᠶᠢᠵᠦ ᠂ ᠲᠠᠯ᠎ᠠ  ᠵᠤ ᠪᠠᠷ ᠨᠢ ᠲᠠᠪᠤᠨ ᠲᠠᠷᠢᠶ᠎ᠠ ᠬᠠᠯᠢᠭᠤᠷᠠᠨ ᠂ ᠲᠠᠩᠰᠤᠭ ᠰᠦᠷᠦᠭ ᠪᠡᠯᠴᠢᠵᠦ ᠂ ᠦᠨᠡᠬᠡᠷ ᠄ 《 ᠲᠡᠭᠷᠢ ᠲᠡᠨᠡᠶᠢᠮ᠎ᠡ ᠬᠦᠬᠡᠷᠡᠨ ᠂ ᠭᠠᠵᠠᠷ ᠨᠡᠯᠦᠶᠢᠮ᠎ᠡ ᠤᠭᠶᠤᠷᠠᠵᠤ ᠂ ᠦᠭᠭᠢᠶᠡᠮᠦᠷ ᠰᠠᠯᠬᠢ  ᠰᠡᠪᠡᠯᠵᠡᠬᠦᠶ᠎ᠡ ᠂ ᠦᠬᠡᠷ ᠬᠤᠨᠢᠳ ᠢᠷᠠᠯᠵᠠᠬᠤ 》 ᠵᠢᠷᠤᠭ ‍ᠢ ᠰᠠᠨᠠᠭᠳᠠᠭᠤᠯᠤᠮᠠᠷ ᠪᠠᠶᠢᠭᠰᠠᠨ ᠠᠵᠢ ᠃

ᠠᠭᠤᠷ ᠠᠮᠢᠰᠬᠤᠯ

ᠭᠤᠷᠪᠠᠨᠬᠤᠸᠠ ᠰᠤᠮᠤ ᠨᠢ ᠤᠮᠠᠷᠠᠲᠤ ᠰᠡᠷᠢᠭᠦᠨ ᠪᠦᠰᠡᠨ ᠤ ᠡᠬᠡ ᠬᠠᠭᠤᠷᠠᠢ ᠶ᠋ᠢᠨ ᠤᠯᠠᠷᠢᠯ ‍ᠤᠨ ᠰᠠᠯᠬᠢᠨ ᠤ ᠤᠷᠤᠨ ᠤ ᠬᠠᠭᠠᠰ ᠭᠠᠩ ᠬᠠᠭᠤᠷᠠᠢ ᠠᠭᠤᠷ ᠠᠮᠢᠰᠬᠤᠯ ᠳ᠋ᠥ ᠪᠠᠭᠲᠠᠨ᠎ᠠ ᠃
ᠵᠢᠯ ‍ᠤᠨ ᠠᠭᠠᠷ ‍ᠤᠨ ᠳᠤᠯᠠᠭᠠᠨ ᠤ ᠬᠡᠮᠵᠢᠶ᠎ᠡ ᠲᠡᠭᠰᠢᠳᠭᠡᠭᠡᠳ6.0 -- 6.5℃ ᠪᠠᠶᠢᠵᠤ ᠂ ᠵᠢᠯ ‍ᠤᠨ ᠲᠤᠨᠤᠳᠠᠰᠤᠨ ᠤ ᠬᠡᠮᠵᠢᠶ᠎ᠡ ᠨᠢ ᠲᠡᠭᠰᠢᠳᠭᠡᠭᠡᠳ 366 ᠮᠢᠯᠢᠮᠧᠲ᠋ᠷ ᠪᠠᠶᠢᠳᠠᠭ ᠃ ᠡᠪᠦᠯ ‍ᠤᠨ ᠤᠯᠠᠷᠢᠯ ᠳ᠋ᠥ ᠤᠯᠠᠩᠬᠢ ᠳ᠋ᠠᠭᠠᠨ ᠪᠠᠷᠠᠭᠤᠨ ᠬᠤᠶᠢᠨ᠎ᠠ ᠡᠴᠠ ᠰᠠᠯᠬᠢᠯᠠᠵᠤ ᠂ ᠬᠠᠪᠤᠷ ‍ᠤᠨ ᠤᠯᠠᠷᠢᠯ ᠳ᠋ᠥ ᠤᠯᠠᠩᠬᠢ ᠳ᠋ᠠᠭᠠᠨ ᠪᠠᠷᠠᠭᠤᠨ ᠡᠮᠦᠨ᠎ᠡ ᠡᠴᠠ ᠰᠠᠯᠬᠢᠯᠠᠳᠠᠭ ᠃ ᠵᠢᠯ ‍ᠤᠨ ᠰᠠᠯᠬᠢᠨ ᠤ ᠬᠤᠷᠳᠤᠴᠠ ᠲᠡᠭᠰᠢᠳᠭᠡᠭᠡᠳ 3.6 -- 4.1 ᠮᠧᠲ᠋ᠷ/ ᠰᠸᠺᠦ᠋ᠨ᠋ᠲ ᠪᠠᠶᠢᠵᠤ ᠂ ᠵᠢᠯ ‍ᠤᠨ ᠬᠢᠷᠠᠭᠤ ᠦᠭᠡᠢ ᠬᠤᠭᠤᠴᠠᠭ᠎ᠠ  150 ᠡᠳᠦᠷ ᠤᠷᠴᠢᠮ ᠂ ᠵᠢᠯ ‍ᠤᠨ ᠨᠠᠷᠠᠨ ᠤ ᠲᠤᠰᠤᠯᠲᠠ ᠶ᠋ᠢᠨ ᠬᠡᠮᠵᠢᠶ᠎ᠡ  2946 ᠴᠠᠭ ᠪᠠᠶᠢᠳᠠᠭ ᠃

ᠬᠦᠷᠦᠰᠦ ᠰᠢᠷᠤᠢ

ᠤᠯᠠᠨ ᠵᠠᠭᠤᠨ ᠤ ᠲᠤᠷᠰᠢ ᠨᠠᠷᠢᠳ ‍ᠤᠨ ᠭᠤᠤᠯ ‍ᠤᠨ ᠤᠷᠤᠰᠬᠠᠨ ᠠᠪᠴᠢᠷᠠᠭᠰᠠᠨ ᠦᠩ ᠰᠢᠮᠡᠯᠢᠭ ᠬᠠᠷ᠎ᠠ ᠬᠦᠷᠦᠰᠦ ᠪᠤᠯᠤᠨ ᠡᠬᠡ ᠪᠠᠶᠢᠭᠠᠯᠢ ᠡᠴᠠ ᠢᠪᠡᠭᠡᠭᠰᠡᠨ ᠮᠠᠩᠬᠠᠯᠢᠭ ᠬᠦᠷᠦᠰᠦ ᠨᠢ ᠭᠤᠷᠪᠠᠨᠬᠤᠸᠠ ᠨᠤᠲᠤᠭ ‍ᠤᠨ ᠬᠦᠷᠦᠰᠦ ᠰᠢᠷᠤᠢ ᠶ᠋ᠢᠨ ᠭᠤᠤᠯ ᠪᠦᠷᠢᠯᠳᠦᠬᠦᠨ ᠪᠠᠶᠢᠭ᠎ᠠ ᠶᠤᠮ ᠃ ᠡᠶᠢᠮᠦᠷᠬᠦᠦ ᠬᠦᠷᠦᠰᠦᠨ ᠳ᠋ᠥ ᠡᠨᠳᠡᠬᠢ ᠠᠭᠤᠷ ᠠᠮᠢᠰᠬᠤᠯ ᠳ᠋ᠥ ᠵᠤᠬᠢᠴᠠᠬᠤ ᠤᠯᠠᠨ ᠵᠦᠢᠯ ‍ᠤᠨ ᠤᠷᠭᠤᠮᠠᠯ ᠪᠤᠳᠠᠰ ᠬᠦᠪᠦᠷᠡᠨ ᠰᠤᠶᠤᠭᠠᠯᠠᠵᠤ ᠂ ᠬᠦᠪᠴᠢᠷᠡᠨ ᠨᠤᠭᠤᠭᠠᠷᠠᠳᠠᠭ ᠡᠴᠠ ᠤᠯᠠᠨ ᠵᠦᠢᠯ ‍ᠤᠨ ᠲᠠᠷᠢᠮᠠᠯ ᠡᠵᠡᠩᠨᠡᠬᠦ ᠲᠤᠬᠢᠲᠠᠢ ᠪᠠᠶᠢᠳᠠᠭ ᠃

ᠪᠠᠶᠢᠭᠠᠯᠢ ᠶ᠋ᠢᠨ ᠡᠬᠢ ᠪᠠᠶᠠᠯᠢᠭ

ᠭᠤᠷᠪᠠᠨᠬᠤᠸᠠ ᠰᠤᠮᠤᠨ ᠤ ᠪᠠᠶᠢᠭᠠᠯᠢ ᠶ᠋ᠢᠨ ᠡᠬᠢ ᠪᠠᠶᠠᠯᠢᠭ ᠲᠤᠩ ᠡᠯᠪᠡᠭ ᠪᠠᠶᠠᠯᠢᠭ ᠪᠠᠶᠢᠳᠠᠭ ᠃ ᠭᠠᠵᠠᠷ ᠨᠤᠲᠤᠭ ᠦᠷᠭᠡᠨ ᠠᠭᠤᠳᠠᠮ ᠂ ᠬᠦᠮᠦᠨ ᠠᠮᠠ ᠬᠠᠷᠢᠴᠠᠩᠭᠤᠢ ᠪᠠᠷ ᠴᠦᠬᠡᠨ ᠪᠠᠶᠢᠳᠠᠭ ᠡᠴᠠ ᠬᠦᠮᠦᠨ ᠪᠦᠷᠢ ᠳ᠋ᠥ ᠨᠤᠭᠳᠠᠬᠤ ᠭᠠᠵᠠᠷ ᠰᠢᠷᠤᠢ ᠶ᠋ᠢᠨ ᠲᠠᠯᠠᠪᠠᠢ ᠨᠢ 90 ᠮᠦ ᠳ᠋ᠥ ᠬᠦᠷᠳᠡᠭ ᠃ ᠡᠯᠡᠰᠦ ᠮᠠᠩᠬ᠎ᠠ ᠠᠷᠪᠢᠨ ᠪᠤᠯᠬᠤᠷ ᠲᠤᠭᠤᠰᠬ᠎ᠠ ᠬᠢᠬᠦ ᠂ ᠰᠢᠯ ᠦᠢᠯᠡᠳᠪᠦᠷᠢᠯᠡᠬᠦ ᠲᠦᠭᠦᠬᠡᠢ ᠮᠠᠲ᠋ᠧᠷᠢᠶᠠᠯ ᠡᠯᠪᠡᠭ ᠪᠠᠶᠠᠯᠢᠭ ᠪᠠᠶᠢᠳᠠᠭ ᠪᠢᠯᠨ ᠃ ᠡᠨᠳᠡᠬᠢ ᠴᠠᠬᠢᠭᠤᠷ ᠡᠯᠡᠰᠦᠨ ᠤ ᠭᠠᠷᠤᠯᠲᠠ ᠲᠤᠩ ᠪᠠᠶᠠᠯᠢᠭ ᠪᠠᠶᠢᠵᠤ ᠂ ᠵᠠᠮ ᠬᠠᠷᠢᠯᠴᠠᠭ᠎ᠠ ᠳᠦᠭᠦᠮ ᠪᠤᠯᠬᠤᠷ ᠨᠡᠭᠡᠭᠡᠨ ᠠᠰᠢᠭᠯᠠᠬᠤ ᠪᠤᠯᠤᠮᠵᠢ ᠢᠯᠡᠬᠦᠳᠡᠢ ᠪᠠᠶᠢᠳᠠᠭ ᠃ ᠳᠤᠪᠤ᠋ ᠮᠠᠩᠬ᠎ᠠ ᠪᠠᠷ ᠬᠤᠪᠤᠷ ᠦᠨᠡᠲᠦ ᠡᠮ ‍ᠤᠨ ᠮᠠᠲ᠋ᠧᠷᠢᠶᠠᠯ ᠪᠤᠯᠬᠤ ᠵᠡᠭᠡᠷᠭᠡᠨ᠎ᠡ ᠰᠠᠶᠢᠨ ᠤᠷᠭᠤᠳᠠᠭ ᠃ ᠮᠠᠩᠬᠠᠨ ᠭᠠᠵᠠᠷ ᠤᠯᠠᠨ ᠪᠤᠯᠬᠤᠷ ᠭᠠᠵᠠᠷ ᠳᠤᠤᠷᠠᠬᠢ ᠤᠰᠤᠨ ᠤ ᠬᠠᠳᠠᠭᠠᠯᠠᠮᠵᠢ ᠡᠯᠪᠡᠭ ᠪᠠᠶᠢᠵᠤ ᠂ ᠤᠯᠠᠨ ᠵᠦᠢᠯ ‍ᠤᠨ ᠤᠷᠭᠤᠮᠠᠯ ᠂ ᠡᠪᠡᠰᠦ ᠪᠤᠷᠳᠤᠭ᠎ᠠ ᠲᠠᠷᠢᠵᠤ ᠡᠵᠡᠩᠨᠡᠬᠦ ᠳ᠋ᠥ ᠠᠰᠢᠭᠲᠠᠢ ᠃ ᠰᠠᠯᠬᠢᠨ ᠬᠦᠴᠦᠨ ᠤ ᠡᠬᠢ ᠪᠠᠶᠠᠯᠢᠭ ᠲᠦᠢᠯ ‍ᠤᠨ ᠡᠯᠪᠡᠭ ᠪᠠᠶᠠᠯᠢᠭ ᠪᠤᠯᠬᠤᠷ ᠰᠠᠯᠬᠢᠨ ᠬᠦᠴᠦᠨ ᠤ ᠴᠢᠬᠢᠯᠭᠠᠨ ᠭᠠᠷᠭᠠᠬᠤ ᠨᠦᠭᠦᠴᠡᠯ ᠲᠤᠩ ᠰᠠᠶᠢᠨ ᠪᠠᠶᠢᠳᠠᠭ ᠃
ᠲᠣᠰ ᠨᠣᠳᠣᠭ ‍ᠤᠨ ᠪᠠᠶᠢᠭᠠᠯᠢ ᠶ᠋ᠢᠨ ᠣᠢ ᠰᠢᠭᠣᠢ ᠨᠢ ᠲᠦᠷᠣᠯ ᠵᠣᠶᠢᠯ ᠤᠯᠠᠡᠲᠠᠢ ᠃ ᠲᠤᠬᠠᠶᠢᠯᠠᠪᠠᠯ ᠣᠳᠠ ( ᠪᠦᠭᠲᠦᠷ ᠣᠳᠠ ) ᠂ ᠬᠠᠶᠢᠯᠠᠰᠤ ᠂ ᠤᠯᠢᠶᠠᠰᠤ ᠂ ᠬᠦᠢᠯᠡᠰᠦ ( ᠬᠠᠷᠬᠢᠯ ) ᠂ ᠢᠯᠠᠮ᠎ᠠ ᠂ ᠶᠠᠰᠢᠯ ᠂ ᠡᠮᠡᠭᠡᠨ ᠴᠠᠭᠠᠨ ᠂ ᠰᠣᠬᠠᠢ ᠂ ᠲᠠᠣᠯᠠᠢ ᠶ᠋ᠢᠨ ᠪᠦᠬᠡᠷ᠎ᠡ ᠵᠡᠷᠭᠡ ᠮᠤᠳᠤ ᠪᠤᠢ ᠃ ᠪᠠᠶᠢᠭᠠᠯᠢᠯᠢᠭ ᠤᠢ ᠰᠢᠭᠤᠢ ᠶ᠋ᠢᠨ ᠲᠠᠯᠠᠪᠠᠢ 18. 8 ᠲᠦᠮᠡᠨ  ᠮᠦ  ᠪᠠᠶᠢᠳᠠᠭ ᠃ ᠪᠠᠶᠢᠭᠠᠯᠢᠯᠢᠭ ᠮᠤᠳᠤᠨ ‍ᠤ ᠭᠣᠣᠯ ᠨᠢ ᠣᠳᠠ ᠪᠠᠶᠢᠭ᠎ᠠ ᠶᠤᠮ ᠃ ᠮᠠᠩᠬ᠎ᠠ ᠵᠢᠯᠠᠭ᠎ᠠ ᠪᠠᠷ ᠰᠢᠷ᠎ᠠ ᠪᠤᠷᠭᠠᠰᠦ ᠰᠠᠬᠤᠯᠠᠭ ᠤᠷᠭᠤᠳᠠᠭ ᠪᠤᠯᠬᠤᠷ  ᠪᠤᠷᠭᠠᠰᠤᠨ ᠭᠦᠷᠦᠮᠡᠯ ‍ᠤᠨ ᠦᠢᠯᠡᠰ ‍ᠢ ᠬᠦᠭᠵᠢᠬᠦᠯᠵᠦ ᠪᠤᠳᠤᠳᠠᠭ ᠃
ᠮᠤᠩᠭᠤᠯ ᠦᠨᠳᠦᠰᠦᠲᠡᠨ ᠲᠦᠪᠯᠡᠷᠡᠨ ᠰᠠᠭᠤᠷᠢᠰᠢᠭᠰᠠᠨ ᠤᠷᠤᠨ ᠪᠤᠯᠬᠤᠷ ᠦᠨᠳᠦᠰᠦᠲᠡᠨ ᠤ ᠤᠨᠴᠠᠯᠢᠭ ᠪᠦᠬᠦᠢ ᠨᠠᠭᠠᠳᠤᠮ ‍ᠤᠨ ᠶᠡᠬᠡ ᠬᠤᠷᠠᠯ ᠂ ᠤᠪᠤᠭᠠᠨ ‍ᠤ ᠲᠠᠬᠢᠯᠭ᠎ᠠ ᠵᠠᠯᠭ᠎ᠠ ᠶᠠᠪᠤᠭᠳᠠᠵᠤ ᠂ ᠵᠤᠭᠠᠴᠠᠯ ‍ᠤᠨ ᠦᠢᠯᠡᠰ ᠶᠠᠪᠤᠬᠤ ᠳᠤᠲᠤᠮ ᠬᠦᠭᠵᠢᠩᠭᠦᠢ ᠪᠤᠯᠵᠤ ᠪᠤᠢ ᠃ ᠤᠯᠤᠰ ‍ᠤᠨ ᠳᠤᠲᠤᠭᠠᠳᠤ ᠭᠠᠳᠠᠭᠠᠳᠤ ᠳ᠋ᠥ ᠠᠯᠳᠠᠷᠰᠢᠭᠰᠠᠨ ᠨᠠᠢᠮᠠᠨ ᠨᠤᠲᠤᠭ ‍ᠤᠨ ᠤᠨᠴᠠᠭᠠᠢ ᠦᠵᠡᠮᠵᠢ ᠪᠤᠯᠬᠤ ᠨᠠᠢᠮᠠᠨ ᠤ ᠪᠦᠭᠲᠦᠷ ᠤᠳᠠ ᠨᠢ ᠭᠤᠷᠪᠠᠨᠬᠤᠸᠠ ᠨᠤᠲᠤᠭ  ᠲᠤ  ᠭᠠᠵᠠᠷ ᠰᠠᠢ ᠦᠭᠡᠢ ᠲᠦᠭᠡᠵᠦ ᠂ ᠡᠲᠡᠭᠡᠳ ᠰᠡᠪᠡᠭᠦᠬᠡᠨ ᠳᠦᠷᠢ ᠳᠦᠷᠬᠦ ᠪᠠᠷ ‍ᠢᠶ᠋ᠡᠨ ᠪᠠᠶᠢᠭᠠᠯᠢ ᠶᠢᠷᠲᠢᠨᠴᠦ ᠶ᠋ᠢᠨ ᠭᠠᠶᠢᠬᠠᠮᠰᠢᠭ ‍ᠢ ᠢᠯᠡᠷᠡᠭᠦᠯᠦᠨ ᠂ ᠨᠠᠢᠮᠠᠨ ᠵᠦᠭ ‍ᠤᠨ ᠵᠢᠭᠤᠯᠴᠢᠳ ‍ᠤᠨ ᠪᠠᠬᠠᠷᠬᠠᠯ ‍ᠢ ᠲᠠᠲᠠᠵᠤ ᠪᠠᠶᠢᠳᠠᠭ ᠃

ᠪᠠᠶᠢᠭᠠᠯᠢ ᠶ᠋ᠢᠨ ᠭᠠᠢ ᠭᠠᠮᠰᠢᠭ

ᠰᠠᠯᠬᠢᠨ ᠤ ᠠᠶᠤᠯ ᠂ ᠭᠠᠩ ᠬᠠᠭᠰᠠᠷᠭᠠᠨ ᠂ ᠦᠶᠡᠷ ᠤᠰᠤᠳᠤᠯ ᠂ ᠮᠦᠨᠳᠦᠷ ‍ᠤᠨ ᠭᠠᠮᠰᠢᠭ ᠂ ᠡᠯᠡᠰᠦᠷᠬᠡᠭᠵᠢᠯ ᠨᠢ ᠭᠤᠷᠪᠠᠨᠬᠤᠸᠠ ᠰᠤᠮᠤᠨ ᠳ᠋ᠥ ᠦᠷᠭᠦᠯᠵᠢ ᠲᠤᠬᠢᠶᠠᠯᠳᠤᠳᠠᠭ ᠪᠠᠶᠢᠭᠠᠯᠢ ᠶ᠋ᠢᠨ ᠭᠠᠢ ᠭᠠᠮᠰᠢᠭ ᠶᠤᠮ ᠃ ᠲᠡᠳᠡᠭᠡᠷ ᠨᠢ ᠮᠠᠯᠴᠢᠨ ᠲᠠᠷᠢᠶᠠᠴᠢᠳ ‍ᠤᠨ ᠠᠮᠢᠳᠤᠷᠠᠯ ᠦᠢᠯᠡᠳᠪᠦᠷᠢᠯᠡᠯ ‍ᠢ ᠦᠷᠭᠦᠯᠵᠢ ᠬᠦᠨᠳᠦ ᠨᠤᠴᠢᠲᠠᠢ ᠡᠪᠳᠡᠨ ᠳᠠᠯᠬᠢᠳᠠᠳᠠᠭ ᠃
ᠬᠤᠷᠢᠳᠤᠭᠠᠷ ᠵᠠᠭᠤᠨ ᠤ ᠳᠠᠯᠠᠭᠠᠳ ᠤᠨ ᠡᠴᠠ ᠨᠠᠭᠠᠰᠢ ᠭᠤᠷᠪᠠᠨᠬᠤᠸᠠ ᠰᠤᠮᠤ ᠶ᠋ᠢᠨ ᠬᠦᠮᠦᠨ ᠠᠮᠠ ᠪᠠ ᠮᠠᠯ ᠰᠦᠷᠦᠭ ‍ᠤᠨ ᠨᠡᠮᠡᠭᠳᠡᠯ ᠂ ᠠᠮᠢᠳᠤᠷᠠᠯ ‍ᠤᠨ ᠠᠷᠭ᠎ᠠ ᠬᠡᠯᠪᠡᠷᠢ ᠪᠤᠯᠤᠨ ᠦᠢᠯᠡᠳᠪᠦᠷᠢᠯᠡᠯ ‍ᠤᠨ ᠠᠷᠭ᠎ᠠ ᠬᠡᠯᠪᠡᠷᠢ ᠬᠤᠴᠤᠷᠤᠡᠭᠭᠤᠢ ᠡᠴᠠ ᠪᠤᠯᠵᠤ ᠂ ᠮᠠᠯ ᠰᠦᠷᠦᠭ ᠢᠶᠡᠨ ᠳᠤᠷ᠎ᠠ ᠪᠠᠷ ᠲᠠᠯᠪᠢᠬᠤ ᠂ ᠳᠤᠷ᠎ᠠ ᠪᠠᠷ ᠶᠡᠬᠡ ᠬᠡᠮᠵᠢᠶ᠎ᠡ ᠪᠠᠷ ᠠᠲᠠᠷ ᠬᠠᠭᠠᠯᠪᠤᠷᠢᠯᠠᠨ ᠲᠠᠷᠢᠶᠠᠯᠠᠭᠰᠠᠨ  ᠵᠡᠷᠭᠡ ᠡᠴᠠ ᠪᠤᠯᠵᠤ ᠂ ᠭᠠᠵᠠᠷ ᠨᠤᠲᠤᠭ ᠡᠯᠡᠰᠦᠷᠬᠡᠭᠵᠢᠬᠦ ᠪᠠᠶᠢᠳᠠᠯ ᠰᠢᠷᠦᠭᠦᠰᠴᠦ ᠂ ᠪᠦᠬᠦ ᠰᠤᠮᠤᠨ ᠤ ᠶᠡᠬᠡᠩᠬᠡᠢ ᠬᠡᠰᠡᠭ ᠭᠠᠵᠠᠷ ᠤᠷᠤᠨ ᠨᠢ ᠪᠦᠷ ᠨᠡᠭᠦᠳᠡᠯ ᠡᠯᠡᠰᠦ ᠬᠤᠪᠢᠯᠵᠤ ᠂ ᠦᠨᠳᠦᠷ ᠭᠠᠵᠠᠷ ᠨᠢ ᠮᠠᠩᠬ᠎ᠠ ᠤᠪᠤᠭᠠᠷᠠᠨ ᠬᠡᠶᠢᠰᠴᠦ ᠂ ᠨᠠᠮ ᠳᠤᠤᠷ᠎ᠠ ᠭᠠᠵᠠᠷ ᠨᠢ ᠲᠤᠨᠤᠮᠠᠯ ᠨᠠᠭᠤᠷ ᠨᠡᠯᠦᠶᠢᠭᠡᠳ ᠂ ᠮᠠᠯᠴᠢᠨ ᠲᠠᠷᠢᠶᠠᠴᠢᠳ ‍ᠤᠨ ᠠᠮᠢᠳᠤᠷᠠᠯ ᠦᠢᠯᠡᠳᠪᠦᠷᠢᠯᠡᠯ ᠳ᠋ᠥ ᠲᠤᠩ ᠶᠡᠬᠡ ᠬᠤᠬᠢᠷᠠᠯ ᠰᠦᠢᠲᠦᠯ ᠪᠤᠯᠵᠤ ᠪᠠᠶᠢᠭᠰᠠᠨ ᠶᠤᠮ ᠃
ᠴᠢᠯᠦᠭᠡᠯᠡᠭᠳᠡᠭᠰᠡᠨ ᠡᠴᠠ ᠨᠠᠭᠠᠰᠢᠬᠢ ᠨᠠᠢᠮᠠᠨ ᠬᠣᠰᠢᠭᠣᠨ ‍ᠤ ᠲᠡᠣᠭᠡᠨ ᠲᠡᠮᠳᠡᠭᠯᠡᠯ ‍ᠢ ᠦᠨᠳᠣᠰᠣᠯᠡᠪᠡᠯ ᠄ 1949 ᠂ 1954 ᠂ 1957 ᠂ 1962 ᠂ 1994 ᠣᠨ ᠪᠣᠯ ᠨᠠᠷᠢᠳ ‍ᠤᠨ ᠭᠣᠣᠯ ᠵᠡᠷᠭᠡ ᠬᠣᠶᠠᠷ ᠡᠴᠠ ᠲᠡᠭᠡᠭᠰᠢᠬᠢ ᠭᠣᠣᠯ ᠮᠦᠷᠡᠨ ᠶᠡᠬᠡ ᠪᠠᠷ ᠦᠶᠡᠷᠯᠡᠭᠰᠡᠨ ᠵᠢᠯ ‍ᠤᠳ ᠠᠵᠢ ᠃ ᠡᠭᠦᠨ ᠳ᠋ᠥ ᠭᠣᠷᠪᠠᠨᠬᠣᠸᠠ ᠨᠣᠳᠣᠭ ᠲᠦᠷᠪᠡ ᠣᠳᠠᠭ᠎ᠠ ᠦᠶᠡᠷ ‍ᠤᠨ ᠭᠠᠮᠰᠢᠭ  ᠲᠤ ᠳᠠᠭᠠᠷᠢᠭᠳᠠᠪᠠ ᠃ ᠳᠠᠷᠣᠢ ᠄ 1957 ᠣᠨ  ᠳᠤ  ᠪᠠᠷᠠᠭᠣᠨ ᠯᠢᠶᠣᠤ ᠾᠧ ᠭᠣᠣᠯ ᠂ ᠨᠠᠷᠢᠳ ‍ᠤᠨ ᠭᠣᠣᠯ ᠂ ᠮᠦᠡᠭᠭᠡ ᠭᠣᠣᠯ ᠂ ᠲᠣᠭᠣᠢ ᠶ᠋ᠢᠨ ᠭᠣᠣᠯ ᠵᠠᠯᠭᠠᠪᠡᠷ ᠦᠶᠡᠷ ᠡᠭᠦᠰᠴᠣ ᠂ ᠬᠠᠳᠠᠭᠣᠬᠣᠭᠣᠯᠠᠢ ᠳ᠋ᠡᠬᠢ ᠦᠶᠡᠷ ᠲᠣᠭᠳᠠᠭᠠᠬᠣ ᠬᠣᠳᠣᠭᠣᠷ ‍ᠤᠨ ᠨᠠᠮᠳᠠᠭᠠᠭᠰᠠᠨ ᠦᠶᠡᠷ ‍ᠤᠨ ᠬᠡᠮᠵᠢᠶ᠎ᠡ ᠰᠸᠺᠦ᠋ᠨ᠋ᠲ ᠪᠦᠷᠢ  ᠳᠤ 400 ᠪᠣᠰᠣᠭ᠎ᠠ ᠮᠸᠲ᠋ᠷ ᠪᠤᠯᠤᠭᠰᠠᠨ ᠪᠠᠶᠢᠪᠠ ᠃ 1962 ᠣᠨ ᠭᠡᠵᠦ ᠳᠤᠯᠠᠭᠠᠨ ‍ᠤ ᠬᠡᠮᠵᠢᠶ᠎ᠡ ᠳᠤᠤᠷ᠎ᠠ ᠂ ᠪᠣᠷᠣᠭᠠᠨ ᠣᠯᠠᠨ ᠵᠢᠯ ᠪᠠᠶᠢᠯ᠎ᠠ ᠃ ᠲᠤᠰ ᠵᠢᠯ ᠨᠠᠢᠮᠠᠨ ᠬᠤᠰᠢᠭᠤᠨ ᠳ᠋ᠤ ᠡᠡᠭ ‍ᠤᠨ ᠵᠢᠯ  ‍ᠤᠨ ᠬᠢ ᠡᠴᠠ ᠬᠣᠶᠠᠷ ᠲᠠᠬᠢᠨ ᠪᠣᠷᠣᠭᠠᠨ ᠣᠷᠣᠵᠡᠢ ᠃ 7 ᠳ᠋ᠤᠭᠠᠷ ᠰᠠᠷ᠎ᠠ ᠶ᠋ᠢᠨ 25 ‍ᠤ ᠡᠳᠣᠷ ᠂ 7 ᠳ᠋ᠣᠭᠠᠷ ᠨᠣᠮᠸᠷᠳᠣ ᠲᠠᠶᠢᠹᠸᠡᠭ ᠰᠡᠯᠬᠢᠨ ‍ᠤ ᠨᠦᠯᠣᠭᠡ ᠡᠴᠠ ᠪᠣᠯᠵᠣ ᠠᠭᠠᠳᠠᠷ ᠪᠣᠷᠣᠭᠠᠨ ᠣᠷᠣᠭᠠᠳ ᠂ ᠯᠣᠣᠬ᠎ᠠ ᠶ᠋ᠢᠨ ᠭᠣᠣᠯ ᠂ ᠨᠠᠷᠢᠳ ‍ᠤᠨ ᠭᠣᠣᠯ ᠂ ᠮᠦᠡᠭᠭᠡ ᠭᠣᠣᠯ ᠂ ᠲᠣᠭᠣᠢ ᠶ᠋ᠢᠨ ᠭᠣᠣᠯ ᠴᠤᠭ ᠢᠶᠠᠷ ᠦᠶᠡᠷᠯᠡᠵᠣ ᠂ 7 ᠳ᠋ᠤᠭᠠᠷ ᠰᠠᠷ᠎ᠠ ᠶ᠋ᠢᠨ 26 ‍ᠤ ᠡᠳᠣᠷ ᠂ ᠨᠠᠷᠢᠳ ‍ᠤᠨ ᠭᠣᠣᠯ ‍ᠤᠨ ᠰᠢᠶᠠ ᠸᠠ ᠦᠷᠳᠡᠭᠡᠨ  ᠳᠤ ᠦᠶᠡᠷ ‍ᠤᠨ ᠬᠡᠮᠵᠢᠶ᠎ᠡ ᠰᠸᠺᠦᠨ᠋ᠳ᠋ ᠪᠦᠷᠢ  ᠳᠤ 4170 ᠪᠣᠰᠣᠭ᠎ᠠ ᠮᠸᠲ᠋ᠷ ᠲᠤ ᠬᠦᠷᠴᠡᠢ ᠃ ᠬᠠᠮᠣᠭ ‍ᠤᠨ ᠬᠦᠨᠳᠣ ᠨᠣᠴᠢᠲᠠᠢ ᠨᠢ 1994 ᠣᠨ ‍ᠤ ᠵᠠᠭᠣᠨ ᠵᠢᠯ  ᠳᠤ ᠳᠤᠬᠢᠶᠠᠯᠳᠤᠭ᠎ᠠ ᠦᠬᠡᠢ ᠦᠶᠡᠷ ‍ᠤᠨ ᠭᠠᠮᠰᠢᠭ ᠪᠢᠯᠨ ᠃ 1994 ᠣᠨ ‍ᠤ ᠵᠣᠨ ‍ᠤ ᠰᠡᠬᠦᠯᠴᠢ ᠂ ᠨᠠᠮᠣᠷ ‍ᠤᠨ ᠡᠬᠢ ᠪᠡᠷ ( 7 ᠳ᠋ᠤᠭᠠᠷ ᠰᠠᠷ᠎ᠠ ᠶ᠋ᠢᠨ 7 --12 ‍ᠤ ᠡᠳᠣᠷ ) ᠲᠠᠪᠣᠨ ᠡᠳᠣᠷ ᠦᠷᠬᠦᠯᠵᠢᠯᠡᠨ ᠶᠡᠭᠡ ᠪᠣᠷᠣᠭᠠᠨ ᠤᠷᠤᠭᠰᠠᠨ ᠳ᠋ᠥ ᠨᠠᠷᠢᠳ ‍ᠤᠨ ᠭᠣᠣᠯ ᠶᠡᠭᠡᠪᠡᠷ ᠦᠶᠡᠷᠯᠡᠵᠣ ᠂ ᠣᠰᠣ ᠨᠢ ᠲᠣᠭᠣᠢ ᠶ᠋ᠢᠨ ᠭᠣᠣᠯ ᠢᠶᠠᠷ ᠲᠠᠭᠠᠷᠢᠬᠣ  ᠳᠤ ᠲᠣᠭᠣᠢ ᠶ᠋ᠢᠨ ᠠᠷᠠᠯ ᠨᠢ ᠦᠶᠡᠷ ‍ᠢ ᠳᠠᠭᠠᠭᠠᠵᠤ ᠳᠡᠶᠢᠯᠦᠭᠰᠡᠨ ᠦᠭᠡᠢ ᠰᠡᠲᠡᠷᠡᠪᠡ ᠃ ᠲᠡᠶᠢᠨ ᠬᠦ ᠦᠶᠡᠷ ᠨᠢ ᠴᠢᠬᠡ ᠭᠣᠷᠪᠠᠨᠬᠣᠸᠠ ᠶ᠋ᠢᠨ ᠪᠠᠷᠠᠭᠣᠨ ᠡᠮᠣᠨ᠎ᠡ ᠡᠴᠠ ᠰᠦᠷ ᠬᠦᠴᠣᠨ ᠲᠠᠢ ᠲᠦᠯᠬᠢᠯᠡᠨ ᠂ ᠴᠠᠭᠠᠨ ᠲᠠᠪᠠᠭ᠎ᠠ ᠂ ᠲᠡᠮᠡᠭᠡᠳᠣᠰᠠ ᠵᠡᠷᠭᠡ ᠠᠶᠢᠯ ‍ᠢ ᠳᠠᠭᠠᠷᠢᠨ ᠂ ᠭᠣᠷᠪᠠᠨ ᠰᠠᠯᠠᠭ᠎ᠠ ᠲᠣᠭᠰᠢᠨ ᠦᠶᠡᠷ ᠰᠣᠪᠣᠷᠭᠠᠨ ᠲᠠᠯ᠎ᠠ ᠂ ᠠᠵᠢᠪᠠᠢ ᠂ ᠰᠠᠶᠢᠬᠠᠨᠳᠠᠯ᠎ᠠ ᠂ ᠮᠠᠨᠳᠣᠬᠣ ᠂ ᠯᠣᠣᠵᠡᠢ ᠠᠯᠭᠠᠭ ᠡᠴᠠ ᠪᠣᠰᠣᠳ ᠠᠶᠢᠯ ᠲᠣᠰᠬᠣᠨ ‍ᠢ ᠲᠠᠯᠠᠢ ᠪᠣᠯᠭᠠᠵᠣ ᠂ ᠭᠡᠷ ᠲᠡᠷᠭᠡ ᠂ ᠮᠠᠯ ᠲᠠᠷᠢᠶ᠎ᠠ ᠶ᠋ᠢ ᠨᠢ ᠪᠦᠷ ᠰᠣᠶᠢᠳᠬᠡᠵᠣ ᠤᠷᠬᠢᠵᠠᠢ ᠃ ᠦᠶᠡᠷ ‍ᠤᠨ ᠬᠡᠮᠵᠢᠶ᠎ᠡ ᠰᠸᠺᠦ᠋ᠨ᠋ᠲ ᠪᠦᠷᠢ 1730  ᠪᠣᠰᠣᠭ᠎ᠠ ᠮᠸᠲ᠋ᠷ  ᠲᠤ ᠬᠦᠷᠪᠡ ᠃ ᠡᠨᠡ ᠣᠳᠠᠭᠠᠨ ‍ᠤ ᠶᠡᠭᠡ ᠦᠶᠡᠷ ᠨᠢ ᠴᠠᠭᠠᠨ ᠳᠠᠪᠠᠭ᠎ᠠ ᠂ ᠪᠠᠷᠠᠭᠤᠨ ᠲᠠᠷᠢᠶᠠᠲᠤ ᠂ ᠮᠠᠯᠲᠠᠭᠤᠷ ᠂ ᠤᠯᠠᠨ ᠰᠤᠮᠤᠲᠤ ᠂ ᠰᠢᠷᠠᠬᠤᠭᠤᠯᠠᠢ ᠂ ᠤᠷᠳᠤ ᠬᠠᠷᠢᠶᠠᠲᠤ ᠂ ᠳᠤᠮᠳᠠ ᠴᠠᠭᠠᠡᠴᠢᠯᠠᠭᠤ ᠂ ᠤᠨᠳᠤ ᠂ ᠳᠤᠯᠤᠭᠠᠨ ᠲᠠᠷᠢᠶ᠎ᠠ ᠵᠡᠷᠭᠡ 9 ᠭᠠᠴᠠᠭ᠎ᠠ ᠂ 512 ᠢᠯᠡᠭᠦᠦ ᠡᠷᠦᠬᠡ    ᠬᠦᠮᠦᠨ ᠠᠮᠠ ᠭᠠᠮᠰᠢᠭ ᠲᠤ ᠳᠠᠭᠠᠷᠢᠭᠳᠠᠨ ᠂ ᠬᠤᠶᠠᠷ ᠬᠦᠮᠣᠨ ᠦᠬᠦᠭᠰᠡᠨ ᠪᠠᠶᠢᠨ᠎ᠠ ᠃    ᠰᠠᠭᠤᠷᠢ ᠭᠡᠷ ᠪᠠᠶᠢᠰᠢᠩ ᠨᠤᠷᠠᠵᠤ ᠂   ᠮᠦ ᠲᠠᠷᠢᠶ᠎ᠠ ᠲᠦᠮᠦᠰᠦ ᠰᠦᠢᠲᠦᠨ ᠂   ᠮᠠᠯ ᠬᠤᠨᠢ ᠦᠬᠦᠵᠦ ᠂  ᠨᠤᠭᠤᠯᠵᠤ ᠪᠤᠳᠤᠪᠠᠯ ᠠᠵᠣ ᠠᠬᠣᠢ ᠶ᠋ᠢᠨ ᠰᠣᠶᠢᠳᠭᠡᠯ ᠭᠡᠳᠣᠨ ᠮᠢᠡᠭᠭᠠᠨ ᠲᠦᠮᠡᠨ ᠲᠦᠬᠦᠷᠢᠭ   ᠲᠤ ᠬᠦᠷᠴᠦ ᠂ ᠣᠢ ᠰᠢᠭᠣᠢ ᠂ ᠭᠣᠣᠯ ‍ᠤᠨ ᠬᠠᠰᠢᠯᠭ᠎ᠠ ᠂  ᠵᠠᠮ ᠨᠡᠪᠳᠡᠷᠡᠯᠭᠡ ᠳ᠋ᠥ ᠡᠪᠳᠡᠯᠭᠡ ᠶ᠋ᠢᠨ ᠴᠢᠨᠠᠷᠲᠠᠢ ᠬᠤᠬᠢᠷᠠᠯ ᠤᠴᠠᠷᠠᠭᠤᠯᠤᠭᠰᠠᠨ ᠪᠠᠶᠢᠨ᠎ᠠ ᠃ ᠲᠣᠬᠠᠢ ᠶ᠋ᠢᠨ ᠦᠶ᠎ᠡ ᠳ᠋ᠤ ᠲᠡᠭᠡᠳᠣ ᠱᠠᠳᠣᠨ ᠡᠴᠠ ᠨᠠᠢᠮᠠᠨ ᠬᠣᠰᠢᠭᠣᠨ ᠤ ᠲᠦᠪ  ᠳᠠᠴᠢᠨᠲᠠᠯ᠎ᠠ ᠪᠠᠯᠭᠠᠰᠤ ᠪᠠ ᠲᠠᠷᠢᠶᠠᠯᠠᠬᠤ ᠣᠷᠣᠨ ‍ᠢ ᠲᠠᠭᠠᠷᠢᠭᠳᠠᠭᠣᠯᠬᠣ ᠦᠬᠡᠢ ᠭᠡᠰᠡᠨ ᠲᠤᠭᠲᠠᠭᠠᠯ ᠨᠢ ᠭᠤᠷᠪᠠᠨᠬᠤᠸᠠ ᠶ᠋ᠢᠨ ᠠᠷᠠᠳ ᠲᠦᠮᠡᠨ ᠳ᠋ᠥ ᠲᠦᠢᠯ ‍ᠤᠨ ᠬᠦᠨᠳᠦ ᠬᠡᠴᠡᠭᠦᠦ ᠭᠠᠢ ᠭᠠᠮᠰᠢᠭ ᠤᠴᠠᠷᠠᠭᠤᠯᠤᠭᠰᠠᠨ ᠠᠵᠢ ᠃ ᠡᠭᠦᠨ ᠳ᠋ᠥ ᠦᠪᠡᠷᠲᠡᠭᠡᠨ ᠵᠠᠰᠠᠬᠤ ᠤᠷᠤᠨ ᠤ ᠨᠠᠮ ᠵᠠᠰᠠᠭ ᠡᠴᠠ ᠲᠡᠷᠢᠭᠦᠯᠡᠨ ᠂ ᠲᠤᠬᠠᠢ ᠶ᠋ᠢᠨ ᠦᠶ᠎ᠡ ᠶ᠋ᠢᠨ ᠵᠢᠷᠢᠮ ᠠᠶᠢᠮᠠᠭ ᠂ ᠨᠠᠢᠮᠠᠨ ᠬᠤᠰᠢᠭᠤᠨ ᠤ ᠨᠠᠮ ‍ᠤᠨ ᠬᠤᠷᠢᠶ᠎ᠠ ᠂ ᠵᠠᠰᠠᠭ ‍ᠤᠨ ᠤᠷᠳᠤᠨ  ᠡᠴᠠ ᠲᠤᠡᠭ ᠬᠦᠨᠳᠦᠳᠭᠡᠨ ᠦᠵᠡᠵᠦ ᠂ ᠲᠤᠬᠠᠢ ᠶ᠋ᠢᠨ ᠭᠠᠵᠠᠷ ᠲᠤᠨᠢ ᠬᠦᠷᠴᠦ ᠭᠠᠮᠰᠢᠭᠳᠠᠭᠰᠠᠨ ᠤᠯᠠᠨ ᠲᠦᠮᠡᠨ ‍ᠢ ᠲᠤᠬᠤᠨᠢᠭᠤᠯᠬᠤ ᠶ᠋ᠢᠨ ᠬᠠᠮᠲᠤ ᠂ ᠪᠠᠶᠢᠴᠠᠭᠠᠨ ᠰᠤᠳᠤᠯᠤᠯᠲᠠ ᠬᠢᠬᠦ ᠪᠠᠷ ᠳᠠᠮᠵᠢᠨ ᠂ ᠡᠳᠡᠭᠡᠷ 9 ᠠᠶᠢᠯ ‍ᠤᠨ ᠭᠠᠮᠰᠢᠭᠳᠠᠭᠰᠠᠨ ᠠᠷᠠᠳ ‍ᠢ ᠠᠶᠢᠮᠠᠭ ᠬᠤᠰᠢᠭᠤᠨ ᠤ ᠡᠯ᠎ᠡ ᠭᠠᠴᠠᠭ᠎ᠠ ᠲᠤᠰᠬᠤᠨ ᠳ᠋ᠥ ᠲᠠᠷᠬᠠᠭᠠᠨ ᠨᠡᠬᠦᠯᠭᠡᠪᠡ ᠃
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ