ᠬᠠᠩᠳᠠᠭᠤᠳ · ᠤᠰᠤᠨᠪᠤᠳᠤᠭ ᠦᠨ︿ ︿ ᠭᠤᠷᠪᠠᠨᠬᠤᠸᠠ ﹀ ﹀ ᠨᠤᠮ ᠤᠨ ᠨᠢᠭᠡᠳᠤᠭᠡᠷ ᠨᠠᠶᠢᠷᠠᠭᠤᠯᠤᠯ ᠤᠨ ᠨᠢᠭᠡᠳᠤᠭᠡᠷ ᠬᠡᠰᠡᠭ ‍ᠢ ᠰᠤᠩᠭᠤᠨ ᠰᠢᠯᠵᠢᠭᠦᠯᠪᠡ

ᠣᠩᠰᠢᠭᠰᠠᠨ ᠤᠳᠠᠭ᠎ᠠ ᠄ 6952     ᠨᠡᠶᠢᠳᠡᠯᠡᠭᠰᠡᠨ ᠴᠠᠭ ᠄ 2018/5/31 9:53:22

ᠨᠢᠭᠡᠳᠦᠭᠡᠷ ᠨᠠᠶᠢᠷᠠᠭᠤᠯᠤᠯ

ᠨᠢᠭᠡ ᠂ ᠭᠤᠷᠪᠠᠨᠬᠤᠸᠠ ᠰᠤᠮᠤᠨ ᠤ ᠲᠤᠶᠢᠮᠤ ᠪᠠᠶᠢᠳᠠᠯ

  ᠭᠤᠷᠪᠠᠨᠬᠤᠸᠠ ᠰᠤᠮᠤ ᠨᠢ ᠪᠠᠷᠠᠭᠤᠨᠰᠢ ᠨᠢ᠋ᠮᠠᠨ ᠬᠤᠰᠢᠭᠤᠨ ᠤ ᠲᠦᠪ ᠳᠠᠴᠠ ᠶ᠋ᠢᠨ ᠲᠠᠯ᠎ᠠ ᠪᠠᠯᠭᠠᠰᠤ ᠲᠠᠢ ᠵᠠᠬ᠎ᠠ ᠨᠡᠶᠢᠯᠡᠨ ᠂ ᠵᠡᠭᠦᠨᠰᠢ ᠬᠦᠷᠢᠶ᠎ᠡ ᠬᠤᠰᠢᠭᠤ ᠲᠠᠢ ᠬᠦᠷᠰᠢᠯᠡᠲᠡᠭ ᠃ ᠡᠮᠦᠨᠡᠰᠢ ᠰᠢᠨᠵᠸᠨ ᠂ ᠬᠤᠡᠭᠬᠤᠷᠲᠠᠯ᠎ᠠ ‍ᠢ ᠪᠠᠷᠠᠳᠠᠨ ᠂ ᠬᠤᠶᠢᠲᠤ ᠲᠠᠯ᠎ᠠ ᠪᠠᠷ ᠢᠶᠡᠨ ᠳ᠋ᠦᠡᠭ ᠮᠢᠡᠭ ᠪᠠᠶᠢᠰᠢᠩᠲᠦ ᠬᠤᠶᠠᠷ ᠪᠠᠯᠭᠠᠰᠤ ᠲᠠᠢ ᠬᠦᠷᠰᠢᠯᠡᠵᠦ ᠪᠤᠢ ᠃ ᠤᠷᠲᠤᠷᠢᠭ ᠤᠨ 120。56' 10"~121。13'  05" ᠪᠠ ᠦᠷᠭᠡᠷᠢᠭ ᠤᠨ 40。48' 51"~43。28' 53" ᠶ᠋ᠢᠨ ᠬᠤᠭᠤᠷᠤᠨᠲᠤ ᠪᠠᠶᠢᠷᠢᠯᠠᠵᠤ ᠂ ᠱᠢᠶᠨ ᠱᠠᠩ ᠤᠯᠤᠰ ᠤᠨ ᠦᠶ᠎ᠡ ᠡᠴᠠ ᠪᠤᠶᠤ ᠨᠡᠩ ᠡᠷᠲᠡᠨ ᠡᠴᠠ ᠡᠨᠲᠡ ᠬᠦᠮᠦᠨ ᠲᠦᠷᠦᠯᠬᠢᠲᠡᠨ ᠤ ᠠᠵᠢᠯᠯᠠᠭᠠᠨ ᠡᠬᠢᠯᠡᠭᠰᠡᠨ ᠢ ᠰᠤᠲᠤᠯᠭᠠᠨ ᠭᠡᠷᠡᠴᠢᠯᠡᠭᠰᠡᠨ ᠪᠠᠶᠢᠨ᠎ᠠ ᠃ ᠤᠷᠢᠳ ᠬᠤᠵᠢᠳ ᠳ᠋ᠦᠩᠬᠤ ᠂ ᠱᠢᠶᠠᠨᠪᠸᠢ ᠂ ᠦᠬᠤᠸᠠᠨ ᠂ ᠬᠢᠲᠠᠨ ᠬᠦᠮᠤᠨ ᠠᠮᠢᠲᠤᠷᠠᠵᠤ ᠢᠷᠠᠵᠠᠢ ᠃ ᠮᠢᠩᠭ᠎ᠠ ᠬᠤᠶᠠᠷ ᠵᠠᠭᠤ ᠠᠷᠪᠠᠭᠠᠳ ᠤᠨ ᠡᠴᠠ ᠮᠤᠩᠭᠤᠯ ᠶᠡᠭᠡ ᠬᠠᠭᠠᠨᠲᠤ ᠲᠦᠷᠦ ᠶ᠋ᠢᠨ ᠬᠠᠷᠢᠶᠠᠨ  ᠳᠤ ᠤᠷᠤᠭᠠᠳ ᠤᠮᠠᠷᠠᠲᠤ ᠶᠤᠸᠠᠨ ᠤ ᠦᠶ᠎ᠡ ᠳᠤ ᠴᠠᠬᠠᠷ ᠨᠢ᠋ᠮᠠᠨ  ᠨᠤᠳᠤᠭ ᠤᠨ ᠨᠢᠭᠡᠨ ᠪᠤᠯᠬᠤ ᠨᠢ᠋ᠮᠠᠨ ᠠᠶᠢᠮᠠᠭ ᠤᠨ ᠮᠤᠩᠭᠤᠯ ᠶᠠᠰᠤᠲᠠᠳ ᠡᠵᠡᠯᠡᠨ ᠪᠠᠶᠢᠪᠠ ᠃ 1627 ᠤᠨ ᠡᠴᠠ ᠮᠠᠨᠵᠤ ᠴᠢᠩ ᠤᠨ ᠬᠠᠷᠢᠶᠠᠨ  ᠳᠤ ᠤᠷᠤᠵᠤ ᠂ 1636 ᠤᠨ  ᠳᠤ ᠨᠢ᠋ᠮᠠᠨ ᠬᠤᠰᠢᠭᠤ ᠨᠡᠷᠡᠶᠢᠳᠦᠭᠳᠡᠬᠦ ᠪᠠᠷ ᠬᠠᠷᠢᠶᠠᠨ ᠤ ᠨᠢᠭᠡ ᠰᠤᠮᠤ ᠪᠤᠯᠪᠠ ᠃ ᠢᠷᠭᠡᠨ ᠤᠯᠤᠰ ᠤᠨ ᠭᠤᠷᠪᠠᠲᠤᠭᠠᠷ ᠤᠨ (1914)   ᠳᠤ ᠨᠢ᠋ᠮᠠᠨ ᠬᠤᠰᠢᠭᠤᠨ  ᠳᠤ 《 ᠨᠤᠲᠤᠭ ᠤᠨ ᠵᠠᠬᠢᠷᠭ᠎ᠠ 》 ᠬᠤᠪᠢᠶᠠᠬᠤ  ᠳᠤ  ᠭᠤᠷᠪᠠᠨᠬᠤᠸᠠ ᠨᠢᠭᠡ ᠨᠤᠲᠤᠭ ᠪᠤᠯᠵᠡᠢ ᠃
ᠴᠢᠯᠦᠭᠡᠯᠡᠭᠲᠡᠭᠰᠡᠨ ᠤ ᠲᠠᠷᠠᠭ᠎ᠠ ᠬᠢ 1946 --1958 ᠤᠨ  ᠳᠤ ᠵᠠᠭᠠᠰᠤᠲᠠᠢ ᠂ ᠵᠠᠩᠭᠤᠲᠠᠢ ᠨᠤᠲᠤᠭ ᠪᠤᠶᠤ ᠲᠤᠯᠤᠲᠤᠭᠠᠷ ᠨᠤᠲᠤᠭ ᠲᠤ ᠬᠠᠷᠢᠶᠠᠯᠠᠭᠲᠠᠵᠤ ᠪᠠᠶᠢᠭᠰᠠᠨ ᠢᠶᠡᠨ 1958 ᠤᠨ ᠤ ᠰᠡᠬᠦᠯᠴᠢ ᠪᠡᠷ ᠠᠷᠠᠳ ᠤᠨ  ᠭᠦᠩᠰᠸ  ᠪᠠᠶᠢᠭᠤᠯᠤᠭᠲᠠᠵᠤ ᠂ ᠲᠦᠪ ᠨᠢ ᠭᠤᠷᠪᠠᠨᠬᠤᠸᠨ ᠭᠠᠴᠠᠭᠠᠨ ᠳ᠋ᠣ ᠪᠠᠶᠢᠭᠰᠠᠨ ᠡᠴᠠ 《  ᠭᠤᠷᠪᠠᠨᠬᠤᠸᠠ ᠭᠦᠩᠰᠸ》 ᠬᠡᠰᠡᠨ ᠪᠠᠶᠢᠨ᠎ᠠ ᠃ 1984 ᠤᠨ ᠡᠴᠠ ᠰᠤᠮᠤ ᠪᠤᠯᠭᠠᠵᠤ ᠂ ᠵᠠᠰᠠᠭ ᠤᠨ ᠤᠷᠲᠤᠨ ᠨᠢ ᠪᠠᠶᠠᠨᠲᠠᠯ᠎ᠠ ᠭᠠᠴᠠᠭᠠᠨ  ᠳᠤ ᠰᠢᠯᠵᠢᠨ ᠰᠠᠭᠤᠷᠢᠰᠢᠬᠰᠠᠨ ᠪᠤᠯᠪᠠᠴᠤ  ᠭᠤᠷᠪᠠᠨᠬᠤᠸᠠ ᠨᠡᠷ᠎ᠡ ᠪᠠᠨ ᠤᠯᠪᠠᠭᠠᠯᠠᠨ ᠬᠠᠲᠠᠭᠠᠯᠠᠭᠰᠠᠭᠠᠷ ᠢᠷᠡᠵᠡᠢ ᠃
ᠪᠦᠬᠦ ᠰᠤᠮᠤᠨ ᠤ ᠲᠠᠯᠠᠪᠠᠢ ᠨᠢ 123 ᠲᠦᠮᠡᠨ  ᠮᠦ᠂ 22 ᠵᠠᠰᠠᠭ ᠵᠠᠬᠢᠷᠭᠠᠨ ᠤ ᠭᠠᠴᠠᠭ᠎ᠠ ( 40 ᠠᠶᠢᠯ ᠲᠤᠰᠬᠤ ) ᠲᠠᠢ ᠪᠠᠶᠢᠵᠤ ᠂ ᠡᠷᠦᠬᠡ ᠶ᠋ᠢᠨ ᠲᠤᠭ᠎ᠠ 3568 ᠬᠦᠷᠴᠦ ᠂ ᠨᠡᠶᠢᠲᠡ 14600 ᠰᠢᠬᠠᠮ ᠬᠦᠮᠦᠨ ᠠᠮᠨ ᠲᠠᠢ ᠃  ᠡᠬᠦᠨ ᠳᠦ ᠮᠤᠩᠭᠤᠯ ᠦᠨᠳᠦᠰᠦᠲᠡᠨ 90% ᠢᠯᠡᠭᠦᠦ ᠶ᠋ᠢ ᠡᠵᠡᠯᠡᠵᠤ ᠂  ᠪᠤᠰᠤᠳ ᠨᠢ ᠬᠢᠲᠠᠳ ᠂ ᠮᠠᠨᠵᠤ ᠂ ᠬᠤᠲᠤᠩ ᠵᠡᠷᠬᠡ ᠪᠠᠶᠢᠭ᠎ᠠ ᠪᠢᠯᠨ ᠃ ᠨᠠᠢᠮᠠᠨ ᠬᠤᠰᠢᠭᠤᠨ ᠳᠦ ᠮᠤᠩᠭᠤᠯ ᠦᠨᠲᠦᠰᠦᠲᠡᠨ ᠤ ᠬᠠᠷᠢᠴᠠᠯ ᠢᠶᠠᠷ ᠬᠠᠮᠤᠭ ᠢᠯᠡᠬᠦᠦ ᠪᠠᠶᠢᠳᠠᠭ ᠰᠤᠮᠤ ᠪᠤᠯᠬᠤ ᠶᠤᠮ ᠃ ᠰᠤᠮᠤᠨ ᠤ ᠠᠵᠤ ᠠᠬᠤᠢ ᠨᠢ ᠮᠠᠯ ᠮᠠᠯᠵᠢᠯ ᠢᠶᠠᠷ ᠭᠤᠤᠯᠯᠠᠵᠤ ᠂ ᠲᠠᠷᠢᠶᠠᠯᠠᠩ ᠂ ᠤᠢ ᠰᠢᠭᠤᠢ ᠂ ᠬᠤᠲᠠᠯᠲᠤᠭ᠎ᠠ ᠶ᠋ᠢ ᠡᠤᠶᠠᠯᠲᠤᠭᠤᠯᠤᠭᠰᠠᠨ ᠂ ᠪᠦᠬᠦ ᠲᠠᠯ᠎ᠠ ᠪᠡᠷ ᠬᠦᠭᠵᠢᠵᠦ ᠪᠠᠶᠢᠭ᠎ᠠ ᠰᠤᠮᠤ ᠨᠢᠭᠡᠴᠢ ᠪᠠᠶᠢᠭ᠎ᠠ ᠶᠤᠮ ᠃

ᠪᠠᠶᠢᠭᠠᠯᠢ ᠶ᠋ᠢᠨ ᠤᠷᠴᠢᠨ ᠠᠬᠤᠢ

 

ᠭᠤᠷᠪᠠᠨᠬᠤᠸᠠ ᠰᠤᠮᠤᠨ ᠤ ᠭᠠᠵᠠᠷ ᠤᠨ ᠪᠠᠶᠢᠴᠨ ᠨᠢ ᠶᠡᠷᠦᠩᠬᠡᠢ ᠳ᠋ᠡᠬᠡᠨ ᠡᠮᠦᠨ᠎ᠡ ᠬᠡᠰᠡᠭ ᠨᠢ ᠤᠷᠤᠢ ᠵᠢᠯᠠᠭ᠎ᠠ ᠤᠯᠤᠭᠤᠶᠢᠲᠠᠨ ᠂ ᠡᠯᠡᠰᠦᠨ ᠪᠡᠷᠬᠡ ᠦᠷᠬᠦᠯᠵᠢᠯᠡᠭᠡᠳ ᠂ ᠲᠤᠭᠤᠢ ᠶ᠋ᠢᠨ ᠭᠤᠤᠯ ᠤᠨ ᠬᠤᠶᠢᠭᠤᠷ ᠲᠠᠯ᠎ᠠ ᠪᠠ ᠠᠯᠭᠠᠭ ᠦᠷᠬᠦᠯᠵᠢᠯᠡᠵᠦ ᠪᠠᠶᠢᠲᠠᠭ ᠃ ᠬᠤᠶᠢᠲᠤ ᠬᠡᠰᠡᠭ ᠲᠡᠬᠡᠨ ᠨᠠᠯᠠᠤᠷᠠᠵᠤ ᠂ ᠨᠠᠷᠢᠳ ᠤᠨ ᠭᠤᠤᠯ ᠤᠨ ᠰᠠᠪᠠ ᠲᠠᠭᠠᠤ ᠲᠡᠭᠰᠢ ᠲᠠᠯ᠎ᠠ ᠂ ᠲᠠᠩ ᠰᠢᠷᠤᠢ ᠂ ᠡᠷᠬᠢ ᠲᠤᠪᠤ᠋ ᠂ ᠤᠢ ᠰᠢᠭᠤᠢ ᠲᠠᠢ ᠃ ᠶᠡᠷᠦᠩᠬᠡᠢ ᠳ᠋ᠡᠬᠡᠨ ᠡᠯᠡᠰᠦᠷᠬᠡᠭ ᠪᠡᠷᠬᠡ ᠂ ᠡᠪᠡᠰᠦᠲᠦ ᠲᠠᠯ᠎ᠠ ᠭᠠᠵᠠᠷ ᠲᠤ ᠪᠠᠭᠲᠠᠨ᠎ᠠ ᠃ ᠤᠮᠠᠷᠠᠲᠤ ᠰᠡᠷᠢᠭᠦᠨ ᠪᠦᠰᠨ ᠶ᠋ᠢᠨ ᠡᠬᠡ ᠬᠠᠭᠤᠷᠠᠢ ᠶ᠋ᠢᠨ ᠴᠢᠨᠠᠷᠲᠠᠢ ᠬᠠᠭᠠᠰ ᠭᠠᠩᠲᠠᠮᠠᠯ ᠤᠯᠠᠷᠢᠯ ᠤᠨ ᠰᠠᠯᠬᠢᠲᠤ ᠤᠷᠤᠨ ᠳᠤ ᠬᠠᠷᠢᠶᠠᠯᠠᠭᠲᠠᠲᠠᠭ ᠃ ᠠᠮᠢ ᠠᠬᠤᠢ ᠶ᠋ᠢᠨ ᠤᠷᠴᠢᠨ ᠲᠤᠭᠤᠷᠢᠨ ᠶᠡᠭᠡᠪᠡᠷ ᠡᠪᠲᠡᠭᠲᠡᠭᠰᠡᠨ ᠡᠴᠠ ᠬᠠᠪᠤᠷ ᠨᠠᠮᠤᠷ ᠰᠠᠯᠬᠢ ᠶᠡᠭᠡ ᠂ ᠵᠢᠯ ᠤᠨ ᠲᠦᠷᠪᠡᠨ ᠤᠯᠠᠷᠢᠯ  ᠳᠤ ᠬᠤᠷ᠎ᠠ ᠲᠤᠨᠤᠲᠠᠰᠤ ᠪᠠᠭᠠᠲᠠᠵᠤ ᠡᠯᠡᠰᠦᠷᠬᠡᠭᠵᠢᠯ ᠲᠠᠴᠢᠷᠰᠢᠯ ᠶᠡᠭᠡᠲᠡᠢ ᠃ ᠨᠠᠷᠠᠨ ᠡᠭᠡᠭᠡᠯᠲᠡ ᠨᠡᠯᠢᠶᠡᠳ ᠲᠠᠯᠠᠰᠠᠭ ᠂ ᠵᠢᠯ ᠤᠨ ᠲᠡᠭᠰᠢᠳᠭᠡᠭᠰᠡᠨ ᠡᠭᠡᠭᠡᠯᠲᠡ ᠨᠢ 3065 ᠴᠠᠭ ᠲᠤ ᠬᠦᠷᠴᠤ ᠂ ᠡᠲᠦᠷ ᠪᠦᠷᠢ ᠲᠡᠭᠰᠢᠳᠭᠡᠭᠡᠳ 9 ᠴᠠᠭ ᠤᠷᠴᠢᠮ ᠪᠠᠶᠢᠲᠠᠭ ᠃ ᠵᠢᠯ ᠤᠨ ᠲᠤᠮᠲᠠᠴᠢ ᠲᠤᠯᠠᠭᠠᠨ ᠤ ᠬᠡᠮᠵᠢᠶ᠎ᠡ 8℃ ᠤᠷᠴᠢᠮ ᠪᠦᠭᠡᠳ ᠵᠢᠯ ᠤᠨ ᠬᠤᠷ᠎ᠠ ᠲᠤᠨᠤᠲᠠᠰᠤ 250~300 ᠮᠢᠯᠢᠮᠸᠲ᠋ᠷ ᠤᠷᠴᠢᠮ ᠂ ᠠᠭᠤᠷᠰᠢᠯ ᠤᠨ ᠬᠡᠮᠵᠢᠶ᠎ᠡ 2000 ᠮᠢᠯᠢᠮᠸᠲ᠋ᠷ ᠤᠷᠴᠢᠮ ᠂ ᠰᠠᠯᠬᠢᠨ ᠤ ᠬᠤᠷᠲᠤᠴᠨ 3.0 ᠮᠸᠲ᠋ᠷ/ ᠰᠸᠺᠦᠨ᠋ᠲ ᠲᠠᠪᠠᠵᠤ ᠂ ᠪᠤᠷᠤᠭᠠᠨ ᠤ ᠤᠯᠠᠷᠢᠯ ᠤᠨ ᠭᠤᠤᠯ ᠬᠤᠭᠤᠴᠠᠭ᠎ᠠ 5 -- 8 ᠰᠠᠷ᠎ᠠ ᠶ᠋ᠢ ᠬᠡᠲᠦᠷᠡᠨ ᠂ ᠬᠢᠷᠠᠭᠤ ᠦᠭᠡᠢ ᠬᠤᠭᠤᠴᠠᠭ᠎ᠠ 160 ᠡᠲᠦᠷ ᠭᠠᠷᠤᠢ ᠪᠠᠶᠢᠳᠠᠭ ᠃


ᠭᠤᠤᠯ ᠤᠰᠤ ᠂ ᠨᠠᠭᠤᠷ ᠪᠦᠷᠢᠲᠦ

ᠭᠤᠷᠪᠠᠨᠬᠤᠸᠠ ᠶ᠋ᠢᠨ ᠬᠤᠶᠢᠲᠤ ᠭᠡᠰᠡᠭ ᠢᠶᠠᠷ ᠨᠠᠷᠢᠳ ᠤᠨ ᠭᠤᠤᠯ ᠬᠦᠨᠲᠡᠯᠢᠰᠦᠨ ᠤᠷᠤᠰᠴᠤ ᠂ ᠲᠡᠯᠭᠡᠬᠦᠦ ᠲᠠᠯ᠎ᠠ ᠲᠠᠩᠲᠤ ᠰᠠᠪᠠ ᠳ᠋ᠣᠨᠢ ᠲᠠᠪᠤᠨ ᠲᠠᠷᠢᠶ᠎ᠠ ᠬᠠᠯᠢᠭᠤᠷᠠᠨ ᠲᠠᠷᠭᠤᠨ ᠰᠦᠷᠦᠭ ᠪᠡᠯᠴᠢᠳᠡᠭ ᠃ ᠡᠮᠦᠨ᠎ᠡ ᠪᠡᠶ᠎ᠡ ᠶ᠋ᠢᠨ ᠡᠯᠡᠰᠦᠨ ᠪᠡᠷᠬᠡ ᠳ᠋ᠣᠨᠢ ᠲᠤᠩᠭᠠᠯᠠᠭ ᠤᠷᠤᠰᠬᠠᠯᠲᠤ ᠲᠤᠭᠤᠢ ᠶ᠋ᠢᠨ ᠭᠤᠤᠯ ᠤᠷᠤᠰᠳᠠᠭ ᠪᠦᠭᠡᠳ ᠲᠠᠯ᠎ᠠ ᠪᠡᠷᠬᠡ ᠪᠡᠷ ᠨᠢ ᠲᠤᠭ᠎ᠠ ᠦᠭᠡᠢ ᠤᠯᠠᠨ ᠪᠠᠶᠢᠭᠠᠯᠢ ᠶ᠋ᠢᠨ ᠨᠠᠭᠤᠷ ᠪᠦᠷᠢᠲᠦ ᠲᠦᠭᠡᠭᠰᠡᠨ ᠪᠠᠶᠢᠲᠠᠭ ᠃ ᠮᠤᠷᠤᠢ ᠶ᠋ᠢᠨ ᠨᠠᠭᠤᠷ ᠂ ᠤᠮᠲᠠ ᠶ᠋ᠢᠨ ᠨᠠᠭᠤᠷ ᠂ ᠡᠷᠬᠢ ᠶ᠋ᠢᠨ ᠨᠠᠭᠤᠷ ᠂ ᠲᠠᠯ᠎ᠠ ᠶ᠋ᠢᠨ ᠨᠠᠭᠤᠷ ᠂ ᠪᠤᠷᠭᠠᠰᠤᠨ ᠨᠠᠭᠤᠷ ᠂ ᠲᠦᠭᠦᠷᠢᠭ ᠨᠠᠭᠤᠷ ᠂ ᠴᠠᠭᠠᠠᠨᠠᠭᠤᠷ ᠂ ᠬᠠᠷᠠᠨᠠᠭᠤᠷ ᠵᠡᠷᠭᠡ ᠤᠯᠠᠨ ᠨᠠᠭᠤᠷ ᠨᠢ ᠠᠲᠤᠭᠤ ᠮᠠᠯ ᠤᠨ ᠤᠮᠲᠠ ᠂ ᠵᠢᠭᠠᠰᠤ ᠵᠢᠷᠠᠭᠠᠬᠠᠢ ᠶ᠋ᠢᠨ ᠴᠡᠩᠭᠡᠯ ‍ᠤᠨ ᠤᠷᠤᠨ ᠂ ᠭᠠᠯᠠᠭᠤ ᠰᠢᠪᠠᠭᠤᠳ ᠤᠨ ᠵᠢᠷᠭᠠᠯ ‍ᠤᠨ ᠳ᠋ᠸᠪᠡᠵᠡᠨ ᠂ ᠡᠯᠡᠰᠤ ᠪᠡᠷᠬᠡ ᠶ᠋ᠢᠨ ᠠᠮᠢ ᠭᠤᠤᠯ ᠪᠤᠯᠵᠤ ᠪᠠᠶᠢᠳᠠᠭ ᠃ ᠠᠭᠤᠷ ᠠᠮᠢᠰᠬᠤᠯ ᠤᠨ ᠬᠤᠪᠢᠷᠠᠯ ᠪᠤᠯᠤᠨ ᠬᠦᠮᠤᠨ ᠤ ᠡᠪᠲᠡᠯᠭᠡ ᠡᠴᠠ ᠪᠤᠯᠵᠤ ᠂ ᠲᠡᠭᠡᠷ᠎ᠡ ᠵᠠᠭᠤᠨ ᠤ ᠲᠠᠯᠠᠭᠠᠳ ᠤᠨ ᠡᠴᠠ ᠨᠠᠭᠠᠰᠢ ᠤᠯᠠᠡᠭᠬᠢ ᠨᠠᠭᠤᠷ ᠪᠦᠷᠢᠲᠦ ᠰᠢᠷᠬᠢᠵᠦ ᠬᠠᠲᠠᠵᠠᠢ ᠃ ᠨᠠᠷᠢᠳ ᠤᠨ ᠭᠤᠤᠯ ᠂ ᠲᠤᠭᠤᠢ ᠶ᠋ᠢᠨ ᠭᠤᠤᠯ ᠴᠤ ᠰᠢᠷᠬᠢᠵᠦ ᠲᠠᠰᠤᠷᠠᠭᠠᠳ ᠂ ᠭᠤᠤᠯ ᠤᠨ ᠤᠰᠤ ᠲᠠᠷᠢᠶ᠎ᠠ ᠮᠠᠯ ᠢ ᠨᠢ ᠤᠮᠲᠠᠯᠠᠨ ᠂  ᠪᠡᠷᠭᠡ ᠮᠠᠩᠬ᠎ᠠ ᠶ᠋ᠢ ᠨᠢ ᠦᠡᠭᠰᠢᠬᠦᠯᠳᠡᠭ ᠰᠠᠶᠢᠬᠠᠨ ᠪᠠᠶᠢᠲᠠᠯ ᠲᠡᠦᠬᠡ ᠲᠤᠷᠠᠳᠬᠠᠯ ᠪᠤᠯᠵᠤ ᠂ ᠤᠲᠤ ᠦᠷᠦᠮᠳᠡᠬᠦᠷ ᠬᠤᠳᠲᠤᠭ ᠂ ᠮᠠᠰᠢᠨ ᠪᠠᠭᠠᠵᠢ ᠪᠡᠷ ᠮᠠᠯ ᠲᠠᠷᠢᠶ᠎ᠠ ᠪᠠᠨ ᠤᠰᠤᠯᠠᠬᠤ ᠪᠤᠯᠵᠠᠢ ᠃

ᠭᠤᠤᠯ ᠪᠤᠯᠬᠤ ᠡᠬᠢ ᠪᠠᠶᠠᠯᠢᠭ

ᠭᠤᠷᠪᠠᠨᠬᠤᠸᠠ ᠰᠤᠮᠤᠨ ᠤ ᠭᠠᠵᠠᠷ ᠨᠤᠲᠤᠭ ᠦᠷᠭᠡᠨ ᠠᠭᠤᠲᠠᠮ ᠂ ᠬᠦᠮᠦᠨ ᠠᠮᠨ ᠬᠠᠷᠢᠴᠠᠩᠭᠤᠢ ᠰᠡᠶᠢᠷᠡᠭ ᠂ ᠡᠬᠡ ᠪᠠᠶᠠᠯᠢᠭ ᠡᠯᠪᠡᠭ ᠠᠷᠪᠢᠨ ᠪᠠᠶᠢᠲᠠᠭ ᠃ ᠪᠦᠬᠦ ᠰᠤᠮᠤᠨ ᠤ ᠮᠠᠯ ᠤᠨ ᠪᠡᠯᠴᠢᠭᠡᠷ ᠡᠪᠡᠰᠦ 42 ᠲᠦᠮᠡᠨ  ᠮᠦ ᠬᠦᠷᠴᠦ ᠂ ᠮᠠᠯ ᠮᠠᠯᠵᠢᠯ ᠤᠨ ᠬᠦᠭᠵᠢᠯᠲᠠ ᠶ᠋ᠢᠨ ᠠᠰᠢᠭᠲᠠᠢ ᠨᠦᠬᠦᠴᠡᠯ ᠢ ᠪᠦᠷᠢᠯᠲᠦᠭᠦᠯᠦᠭᠰᠡᠨ ᠪᠠᠶᠢᠲᠠᠭ ᠃ ᠲᠠᠩ ᠰᠢᠷᠤᠢ ᠲᠠᠢ ᠲᠠᠯ᠎ᠠ ᠠᠯᠭᠠᠭ ᠤᠨ ᠲᠠᠷᠢᠶᠠᠨ ᠭᠠᠵᠠᠷ 10.1 ᠲᠦᠮᠡᠨ ᠮᠦ ᠪᠠᠶᠢᠵᠤ ᠂ ᠡᠬᠦᠨ ᠳᠦ ᠤᠰᠤᠯᠠᠯᠲᠠ ᠶ᠋ᠢᠨ ᠲᠠᠯᠠᠪᠠᠢ ᠨᠢ 60%  ᠳᠦ ᠬᠦᠷᠴᠦ ᠪᠤᠢ ᠃  ᠪᠠᠶᠢᠭᠠᠯᠢᠯᠢᠭ ᠤᠢ ᠰᠢᠭᠤᠢ ᠪᠤᠯᠤᠨ ᠲᠠᠷᠢᠵᠤ ᠵᠠᠶᠢᠯᠠᠭᠰᠠᠨ ᠤᠢ ᠮᠤᠲᠤ ᠨᠡᠶᠢᠲᠡ 40 ᠲᠦᠮᠡᠨ  ᠮᠦ ᠰᠢᠬᠠᠵᠤ ᠂ ᠤᠢ ᠮᠤᠲᠤᠨ ᠤ ᠪᠦᠷᠬᠦᠴᠨ 30% ᠤᠷᠴᠢᠮ ᠪᠤᠯᠵᠠᠢ ᠃ ᠪᠤᠷᠭᠠᠰᠤ ᠂ ᠰᠢᠪᠠᠭ ᠂ ᠬᠠᠷᠭᠠᠨ᠎ᠠ ᠂ ᠪᠤᠲᠠᠯᠢᠭ ᠲᠤᠤᠷᠠᠢ ᠂ ᠵᠡᠭᠡᠰᠦ ᠂ ᠬᠤᠯᠤᠰᠤ ᠂ ᠲᠡᠷᠡᠰᠤ ᠂ ᠱᠠᠭᠠᠭ  ᠂ ᠲᠠᠭᠠᠨ᠎ᠠ ᠂ ᠵᠡᠭᠡᠷᠭᠡᠨ᠎ᠡ ᠵᠡᠷᠭᠡ ᠨᠢ ᠡᠯᠡᠰᠤ ᠲᠠᠯ᠎ᠠ ᠶ᠋ᠢᠨ ᠬᠦᠷᠦᠰᠦ ᠪᠠᠨ ᠬᠠᠮᠠᠭᠠᠯᠠᠨ ᠪᠦᠷᠬᠦᠵᠦ ᠪᠠᠶᠢᠲᠠᠭ ᠃ ᠦᠨᠡᠭᠡ ᠂ ᠴᠢᠨ᠋ᠸ᠎ᠠ ᠂ ᠮᠠᠡᠭᠬᠢᠰᠣ ᠂ ᠲᠠᠷᠪᠠᠭ᠎ᠠ ᠬᠠᠶᠨ ᠬᠠᠷᠠᠭᠲᠠᠲᠠᠭ ᠪᠠ ᠲᠠᠤᠯᠠᠢ ᠂ ᠠᠯᠠᠭᠲᠠᠭ᠎ᠠ ᠂ ᠵᠤᠷᠠᠮ᠎ᠠ ᠂ ᠬᠢᠷᠰᠠ ᠮᠡᠲᠦ ᠶ᠋ᠢᠨ ᠠᠩ ᠠᠷᠢᠶᠠᠲᠠᠨ  ᠵᠦᠡᠭᠳᠡᠭᠡᠨ ᠬᠠᠷᠠᠭᠳᠠᠳᠠᠭ ᠃ ᠲᠠᠰ ᠂ ᠪᠦᠷᠬᠦᠳ ᠂ ᠲᠤᠤᠭᠤᠷᠤᠤ ᠂ ᠲᠤᠭᠤᠲᠤᠭ ᠂ ᠢᠲᠠᠭᠤ ᠂ ᠭᠤᠤᠷᠭᠤᠯ ᠂ ᠬᠡᠷᠢᠶ᠎ᠡ ᠂ ᠱᠠᠭᠠᠵᠠᠭᠠᠢ ᠪᠠ ᠤᠯᠠᠨ ᠵᠦᠢᠯ ᠤᠨ ᠪᠢᠯᠵᠤᠤᠬᠠᠢ ᠪᠤᠯᠵᠤᠮᠤᠷ ᠂ ᠤᠯᠠᠭᠠᠨ ᠭᠠᠯᠠᠭᠤ ᠂ ᠬᠠᠷ᠎ᠠ ᠬᠠᠯᠵᠠᠨ ᠂ ᠦᠯᠦᠨ ᠬᠤᠳᠬᠤᠭᠤᠷ ᠂ ᠴᠠᠬᠤᠯᠠᠢ ᠬᠤᠵᠢᠭᠡᠷ ᠮᠡᠲᠦ ᠶ᠋ᠢᠨ ᠤᠰᠤ ᠬᠠᠭᠣᠷᠠᠢ ᠶ᠋ᠢᠨ ᠵᠢᠬᠦᠷᠲᠡᠨ ᠰᠢᠪᠠᠭᠤ ᠨᠤᠭᠤᠳ ᠪᠠᠶᠢᠲᠠᠭ ᠃ ᠪᠠᠶᠢᠭᠠᠯᠢ ᠶ᠋ᠢᠨ ᠰᠠᠯᠬᠢᠨ ᠤ ᠡᠬᠢ ᠪᠠᠶᠠᠯᠢᠭ ᠶᠡᠭᠡᠭᠡᠨ ᠪᠠᠶᠢᠵᠦ ᠂ ᠤᠶᠢᠷ᠎ᠠ ᠶ᠋ᠢᠨ ᠵᠢᠯ ᠡᠴᠠ ᠡᠬᠢᠯᠡᠨ ᠠᠰᠢᠭᠯᠠᠯᠲᠠ ᠨᠡᠭᠡᠭᠡᠯᠲᠡ ᠳᠦ ᠤᠷᠤᠵᠤ ᠪᠠᠶᠢᠨ᠎ᠠ ᠃

 ᠰᠢᠨ᠎ᠡ ᠴᠠᠭ ᠤᠨ ᠬᠦᠭᠵᠢᠯ ᠪᠠᠳᠠᠷᠠᠯ

ᠪᠦᠬᠦ ᠰᠤᠮᠤᠨ ᠤ ᠶᠠᠭᠡᠡᠭᠬᠡᠢ ᠬᠡᠰᠡᠭ ᠨᠢ ᠪᠤᠶᠢᠲᠠ ᠪᠦᠭᠯᠡᠬᠦᠦ ᠪᠡᠷᠬᠡ ᠮᠠᠩᠬᠠᠨ ᠭᠠᠵᠠᠷ ᠪᠠᠶᠢᠵᠤ ᠂ ᠦᠢᠯᠡᠳᠪᠦᠷᠢᠯᠡᠯ ᠠᠵᠤ ᠠᠬᠤᠢ ᠶ᠋ᠢᠨ ᠨᠦᠬᠦᠴᠡᠯ ᠠᠨᠠᠶᠢᠬᠠᠨ ᠃ ᠨᠡᠶᠢᠭᠡᠮ ᠤᠨ ᠰᠤᠶᠤᠯ ᠭᠡᠭᠡᠷᠡᠯ ᠤᠨ ᠴᠢᠨᠠᠷ ᠴᠢᠨᠰᠠᠭ᠎ᠠ ᠡᠴᠠ ᠨᠦᠯᠦᠭᠡᠯᠡᠭᠲᠡᠨ ᠂ ᠢᠯᠠᠩᠭᠤᠶ᠎ᠠ ᠦᠷᠬᠦᠯᠵᠢ ᠲᠤᠬᠢᠶᠠᠯᠲᠤᠬᠤ ᠪᠠᠶᠢᠭᠠᠯᠢ ᠶ᠋ᠢᠨ ᠭᠠᠢ ᠭᠠᠮᠰᠢᠭ ᠪᠤᠯᠬᠤ ᠭᠠᠩᠲᠠᠯ ᠂ ᠤᠰᠤᠲᠠᠯ ᠂ ᠬᠢᠷᠠᠭᠤ ᠂ ᠰᠠᠯᠬᠢ ᠪᠤᠯᠤᠨ ᠬᠦᠮᠦᠨ ᠤ ᠪᠡᠶᠡᠴᠢ ᠬᠤᠬᠢᠷᠠᠭᠤᠯᠭ᠎ᠠ ᠡᠴᠠ ᠰᠢᠯᠲᠠᠭᠠᠯᠠᠭᠲᠠᠨ ᠦᠢᠯᠡᠳᠪᠦᠷᠢᠯᠡᠯ ᠤᠨ ᠬᠦᠴᠦᠨ ᠤ ᠬᠦᠭᠵᠢᠯᠲᠡ ᠤᠲᠠᠭᠠᠰᠢᠷᠠᠵᠤ ᠂ ᠮᠠᠯᠴᠢᠨ ᠲᠠᠷᠢᠶᠠᠴᠢᠳ ᠤᠨ ᠠᠵᠤ ᠠᠮᠢᠲᠤᠷᠠᠯ ᠰᠠᠶᠢᠵᠢᠷᠠᠬᠤ ᠨᠦᠬᠦᠴᠡᠯ ᠢᠶᠠᠷ ᠪᠠᠷᠤᠭᠲᠠᠶᠢᠬᠠᠨ ᠪᠠᠶᠢᠯ᠎ᠠ ᠃
1994 ᠤᠨ  ᠳᠦ  ᠭᠤᠷᠪᠠᠨᠬᠤᠸᠠ ᠰᠤᠮᠤ ᠨᠢ ᠵᠠᠭᠤᠨ ᠵᠢᠯ  ᠳᠤ ᠲᠤᠬᠢᠶᠠᠯᠲᠤᠭ᠎ᠠ ᠦᠭᠡᠢ ᠶᠡᠭᠡ ᠦᠶᠡᠷ ᠤᠰᠤᠲᠠᠯ  ᠳᠤ ᠲᠠᠭᠠᠷᠢᠭᠲᠠᠨ ᠂ ᠭᠡᠷ ᠪᠠᠶᠢᠰᠢᠩ ᠨᠤᠷᠠᠵᠤ ᠂ ᠪᠡᠯᠴᠢᠭᠡᠷ ᠲᠠᠷᠢᠶ᠎ᠠ ᠤᠰᠤᠲᠠᠭᠠᠳ ᠂ ᠬᠦᠮᠦᠨ ᠮᠠᠯ ᠬᠦᠨᠲᠦ ᠨᠤᠴᠢᠲᠠᠢ ᠭᠠᠢ ᠭᠠᠮᠰᠢᠭ ᠲᠤ ᠤᠴᠠᠷᠠᠪᠠ ᠃ ᠲᠡᠭᠡᠷ᠎ᠡ ᠱᠠᠲᠤᠨ ᠡᠴᠠ ᠲᠤᠬᠠᠢ ᠶ᠋ᠢᠨ ᠪᠠᠶᠢᠲᠠᠯ ᠢ ᠦᠨᠲᠦᠰᠦᠯᠡᠨ ᠲᠤᠬᠢᠷᠠᠭᠤᠯᠭ᠎ᠠ ᠬᠢᠵᠦ ᠂ ᠶᠢᠰᠦᠨ ᠭᠠᠴᠠᠭ᠎ᠠ ᠲᠤᠰᠬᠤᠨ ᠤ ᠮᠢᠩᠭᠠᠭᠠᠳ ᠡᠷᠦᠭᠡ ᠬᠦᠮᠦᠨ ᠠᠮᠨ ᠶ᠋ᠢ ᠦᠮᠨᠦᠭᠡ ᠬᠤᠰᠢᠭᠤ ᠰᠤᠮᠤᠨ  ᠳᠤ  ᠨᠡᠭᠦᠯᠭᠡᠵᠤ ᠂ ᠦᠯᠡᠳᠡᠭᠰᠡᠨ ᠭᠠᠴᠠᠭ᠎ᠠ ᠠᠶᠢᠯ ᠢᠶᠡᠨ ᠵᠤᠬᠢᠰᠲᠠᠢ ᠪᠠᠶᠢᠷᠢᠰᠢᠭᠤᠯᠤᠨ ᠲᠤᠬᠢᠷᠠᠭᠤᠯᠵᠠᠢ ᠃ ᠠᠵᠢᠯᠴᠢ ᠪᠤᠷᠤᠭᠵᠢᠭᠤᠨ  ᠭᠤᠷᠪᠠᠨᠬᠤᠸᠠ ᠶ᠋ᠢᠨ ᠬᠦᠮᠦᠰ ᠭᠠᠮᠰᠢᠭ ᠤᠨ ᠡᠮᠦᠨ᠎ᠡ ᠭᠠᠷ ᠨᠤᠬᠤᠯᠠᠨ ᠰᠠᠭᠤᠭ᠎ᠠ ᠦᠬᠡᠢ ᠂ ᠬᠦᠴᠢᠷᠲᠡᠯ ᠤᠨ ᠡᠮᠦᠨ᠎ᠡ ᠬᠦᠯ ᠬᠤᠶᠢᠰᠢ ᠤᠬᠤᠷᠢᠭ᠎ᠠ ᠦᠭᠡᠢ ᠂ ᠬᠠᠷᠢᠨ  ᠭᠤᠷᠪᠠᠡᠬᠤᠸᠠᠴᠤᠳ ᠤᠨ ᠭᠤᠶᠢᠪᠢᠰᠢ ᠦᠭᠡᠢ ᠡᠷᠴᠢ ᠵᠤᠷᠢᠭ ᠂ ᠢᠲᠡᠭᠡᠯ ᠵᠢᠪᠬᠤᠭ᠎ᠠ ᠪᠡᠷ ᠠᠵᠢᠯ ᠦᠢᠯᠡᠰ ᠲᠡᠬᠡᠨ ᠰᠢᠭᠤᠷᠬᠠᠶᠢᠯᠠᠵᠤ ᠂ ᠠᠵᠤ ᠠᠮᠢᠲᠤᠷᠠᠯ ᠢᠶᠡᠨ ᠦᠭᠡᠲᠡ ᠲᠠᠲᠠᠨ ᠂ ᠨᠤᠲᠤᠭ ᠤᠰᠤ ᠪᠠᠨ ᠪᠦᠲᠦᠭᠡᠨ ᠪᠠᠶᠢᠭᠤᠯᠬᠤ ᠪᠠᠷ ᠮᠡᠷᠡᠶᠢᠭᠰᠡᠭᠡᠷ ᠢᠷᠡᠪᠡ ᠃
ᠰᠢᠨ᠎ᠡ ᠵᠠᠭᠤᠨ ᠡᠴᠠ ᠨᠠᠭᠠᠰᠢ ᠂ ᠢᠯᠠᠩᠭᠤᠶ᠎ᠠ ᠰᠢᠨ᠎ᠡ ᠬᠤᠭᠤᠴᠠᠭᠠᠨ ᠤ ᠰᠤᠮᠤ ᠶ᠋ᠢᠨ ᠨᠠᠮ ᠤᠨ ᠬᠤᠷᠢᠶ᠎ᠠ ᠂ ᠵᠠᠰᠠᠭ ᠤᠨ ᠤᠷᠲᠤᠨ ᠤ ᠤᠳᠤᠷᠢᠳᠬᠤ ᠪᠠᠭ ‍ᠤᠨ ᠬᠢᠨ ᠦᠨᠠᠨ ᠡᠴᠠ ᠵᠦᠪ ᠢ ᠪᠠᠷᠢᠮᠲᠠᠯᠠᠬᠤ ᠵᠤᠷᠢᠭ ᠰᠠᠨᠠᠭ᠎ᠠ ᠪᠡᠷ 《 ᠬᠦᠴᠦ ᠲᠤᠷᠪᠢᠲᠠᠢ ᠂ ᠪᠠᠶᠠᠨ ᠴᠢᠨᠡᠭᠡᠯᠢᠭ ᠂ ᠡᠶ᠎ᠡ ᠨᠠᠶᠢᠷᠠᠮᠳᠠᠭᠤ ᠂ ᠰᠤᠶᠤᠯᠵᠢᠭᠰᠠᠨ  ᠭᠤᠷᠪᠠᠨᠬᠤᠸᠠ 》 ᠶ᠋ᠢ ᠪᠦᠲᠦᠭᠡᠨ ᠪᠠᠶᠢᠭᠤᠯᠬᠤ ᠪᠡᠷ ᠬᠠᠷᠠᠯᠲᠠ ᠪᠤᠯᠭᠠᠵᠤ ᠂ 《 ᠠᠮᠢ ᠠᠬᠤᠢ ᠶ᠋ᠢᠨ ᠪᠤᠯᠪᠠᠰᠤᠨ ᠰᠤᠮᠤ ᠂ ᠠᠷᠠᠡᠰᠢᠨ ᠲᠠᠳᠬᠠᠯ ᠤᠨ ᠰᠤᠶᠤᠯᠵᠢᠭᠤᠨ ᠰᠤᠮᠤ ᠂ ᠠᠮᠤ ᠲᠠᠷᠢᠶᠠᠨ ᠤ ᠴᠢᠨᠠᠷᠵᠢᠭᠤᠨ ᠰᠤᠮᠤ ᠂ ᠠᠯᠠᠭ ᠦᠬᠡᠷ ᠤᠨ ᠦᠷᠡᠵᠢᠬᠦᠨ ᠰᠤᠮᠤ 》 ᠪᠤᠯᠭᠠᠬᠤ ᠲᠦᠷᠪᠡᠨ ᠶᠡᠬᠡ ᠪᠠᠶᠢᠯᠲᠤᠬᠤ ᠪᠤᠲᠤᠯᠭ᠎ᠠ ᠶ᠋ᠢ ᠪᠤᠲᠠᠲᠠᠶᠢᠵᠢᠭᠤᠯᠤᠨ ᠬᠡᠷᠡᠭᠵᠢᠬᠦᠯᠵᠦ ᠂ 《 ᠠᠮᠢ ᠠᠬᠤᠢ ᠶ᠋ᠢᠨ ᠪᠦᠲᠦᠭᠡᠨ ᠪᠠᠶᠢᠭᠤᠯᠤᠯᠲᠠ ᠪᠡᠷ ᠦᠨᠲᠦᠰᠦ ᠪᠤᠯᠭᠠᠵᠤ ᠂ ᠲᠠᠷᠢᠶᠠᠯᠠᠩ ᠤᠨ ᠪᠦᠲᠦᠴᠡ ᠶ᠋ᠢᠨ ᠲᠤᠬᠢᠷᠠᠭᠤᠯᠤᠯᠲᠠ ᠪᠤᠯᠤᠨ ᠮᠠᠯ ᠤᠨ ᠡᠬᠦᠯᠲᠡᠷ ᠰᠠᠶᠢᠵᠢᠷᠠᠭᠤᠯᠤᠯᠲᠠ ᠳᠤ ᠰᠠᠭᠤᠷᠢᠯᠠᠨ ᠂ ᠬᠤᠲᠠᠯᠲᠤᠭᠠᠴᠢᠨ ᠤᠷᠢᠵᠤ ᠪᠡᠯᠨ ᠤᠷᠤᠭᠤᠯᠬᠤ ᠪᠠ ᠦᠢᠯᠡᠳᠪᠦᠷᠢ ᠠᠵᠤ ᠠᠬᠤᠢ ᠶ᠋ᠢᠨ ᠬᠦᠭᠵᠢᠯᠲᠡ ᠶ᠋ᠢ ᠰᠢᠪᠲᠤᠯᠤᠭᠠᠳ ᠂ ᠠᠮᠤᠷ ᠠᠮᠤᠭᠤᠯᠠᠡᠭ ᠂ ᠡᠶ᠎ᠡ ᠨᠠᠶᠢᠷᠠᠮᠳᠠᠭᠤ ᠰᠤᠮᠤ ᠶ᠋ᠢ ᠡᠬᠦᠲᠦᠨ ᠪᠠᠶᠢᠭᠤᠯᠵᠤ ᠂ ᠪᠦᠬᠦ ᠬᠤᠰᠢᠭᠤ ᠰᠤᠮᠤᠨ ᠤ ᠠᠵᠤ ᠠᠬᠤᠢ ᠨᠡᠶᠢᠭᠡᠮ ᠤᠨ ᠪᠦᠲᠦᠭᠡᠨ ᠪᠠᠶᠢᠭᠤᠯᠤᠯᠲᠠ ᠶ᠋ᠢᠨ ᠲᠡᠷᠢᠬᠦᠨ ᠳᠤ ᠴᠣᠯᠭᠤᠷᠠᠬᠤ 》 ᠪᠡᠷ ᠱᠠᠭᠠᠷᠲᠠᠯᠭ᠎ᠠ ᠪᠤᠯᠭᠠᠨ ᠡᠯ᠎ᠡ ᠦᠨᠲᠦᠰᠦᠲᠡᠨ ᠤ ᠠᠷᠠᠳ ᠤᠯᠠᠨ ᠢᠶᠡᠨ ᠲᠠᠶᠢᠴᠢᠯᠠᠨ ᠲᠠᠭᠠᠭᠤᠯᠵᠤ ᠠᠮᠵᠢᠯᠲᠠ ᠪᠦᠲᠦᠮᠵᠢᠲᠠᠢ ᠠᠵᠢᠯᠯᠠᠭᠰᠠᠭᠠᠷ ᠢᠷᠡᠪᠡ ᠃
ᠨᠢᠭᠡᠲᠦᠭᠡᠷ ᠲᠤ ᠂ ᠠᠵᠤ ᠦᠢᠯᠡᠳᠪᠦᠷᠢᠯᠡᠯ  ᠳᠤ ᠲᠤᠬᠢᠷᠠᠭᠤᠯᠤᠯᠲᠠ ᠬᠢᠵᠦ ᠂ ᠨᠢᠭᠡᠲᠦᠯᠲᠠᠢ ᠲᠦᠯᠦᠪᠯᠡᠨ ᠬᠦᠭᠵᠢᠬᠦᠯᠵᠠᠢ ᠃
1. ᠠᠵᠤ ᠦᠢᠯᠡᠳᠪᠦᠷᠢ ᠶ᠋ᠢᠨ ᠦᠢᠯᠡᠳᠬᠡᠭᠦᠨ ᠤ ᠨᠤᠷᠮ᠎ᠠ ᠶ᠋ᠢᠨ 《 ᠲᠡᠭ 》 ᠪᠠᠶᠢᠭᠰᠠᠨ ᠪᠠᠶᠢᠲᠠᠯ ᠢ ᠲᠦᠢᠯᠪᠦᠷᠢᠲᠡᠢ ᠦᠭᠡᠷᠡᠴᠢᠯᠡᠪᠡ ᠃ ᠤᠶᠢᠷ᠎ᠠ ᠶ᠋ᠢᠨ ᠵᠢᠯ ᠤᠳ ᠲᠤ ᠰᠤᠮᠤ ᠶ᠋ᠢᠨ ᠨᠠᠮ ᠤᠨ ᠬᠤᠷᠢᠶ᠎ᠠ ᠂ ᠵᠠᠰᠠᠭ ᠤᠨ ᠤᠷᠲᠤᠨ ᠭᠠᠲᠠᠨ᠎ᠠ ᠡᠴᠠ ᠳ᠋ᠦᠩᠰᠢᠭᠤᠷ ᠢᠯᠡᠬᠦᠦ ᠲᠦᠬᠦᠷᠢᠭ ᠪᠡᠯᠨ ᠮᠦᠡᠭᠭᠦ ᠤᠷᠤᠭᠤᠯᠵᠤ ᠂ 《 ᠮᠸᠢ ᠺᠸ ᠱᠢ 》 ᠪᠤᠷᠲᠤᠭᠤᠷ ᠤᠨ ᠦᠢᠯᠡᠰ ᠂ 《 ᠬᠤᠤ ᠲᠢᠶᠠᠨ 》 ᠬᠢᠮᠢ ᠶ᠋ᠢᠨ ᠠᠵᠤ ᠦᠢᠯᠡᠳᠪᠦᠷᠢ ᠵᠡᠷᠭᠡ ᠬᠡᠪᠴᠢᠶᠡᠲᠦ ᠠᠵᠤ ᠠᠬᠤᠶᠢᠯᠠᠯ ᠢ ᠵᠢᠷᠭᠤᠭ᠎ᠠ ᠪᠠᠶᠢᠭᠤᠯᠤᠭᠰᠠᠨ ᠪᠠ ᠲᠤᠰ ᠭᠠᠵᠠᠷ ᠤᠨ ᠠᠵᠤ ᠠᠬᠤᠶᠢᠯᠠᠯ ᠢᠶᠡᠨ ᠭᠤᠷᠪᠠ ᠶ᠋ᠢ ᠲᠡᠳᠬᠦᠨ ᠬᠦᠭᠵᠢᠬᠦᠯᠦᠭᠡᠳ ᠂ ᠠᠵᠤ ᠦᠢᠯᠡᠳᠪᠦᠷᠢ ᠶ᠋ᠢᠨ ᠦᠢᠯᠡᠳᠭᠡᠬᠦᠨ ᠤ ᠬᠡᠮᠵᠢᠭᠲᠡᠯ ᠢᠶᠡᠨ 1500 ᠲᠦᠭᠦᠷᠢᠭ ᠲᠤ ᠬᠦᠷᠭᠡᠵᠡᠢ ᠃ 10 ᠭᠠᠷᠤᠢ ᠳ᠋ᠦᠩᠰᠢᠭᠤᠷ ᠲᠦᠬᠦᠷᠢᠭ ᠤᠨ 《 ᠬᠤᠸᠨ ᠨᠸᠩ 》  ᠰᠠᠯᠬᠢᠨ ᠬᠦᠴᠦᠨ ᠤ ᠴᠠᠬᠢᠯᠭᠠᠨ ᠭᠠᠷᠭᠠᠭᠤᠷ ᠂ 《 ᠳ᠋ᠦᠩ ᠰᠢᠩ 》 ᠰᠠᠯᠬᠢᠨ ᠬᠦᠴᠦᠨ ᠤ ᠴᠠᠬᠢᠯᠭᠠᠨ ᠭᠠᠷᠭᠠᠭᠤᠷ ᠤᠭᠰᠠᠷᠠᠵᠤ ᠂ ᠤᠯᠤᠰ ᠤᠨ ᠴᠠᠬᠢᠯᠭᠠᠨ ᠤ ᠠᠵᠤ ᠠᠬᠤᠶᠢᠯᠠᠯ ᠭᠤᠷᠪᠠᠨᠬᠤᠸᠨ ᠳ᠋ᠣ ᠰᠠᠭᠤᠷᠢᠰᠢᠭᠰᠠᠨ ᠨᠢ ᠰᠤᠮᠤᠨ ᠤ ᠠᠵᠤ ᠠᠬᠤᠢ ᠶ᠋ᠢᠨ ᠦᠷᠬᠦᠯᠵᠢᠯᠡᠬᠦᠢ ᠬᠦᠭᠵᠢᠯᠲᠡ ᠶ᠋ᠢᠨ ᠰᠢᠨ᠎ᠡ ᠬᠦᠴᠦᠨ ᠢ ᠲᠠᠶᠢᠴᠢᠯᠠᠭᠰᠠᠨ ᠪᠠᠶᠢᠨ᠎ᠠ ᠃
2. ᠮᠠᠯ ᠠᠵᠤ ᠠᠬᠤᠢ ᠶ᠋ᠢ 《 ᠡᠷᠴᠢᠮᠵᠢᠬᠦᠨ ᠂ ᠬᠡᠪᠴᠢᠶᠡᠯᠢᠭ ᠂ ᠡᠭᠦᠯᠲᠡᠷ ᠰᠠᠶᠢᠵᠢᠷᠠᠭᠤᠯᠬᠤ 》 ᠪᠠᠷᠢᠮᠵᠢᠶ᠎ᠠ ᠪᠡᠷ ᠠᠷᠠᠴᠢᠯᠠᠨ ᠮᠠᠯᠵᠢᠬᠤ ᠲᠡᠶᠢᠰᠢ ᠬᠠᠨᠲᠤᠭᠤᠯᠵᠤ ᠂ ᠲᠠᠷᠢᠶᠠᠯᠠᠩ ᠠᠵᠤ ᠠᠬᠤᠢ ᠶ᠋ᠢ 《 ᠦᠨᠲᠦᠷ ᠤᠨᠠᠯᠲᠠ ᠲᠠᠢ ᠂ ᠤᠨᠴᠠᠯᠢᠭ ᠲᠠᠢ ᠂ ᠠᠵᠤ ᠠᠬᠤᠶᠢᠯᠠᠯ ᠤᠨ ᠰᠢᠨᠵᠢ ᠲᠠᠢ 》 ᠪᠤᠯᠭᠠᠨ ᠬᠦᠭᠵᠢᠬᠦᠯᠬᠦ ᠲᠡᠶᠢᠰᠢ ᠬᠦᠲᠦᠯᠪᠡ ᠃ ᠮᠠᠯ ᠮᠠᠯᠵᠢᠯ ᠪᠤᠯ ᠭᠤᠷᠪᠠᠡᠬᠤᠸᠨ ᠶ᠋ᠢᠨ ᠤᠯᠠᠮᠵᠢᠯᠠᠯᠲᠤ ᠠᠵᠤ ᠠᠬᠤᠶᠢᠯᠠᠯ ᠮᠦᠨ ᠃ ᠰᠤᠮᠤ ᠶ᠋ᠢᠨ ᠨᠠᠮ ᠤᠨ ᠬᠤᠷᠢᠶ᠎ᠠ ᠂ ᠵᠠᠰᠠᠭ ᠤᠨ ᠤᠷᠲᠤᠨ ᠡᠴᠠ ᠮᠠᠯᠴᠢᠨ ᠲᠠᠷᠢᠶᠠᠴᠢᠨ ᠳᠤ ᠰᠢᠨ᠎ᠡ ᠮᠠᠯᠵᠢᠯ ᠤᠨ ᠦᠵᠡᠯᠲᠡ ᠶ᠋ᠢ ᠪᠤᠢ ᠪᠤᠯᠭᠠᠬᠤ ᠶ᠋ᠢ ᠤᠬᠠᠭᠤᠯᠵᠤ ᠂ ᠮᠠᠯᠵᠢᠯ ᠤᠨ ᠡᠷᠦᠬᠡ ᠶ᠋ᠢ ᠲᠡᠮᠵᠢᠨ ᠮᠠᠯᠵᠢᠯ ᠤᠨ ᠠᠷᠭ᠎ᠠ ᠮᠠᠶᠢᠭ ᠶ᠋ᠢ ᠨᠢ ᠬᠤᠪᠢᠷᠠᠭᠤᠯᠵᠦ ᠂ ᠮᠠᠯ ᠤᠨ ᠡᠬᠦᠯᠲᠡᠷ ᠢ ᠰᠠᠶᠢᠵᠢᠷᠠᠭᠤᠯᠪᠠ ᠃ ᠪᠠᠶᠠᠨᠲᠠᠯ᠎ᠠ ᠭᠠᠴᠠᠭᠠᠨ ᠤ 《 ᠨᠤᠲᠤᠭ 》 ᠨᠡᠷᠡᠮᠵᠢᠲᠦ ᠮᠠᠯ ᠲᠡᠵᠢᠭᠡᠪᠦᠷᠢ ᠶ᠋ᠢᠨ ᠬᠢᠵᠠᠭᠠᠷᠲᠤ  ᠺᠤᠮᠫᠠᠨᠢ᠂ ᠵᠡᠬᠦᠨ ᠮᠤᠷᠤᠢ ᠭᠠᠴᠠᠭᠠᠨ ᠤ 《 ᠮᠦᠭᠡᠷᠦ 》 ᠨᠡᠷᠡᠮᠵᠢᠲᠦ ᠮᠠᠯ ᠲᠡᠵᠢᠭᠡᠪᠦᠷᠢ ᠶ᠋ᠢᠨ ᠬᠢᠵᠠᠭᠠᠷᠲᠤ  ᠺᠤᠮᠫᠠᠨᠢ ᠂ ᠰᠦᠬᠡ ᠶ᠋ᠢᠨ ᠭᠠᠬᠠᠢ ᠲᠡᠵᠢᠬᠡᠬᠦ ᠲᠠᠯᠠᠪᠠᠢ ᠪᠤᠯᠤᠨ ᠪᠠᠷᠠᠭᠤᠨ ᠮᠤᠷᠤᠢ ᠶ᠋ᠢᠨ ᠪᠠᠢ ᠱᠤᠸᠠᠩᠰᠢ ᠶ᠋ᠢᠨ ᠢᠮᠠᠭ᠎ᠠ  ᠠᠷᠠᠴᠢᠯᠠᠬᠤ ᠦᠢᠯᠡᠰ ᠵᠡᠷᠬᠡ ᠨᠢ ᠶᠡᠬᠡ ᠬᠡᠪᠴᠢᠶ᠎ᠡ ᠪᠡᠷ ᠂ ᠰᠢᠨᠵᠢᠯᠡᠬᠦ ᠤᠬᠠᠭᠠᠨᠴᠢ ᠪᠡᠷ ᠲᠡᠵᠢᠭᠡᠨ ᠠᠷᠠᠴᠢᠯᠠᠭᠰᠠᠨ ᠰᠢᠨ᠎ᠡ ᠭᠡᠪ ᠲᠦᠷᠢᠮ ᠪᠤᠯᠵᠤ ᠂ ᠡᠳᠡᠭᠡᠷ ᠦᠢᠯᠡᠰ ᠨᠢ ᠮᠠᠯ ᠲᠡᠵᠢᠬᠡᠪᠦᠷᠢ ᠶ᠋ᠢᠨ ᠰᠢᠨ᠎ᠡ ᠮᠡᠷᠬᠡᠵᠢᠯ ᠪᠤᠯᠤᠨ ᠰᠢᠨ᠎ᠡ ᠬᠡᠪᠴᠢᠶ᠎ᠡ ᠬᠡᠯᠪᠡᠷᠢ ᠶ᠋ᠢ ᠲᠡᠯᠬᠡᠷᠡᠬᠦᠯᠦᠨ ᠲᠦᠭᠡᠮᠡᠯᠵᠢᠬᠦᠯᠬᠦ ᠶ᠋ᠢ ᠬᠦᠴᠦᠲᠠᠢ ᠠᠬᠢᠭᠤᠯᠤᠭᠰᠠᠨ ᠪᠠᠶᠢᠨ᠎ᠠ ᠃ ᠲᠠᠷᠢᠯᠭ᠎ᠠ ᠶ᠋ᠢᠨ ᠠᠰᠢᠭ ᠢ ᠨᠡᠮᠡᠭᠲᠡᠬᠦᠯᠵᠦ ᠲᠠᠷᠢᠶᠠᠴᠢᠨ ᠤ ᠬᠤᠷᠢᠶᠠᠯᠲᠠ ᠶ᠋ᠢ ᠦᠰᠭᠡᠬᠦ ᠵᠤᠷᠢᠯᠭ᠎ᠠ ᠪᠡᠷ ᠲᠠᠷᠢᠰᠢᠨ ᠤ ᠪᠦᠲᠦᠴᠡ  ᠳᠤ ᠲᠤᠬᠢᠷᠠᠭᠤᠯᠤᠯᠲᠠ ᠬᠢᠵᠤ ᠡᠯ᠎ᠡ ᠵᠦᠢᠯ ᠤᠨ ᠠᠮᠤ ᠲᠠᠷᠢᠶ᠎ᠠ ᠂ ᠪᠤᠷᠴᠠᠭ ᠂ ᠨᠠᠷᠠᠨ ᠬᠤᠸᠠᠷ ᠂ ᠤᠯᠠᠭᠠᠨ ᠬᠠᠯᠠᠭᠤᠨ ᠨᠤᠭᠤᠭ᠎ᠠ ᠵᠡᠷᠭᠡ ᠤᠬᠢ ᠬᠤᠷᠢᠶᠠᠯᠲᠠ ᠲᠠᠢ ᠲᠠᠷᠢᠰᠢᠨ ᠤ ᠲᠠᠯᠠᠪᠠᠢ ᠶ᠋ᠢ ᠦᠷᠬᠡᠳᠭᠡᠭᠰᠡᠨ ᠪᠠᠶᠢᠨ᠎ᠠ ᠃ ᠡᠶᠢᠮᠦᠷᠬᠦᠦ ᠦᠪᠡᠷᠮᠢᠴᠨ ᠤᠨᠴᠠᠯᠢᠭᠲᠤ ᠲᠠᠷᠢᠮᠠᠯ ᠢᠶᠠᠷ ᠤᠯᠠᠨ ᠲᠦᠮᠡᠨ ᠤ ᠤᠯᠵᠠ ᠤᠷᠤᠯᠭ᠎ᠠ ᠶ᠋ᠢᠨ ᠰᠢᠨ᠎ᠡ ᠨᠡᠮᠡᠭᠲᠡᠯ ᠤᠨ ᠴᠡᠭ ᠪᠤᠯᠭᠠᠪᠠ ᠃
3. ᠲᠠᠯ᠎ᠠ ᠨᠤᠲᠤᠭ ᠤᠨ ᠰᠤᠶᠤᠯ ᠤᠨ ᠪᠦᠲᠦᠭᠡᠨ ᠪᠡᠶᠢᠭᠤᠯᠤᠯᠲᠠ ᠪᠡᠷ ᠭᠤᠷᠪᠠᠳᠤᠭᠠᠷ ᠠᠵᠤ ᠠᠬᠤᠶᠢᠯᠠᠯ ᠤᠨ ᠭᠦᠭᠵᠢᠯᠲᠡ ᠶ᠋ᠢ ᠠᠬᠢᠭᠤᠯᠪᠠ ᠃ ᠲᠡᠮᠡᠭᠡᠲᠤᠰᠨ ᠶ᠋ᠢᠨ 《 ᠵᠢᠯᠠᠭᠠᠨ ᠤᠪᠤᠭ᠎ᠠ 》 ᠶ᠋ᠢᠨ ᠲᠠᠬᠢᠯᠭ᠎ᠠ ᠂ ᠪᠠᠶᠠᠨᠲᠠᠯ᠎ᠠ ᠶ᠋ᠢᠨ ᠨᠠᠭᠠᠲᠤᠮ ᠨᠠᠶᠢᠷ ᠢᠶᠠᠷ ᠭᠤᠤᠯᠯᠠᠭᠰᠠᠨ ᠲᠠᠯ᠎ᠠ ᠨᠤᠲᠤᠭ ᠤᠨ ᠤᠯᠠᠮᠵᠢᠯᠠᠯᠲᠤ ᠰᠤᠶᠤᠯ ᠂ 《 ᠪᠠᠶᠠᠨ ᠳᠡᠯᠡᠬᠡᠢ ᠵᠤᠭᠠᠴᠡᠯ ᠤᠨ ᠭᠠᠵᠠᠷ 》 ᠵᠡᠷᠭᠡ ᠪᠡᠷ ᠭᠤᠤᠯᠯᠠᠭᠰᠠᠨ ᠮᠤᠩᠭᠤᠯ ᠢᠲᠡᠭᠡᠨ ᠤᠮᠲᠠᠭᠠᠨ ᠤ ᠰᠤᠶᠤᠯ ᠂ ᠠᠷᠠᠳ ᠤᠨ ᠲᠠᠭᠤᠤ ᠪᠦᠵᠢᠭ ᠭᠦᠭᠵᠢᠮ ᠢᠶᠠᠷ ᠭᠤᠤᠯᠯᠠᠭᠰᠠᠨ ᠤᠳᠬ᠎ᠠ ᠤᠷᠠᠯᠢᠭ ᠰᠤᠶᠤᠯ ᠂ 《 ᠭᠡᠭᠡᠷ᠎ᠡ ᠲᠠᠯ᠎ᠠ ᠪᠡᠷ ᠵᠤᠭᠠᠴᠠᠨ ᠂ ᠭᠡᠭᠡᠨᠴᠢᠷ ᠤᠲᠠ ᠰᠤᠨᠢᠷᠬᠠᠨ ᠂ ᠡᠯᠡᠰᠦᠨ ᠲᠠᠯᠠᠢ  ᠳᠤ ᠠᠶᠠᠯᠠᠬᠤ 》 ᠪᠡᠷ ᠭᠤᠤᠯᠯᠠᠭᠰᠠᠨ ᠵᠤᠭᠠᠴᠠᠯ ᠤᠨ ᠰᠤᠶᠤᠯ ᠵᠡᠷᠭᠡ ᠪᠤᠯ ᠰᠤᠮᠤ ᠶ᠋ᠢᠨ ᠨᠠᠮ ᠤᠨ ᠬᠤᠷᠢᠶ᠎ᠠ ᠂ ᠵᠠᠰᠠᠭ ᠤᠨ ᠤᠷᠲᠤᠨ ᠡᠴᠠ 《 ᠰᠤᠶᠤᠯᠵᠢᠭᠰᠠᠨ  ᠭᠤᠷᠪᠠᠨᠬᠤᠸᠠ》 ᠶ᠋ᠢ ᠪᠦᠲᠦᠭᠡᠨ ᠪᠠᠶᠢᠭᠤᠯᠬᠤ ᠶᠠᠪᠤᠴᠠ ᠳ᠋ᠠᠭᠠᠨ ᠰᠢᠭᠤᠷᠬᠠᠶᠢᠯᠠᠨ ᠱᠤᠭᠤᠭᠰᠠᠨ ᠲᠦᠷᠪᠠᠨ ᠲᠤᠮᠤ ᠰᠤᠶᠤᠯ ᠵᠢᠭᠤᠯᠴᠢᠯᠠᠯ ᠤᠨ ᠲᠡᠮᠲᠡᠭ ᠪᠠᠶᠢᠭ᠎ᠠ ᠶᠤᠮ ᠃ ᠨᠡᠷ᠎ᠡ ᠲᠡᠮᠲᠡᠭᠲᠦ ᠰᠤᠶᠤᠯ ᠤᠨ ᠪᠠᠶᠢᠭᠤᠯᠤᠯᠲᠠ ᠨᠢ ᠦᠢᠯᠡᠴᠢᠯᠡᠭᠡᠨ ᠤ ᠭᠦᠭᠵᠢᠯᠲᠡ ᠶ᠋ᠢ ᠠᠬᠢᠭᠤᠯᠤᠭᠠᠳ ᠂ 2010 ᠤᠨ  ᠳᠤ ᠭᠤᠷᠪᠠᠲᠤᠭᠡᠷ ᠠᠵᠤ ᠠᠬᠤᠶᠢᠯᠠᠯ ᠤᠨ ᠵᠢᠯ ᠤᠨ ᠤᠯᠵᠠ ᠤᠷᠤᠯᠭ᠎ᠠ ᠶ᠋ᠢ 1800 ᠲᠦᠮᠡᠨ ᠲᠦᠭᠦᠷᠢᠭ ᠲᠤ ᠬᠦᠷᠭᠡᠭᠰᠡᠨ ᠪᠠᠶᠢᠨ᠎ᠠ ᠃ ᠰᠤᠮᠤᠨ ᠤ ᠵᠢᠵᠢᠭ ᠬᠤᠲᠠ ᠪᠠᠯᠭᠠᠰᠤᠨ ᠤ ᠪᠦᠲᠦᠭᠡᠨ ᠪᠠᠶᠢᠭᠤᠯᠤᠯᠲᠠ ᠴᠤ ᠲᠡᠦᠭᠡᠨ ᠴᠢᠨᠠᠷᠲᠠᠢ ᠲᠠᠪᠰᠢᠯᠲᠠ ᠲᠠᠢ ᠪᠠᠶᠢᠵᠤ ᠂ ᠪᠠᠶᠠᠨᠲᠠᠯ᠎ᠠ ᠶ᠋ᠢᠨ ᠵᠡᠭᠡᠯᠢ ᠲᠤᠮᠲᠠᠭᠤᠷ 4 ᠵᠤᠷᠪᠤᠰ 3600 ᠮᠸᠲ᠋ᠷ ᠤᠷᠲᠤ ᠴᠠᠷᠲᠠᠮᠠᠯ ᠵᠠᠮ ᠵᠠᠰᠠᠨ ᠂ 《 ᠲᠦᠷᠪᠡᠨ ᠵᠡᠭᠡᠯᠢ ᠭᠤᠷᠪᠠᠨ ᠭᠤᠲᠤᠮᠵᠢ 》 ᠶ᠋ᠢᠨ ᠲᠦᠯᠦᠪ ᠲᠠᠢ ᠪᠤᠯᠭᠠᠵᠤ ᠂ 230 ᠵᠠᠮ ᠤᠨ ᠳ᠋ᠸᠩ ᠪᠤᠯᠤᠨ ᠵᠠᠰᠠᠯ ᠤᠨ ᠳ᠋ᠸᠩ ᠡᠯᠬᠦᠵᠠᠢ ᠃ ᠪᠠᠰᠨ ᠭᠤᠤᠯ ᠵᠡᠭᠡᠯᠢ ᠶ᠋ᠢᠨ ᠵᠠᠮ ᠪᠤᠯᠤᠨ ᠴᠤᠭᠯᠠᠭ᠎ᠠ ᠠᠷᠠᠯᠵᠢᠶᠠᠨ ᠤ ᠵᠠᠬ᠎ᠠ ᠲᠡᠯᠭᠡᠬᠦᠷ ᠢ ᠦᠷᠭᠡᠳᠭᠡᠨ ᠪᠠᠶᠢᠭᠤᠯᠵᠤ ᠂ ᠰᠢᠨ᠎ᠡ ᠬᠤᠲᠠᠯᠲᠤᠭᠠᠨ ᠤ ᠭᠡᠷ 178 ᠲᠠᠰᠤᠯᠭ᠎ᠠ ᠂ 8300 ᠲᠡᠭᠰᠢ ᠲᠦᠷᠪᠡᠯᠵᠢᠨ ᠮᠸᠲ᠋ᠷ ᠪᠠᠷᠢᠭᠰᠠᠨ ᠡᠴᠠ ᠲᠠᠪᠤᠨ ᠵᠢᠯ ᠤᠨ ᠬᠤᠭᠤᠷᠤᠨᠲᠤ ᠬᠤᠪᠢ ᠶ᠋ᠢᠨ ᠬᠤᠲᠠᠯᠲᠤᠭ᠎ᠠ ᠪᠤᠶᠤ ᠬᠤᠪᠢ ᠶ᠋ᠢᠨ ᠠᠷᠠᠯᠵᠢᠶᠠᠴᠢᠨ150 ᠡᠷᠦᠭᠡ ᠡᠴᠠ ᠬᠡᠲᠦᠷᠡᠵᠤ ᠂ ᠨᠡᠯᠢᠶᠡᠳ ᠪᠦᠷᠢᠨ ᠲᠡᠬᠦᠯᠲᠡᠷ ᠦᠢᠯᠡᠴᠢᠯᠡᠭᠡᠨ ᠤ ᠰᠢᠰᠲ᠋ᠸᠮ ᠢ ᠪᠤᠢ ᠪᠤᠯᠭᠠᠵᠠᠢ ᠃
ᠬᠤᠶᠠᠲᠤᠭᠠᠷ ᠲᠤ ᠂ ᠤᠷᠤᠨ ᠰᠠᠭᠤᠴᠠ ᠶ᠋ᠢᠨ ᠤᠷᠴᠢᠨ ᠲᠤᠭᠤᠷᠢᠨ ᠢ ᠰᠠᠶᠢᠵᠢᠷᠠᠭᠤᠯᠵᠤ ᠂ ᠦᠨᠲᠤᠰᠦᠨ ᠪᠦᠲᠦᠭᠡᠨ ᠪᠠᠶᠢᠭᠤᠯᠤᠯᠲᠠ ᠶ᠋ᠢ ᠡᠷᠴᠢᠮᠵᠢᠬᠦᠯᠪᠡ ᠃
1. ᠪᠢᠲᠡᠬᠦᠮᠵᠢᠯᠡᠭᠦ   ᠎-- ᠡᠯᠡᠰᠦ ᠶ᠋ᠢ ᠪᠢᠲᠡᠬᠦᠮᠵᠢᠯᠡᠨ ᠤᠢ ᠮᠤᠲᠤ ᠲᠠᠷᠢᠵᠤ ᠂ ᠠᠮᠢ ᠠᠬᠤᠢ ᠶ᠋ᠢᠨ ᠪᠦᠲᠦᠭᠡᠨ ᠪᠠᠶᠢᠭᠤᠯᠤᠯᠲᠠ ᠶ᠋ᠢ ᠠᠳᠬᠤᠭᠰᠠᠨ ᠡᠴᠠ ᠤᠢ ᠰᠢᠭᠤᠢ ᠶ᠋ᠢᠨ ᠪᠦᠷᠬᠦᠴᠡ ᠶ᠋ᠢᠨ ᠨᠤᠷᠮ᠎ᠠ 30% ᠬᠦᠷᠴᠦ ᠂ ᠶᠡᠭᠡᠲᠠᠴᠢᠨ ᠂ ᠦᠯᠦᠩᠲᠠᠢ ᠵᠡᠷᠬᠡ 12 ᠭᠠᠴᠠᠭ᠎ᠠ ᠲᠤᠰᠬᠤᠨ ᠨᠤᠭᠤᠭᠠᠷᠠᠭᠤᠯᠤᠯᠲᠠ ᠶ᠋ᠢᠨ ᠲᠦᠰᠦᠪ ᠢᠶᠡᠨ ᠪᠡᠶᠡᠯᠡᠬᠦᠯᠦᠭᠡᠳ ᠂ ᠤᠷᠤᠨ ᠰᠠᠭᠤᠴᠠ ᠶ᠋ᠢᠨ ᠤᠷᠴᠢᠨ ᠲᠤᠭᠤᠷᠢᠨ ᠢᠶᠡᠨ ᠦᠩᠭᠡᠵᠢᠬᠦᠯᠦᠨ ᠰᠠᠶᠢᠵᠢᠷᠠᠭᠤᠯᠪᠠ ᠃
2. ᠪᠤᠴᠠᠭᠠᠬᠤ -- ᠲᠠᠷᠢᠶᠠᠨ ᠭᠠᠵᠠᠷ ᠢ ᠪᠤᠴᠠᠭᠠᠨ ᠤᠶᠢᠵᠢᠭᠤᠯᠬᠤ ᠂ ᠡᠪᠡᠰᠦ ᠪᠠᠯᠴᠢᠭᠡᠷ ᠢ ᠬᠦᠷᠢᠶᠡᠯᠡᠨ ᠬᠠᠮᠠᠭᠠᠯᠠᠬᠤ ᠶ᠋ᠢ ᠨᠠᠶᠢᠲᠠᠪᠤᠷᠢᠵᠢᠭᠤᠯᠵᠤ ᠂ ᠬᠠᠮᠢᠶ᠎ᠠ ᠪᠦᠬᠦᠢ ᠦᠨᠲᠦᠰᠦᠨ ᠪᠦᠲᠦᠭᠡᠨ ᠪᠠᠶᠢᠭᠤᠯᠤᠯᠲᠠ ᠶ᠋ᠢᠨ ᠢᠡᠵᠸᠨ᠋ᠸᠷᠢᠡᠭ ‍ᠢ ᠪᠡᠶᠡᠯᠡᠬᠦᠯᠪᠠ ᠃     2.6 ᠳ᠋ᠦᠩᠰᠢᠭᠤᠷ ᠪᠡᠯᠨ ᠮᠦᠩᠬᠦ ᠵᠠᠷᠤᠴᠠᠭᠤᠯᠵᠤ ᠂ ᠬᠦᠮᠦᠨ ᠮᠠᠯ ᠤᠨ ᠤᠤᠭᠤᠬᠤ ᠴᠡᠩᠬᠡᠭ ᠤᠰᠤ ᠪᠤᠯᠤᠨ ᠤᠰᠤ ᠠᠷᠪᠢᠯᠠᠨ ᠲᠠᠷᠢᠶ᠎ᠠ ᠤᠰᠤᠯᠠᠬᠤ ᠮᠠᠰᠢᠨ ᠬᠤᠳᠲᠤᠭ 868 ᠂ ᠦᠷᠦᠮᠲᠡᠬᠦᠷ ᠬᠤᠳᠲᠤᠭ 1258 ᠭᠠᠷᠭᠠᠵᠤ ᠂ ᠬᠤᠳᠲᠤᠭ ᠤᠨ ᠭᠡᠷ 76 ᠶ᠋ᠢ ᠰᠢᠨ᠎ᠡ ᠪᠡᠷ ᠪᠠᠷᠢᠵᠠᠢ ᠃ ᠫᠸᠩ ᠰᠠᠷᠠᠪᠴᠢ 900 ᠭᠠᠷᠤᠢ ᠂ 3600 ᠢᠯᠡᠬᠦᠦ ᠲᠠᠰᠤᠯᠭ᠎ᠠ ᠪᠠᠶᠢᠭᠤᠯᠵᠠᠢ ᠃ ᠰᠤᠪᠠᠭ ᠵᠤᠭᠤᠷᠢ 1000 ᠭᠠᠷᠤᠢ ᠂ 6 ᠲᠦᠮᠨ ᠢᠯᠡᠬᠦᠦ ᠲᠡᠭᠰᠢ ᠲᠦᠷᠪᠡᠯᠵᠢᠨ ᠮᠸᠲ᠋ᠷ ᠪᠡᠯᠡᠳᠴᠠᠢ ᠃ ᠦᠭᠡᠷ ᠬᠡᠭᠡᠯᠲᠦᠬᠦᠯᠬᠦ ᠦᠷᠲᠡᠭᠡ 32 ᠭᠠᠵᠠᠷ ᠪᠠᠶᠢᠭᠤᠯᠪᠠ ᠃ ᠰᠢᠨ᠎ᠡ ᠪᠡᠷ 2.13 ᠮᠸᠲ᠋ᠷ ᠦᠨᠲᠦᠷ ᠲᠠᠷᠤᠯᠲᠠᠲᠤ ᠪᠠ ᠲᠤᠤᠷ᠎ᠠ ᠲᠠᠷᠤᠯᠲᠠᠲᠤ ᠴᠠᠬᠢᠯᠭᠠᠨ ᠤᠲᠠᠰᠤ ᠤᠭᠰᠠᠷᠠᠭᠰᠠᠨ ᠪᠠᠶᠢᠨ᠎ᠠ ᠃
3. ᠵᠠᠮ ᠬᠠᠷᠢᠯᠴᠠᠭ᠎ᠠ ᠨᠡᠪᠲᠡᠷᠡᠬᠦᠯᠵᠦ ᠂ ᠲᠤᠤᠷ ᠰᠦᠯᠵᠢᠶ᠎ᠡ ᠵᠠᠯᠭᠠᠪᠠ  ᠃ ᠤᠷᠢᠳ ᠬᠤᠵᠢᠳ ᠲᠠᠴᠠ ᠶ᠋ᠢᠨ ᠲᠠᠯ᠎ᠠ --  ᠭᠤᠷᠪᠠᠨᠬᠤᠸᠠ ᠶ᠋ᠢᠨ ᠬᠤᠭᠤᠷᠤᠨᠲᠤ ᠂  ᠭᠤᠷᠪᠠᠨᠬᠤᠸᠠ-- ᠳ᠋ᠦᠡᠭ ᠮᠢᠡᠭ ᠤᠨ ᠬᠤᠭᠤᠷᠤᠨᠲᠤ ᠬᠢ 58 ᠺᠸᠯᠤᠮᠸᠲ᠋ᠷ ᠴᠠᠷᠲᠠᠮᠠᠯ ᠵᠠᠮ ᠢ ᠵᠠᠰᠠᠵᠤ ᠂ ᠴᠢᠩ ᠯᠦᠩ ᠱᠠᠨ -- ᠪᠠᠶᠢᠰᠢᠩᠲᠤ ᠶ᠋ᠢᠨ ᠬᠤᠭᠤᠷᠤᠨᠲᠤᠬᠢ  ᠭᠤᠷᠪᠠᠨᠬᠤᠸᠠ ᠶ᠋ᠢᠨ ᠬᠠᠷᠢᠶᠠᠨ ᠳ᠋ᠠᠬᠢ 25 ᠺᠸᠯᠤᠮᠸᠲ᠋ᠷ ᠴᠠᠷᠲᠠᠮᠠᠯ ᠵᠠᠮ ᠢ ᠵᠠᠰᠠᠭᠠᠳ ᠂ ᠬᠤᠷᠢᠨ ᠭᠡᠲᠦᠨ ᠭᠠᠴᠠᠭ᠎ᠠ ᠲᠤᠰᠬᠤᠨ ᠳ᠋ᠠᠭᠠᠨ ᠠᠶᠠᠡᠴᠢᠳ ‍ᠤᠨ ᠮᠠᠰᠢᠨ ᠲᠡᠷᠭᠡ ᠨᠡᠪᠲᠠᠷᠡᠬᠦᠯᠵᠠᠢ ᠃ ᠤᠲᠠᠰᠤᠲᠤ ᠲᠸᠯᠸᠢᠰ ᠂ ᠲᠤᠤᠷ ᠰᠦᠯᠵᠢᠶ᠎ᠠ ᠵᠠᠯᠭ᠎ᠠ ᠪᠦᠷᠬᠦᠵᠤ ᠂ ᠵᠠᠮ ᠨᠡᠪᠲᠡᠷᠡᠯᠭᠡ ᠬᠦᠴᠢᠷ ᠂ ᠵᠠᠩᠬᠢ ᠴᠢᠮᠡᠭᠡ ᠪᠦᠭᠯᠡᠬᠦᠦ ᠲᠡᠦᠬᠡ ᠶ᠋ᠢ ᠲᠦᠢᠯᠪᠦᠷᠢᠲᠠᠢ ᠡᠴᠦᠰᠯᠡᠬᠦᠯᠵᠠᠢ ᠃
ᠭᠤᠷᠪᠠᠲᠤᠭᠠᠷ ᠲᠤ ᠂ ᠰᠢᠨᠵᠢᠯᠡᠬᠦ ᠤᠬᠠᠭᠠᠨ ᠰᠤᠶᠤᠯ ᠮᠡᠲᠡᠯᠭᠡ ᠶ᠋ᠢ ᠲᠦᠭᠡᠮᠡᠯᠵᠢᠬᠦᠯᠵᠤ ᠂ ᠰᠢᠨ᠎ᠡ ᠮᠠᠶᠢᠭ ᠤᠨ ᠮᠠᠯᠴᠢᠨ ᠲᠠᠷᠢᠶᠠᠴᠢᠨ ᠢ ᠬᠦᠮᠦᠵᠢᠬᠦᠯᠵᠡᠢ ᠃
1. ᠶᠢᠰᠦᠨ ᠵᠢᠯ ᠤᠨ ᠠᠯᠪᠠᠨ ᠵᠢᠷᠤᠮ ᠤᠨ ᠰᠤᠷᠭᠠᠨ ᠬᠦᠮᠦᠵᠢᠯ ᠢ ᠦᠷᠬᠦᠯᠵᠢᠯᠡᠨ ᠲᠦᠭᠡᠮᠡᠯᠵᠢᠬᠦᠯᠵᠤ ᠂ ᠪᠦᠬᠦ ᠰᠤᠮᠤᠨ ᠤ ᠰᠤᠷᠭᠠᠨ ᠬᠦᠮᠦᠵᠢᠯ ᠤᠨ ᠦᠷᠢ ᠲᠦᠯᠦᠭᠡᠰᠦ ᠶ᠋ᠢ ᠲᠤᠬᠢᠲᠠᠢ ᠰᠢᠢᠳᠪᠦᠷᠢᠯᠡᠪᠡ ᠃ 53 ᠲᠠᠰᠤᠯᠭ᠎ᠠ ᠂ 1900 ᠲᠡᠭᠰᠢ ᠲᠦᠷᠪᠡᠯᠵᠢᠨ ᠮᠸᠲ᠋ᠷ ᠰᠤᠷᠭᠠᠭᠤᠯᠢ ᠶ᠋ᠢᠨ ᠭᠡᠷ ᠢ ᠰᠢᠨ᠎ᠡ ᠪᠠᠷᠢᠵᠤ ᠂ ᠪᠠᠭᠰᠢ ᠶ᠋ᠢᠨ ᠡᠩᠨᠡᠭᠡ ᠶ᠋ᠢ ᠲᠤᠭᠲᠠᠭᠤᠨ ᠪᠠᠶᠢᠯᠭᠠᠵᠤ ᠂  ᠰᠤᠷᠭᠠᠨ ᠬᠦᠮᠦᠵᠢᠬᠦᠯᠬᠦ ᠪᠠ ᠵᠢᠭᠠᠨ ᠰᠤᠷᠭᠠᠬᠤ ᠤᠷᠴᠢᠨ ᠲᠤᠭᠤᠷᠢᠨ ᠢ ᠰᠢᠯᠢᠲᠡᠭᠵᠢᠬᠦᠯᠪᠡ ᠃
2. ᠮᠠᠯ ᠢᠮᠠᠭ᠎ᠠ ᠲᠡᠵᠢᠭᠡᠬᠦ ᠂ ᠲᠠᠷᠪᠤᠰ ᠂ ᠬᠠᠯᠠᠭᠤᠨ ᠨᠤᠭᠤᠭ᠎ᠠ ᠵᠡᠷᠭᠡ ᠤᠡᠴᠠᠯᠢᠭᠲᠤ ᠰᠢᠯᠢᠲᠡᠭ ᠲᠠᠷᠢᠮᠠᠯ ᠤᠨ ᠦᠢᠯᠡᠰ ᠢᠶᠠᠷ ᠭᠤᠤᠯᠯᠠᠵᠤ ᠂ ᠮᠠᠯ ᠲᠠᠷᠢᠶᠠᠯᠠᠩ ᠤᠨ ᠪᠤᠲᠠᠲᠤ ᠭᠡᠷᠡᠭᠯᠡᠭᠡᠨ ᠤ ᠮᠡᠷᠭᠡᠵᠢᠯ ᠤᠨ ᠪᠤᠯᠪᠠᠰᠤᠷᠠᠯ ᠤᠨ ᠠᠩᠬᠢ ᠳ᠋ᠣ 1500 ᠭᠠᠷᠤᠢ ᠬᠦᠮᠦᠨ ᠢ ᠰᠤᠷᠤᠯᠴᠠᠭᠤᠯᠵᠤ ᠂ ᠭᠡᠷ ᠪᠦᠯᠢ ᠶ᠋ᠢᠨ ᠦᠢᠯᠡᠴᠢᠯᠡᠭᠡ ᠂ ᠢᠲᠡᠭᠡᠨ ᠤᠮᠲᠠᠭᠠᠨ ᠤ ᠦᠢᠯᠡᠴᠢᠯᠡᠭᠡ ᠵᠡᠷᠭᠡ  ᠳᠤ1200 ᠭᠠᠷᠤᠢ ᠬᠦᠮᠦᠨ ᠢ ᠪᠤᠯᠪᠠᠰᠤᠷᠠᠭᠤᠯᠵᠠᠢ ᠃
3. 《 ᠪᠤᠯᠪᠠᠰᠤᠨ ᠭᠡᠷ ᠪᠦᠯᠢ 》 ᠂ 《 ᠡᠶ᠎ᠡ ᠨᠠᠶᠢᠷᠠᠮᠳᠠᠭᠤ ᠭᠠᠴᠠᠭ᠎ᠠ ᠲᠤᠭᠤᠶᠢᠯᠠᠩ 》 ᠤᠨ ᠬᠦᠲᠡᠯᠭᠡᠭᠡᠨ ᠢᠶᠠᠷ ᠠᠴᠢᠶᠠᠯᠠᠪᠤᠷᠢ ᠪᠤᠯᠭᠠᠨ ᠂ ᠮᠠᠯᠴᠢᠨ ᠲᠠᠷᠢᠶᠠᠴᠢᠨ ᠤ ᠦᠵᠡᠯ ᠰᠠᠨᠠᠭ᠎ᠠ ᠂ ᠬᠡᠪ ᠰᠤᠷᠲᠠᠬᠤᠨ ᠪᠤᠯᠤᠨ ᠰᠤᠶᠤᠯ ᠤᠨ ᠬᠦᠮᠦᠵᠢᠯ ᠢ ᠬᠠᠯᠠᠮᠵᠢᠯᠠᠵᠤ ᠂ ᠲᠠᠪᠰᠢᠩᠭᠤᠢ ᠦᠵᠡᠯ ᠲᠠᠨᠢᠯᠲᠠ ᠪᠤᠯᠤᠨ ᠰᠠᠶᠢᠨ ᠰᠠᠶᠢᠬᠠᠨ ᠰᠤᠷᠲᠠᠯ ᠲᠠᠳᠬᠠᠯ ᠲᠠᠢ ᠪᠤᠯᠬᠤ ᠶ᠋ᠢ ᠵᠤᠷᠢᠭᠵᠢᠭᠤᠯᠪᠠ ᠃ ᠵᠢᠯ ᠴᠠᠭᠠᠨ ᠰᠠᠷ᠎ᠠ ᠪᠤᠶᠤ ᠪᠠᠶᠠᠷ ᠲᠤᠷᠠᠰᠬᠠᠯ ᠤᠨ ᠡᠲᠦᠷ ᠲᠤ ᠲᠤᠬᠢᠷᠠᠭᠤᠯᠤᠨ ᠡᠯ᠎ᠡ ᠹᠷᠤᠨᠲ ᠡᠴᠠ ᠴᠤᠯᠭᠤᠷᠠᠭᠰᠠᠨ ᠲᠡᠷᠢᠬᠦᠨ ᠤ ᠨᠢᠭᠡᠴᠢ ᠪᠤᠯᠤᠨ ᠵᠢᠱᠢᠶᠡᠴᠢ ᠬᠦᠮᠦᠰ ᠢ ᠬᠦᠬᠢᠬᠦᠯᠦᠨ ᠱᠠᠩᠨᠠᠲᠠᠭ ᠃ ᠲᠤᠬᠠᠶᠢᠯᠠᠪᠠᠯ ᠮᠠᠯ ᠲᠠᠵᠢᠭᠡᠪᠤᠷᠢ ᠶ᠋ᠢᠨ ᠴᠢᠲᠠᠪᠤᠷᠢᠲᠠᠨ ᠂ ᠲᠠᠷᠢᠶᠠᠯᠠᠩ ᠤᠨ ᠲᠤᠮᠤ ᠡᠷᠦᠭᠡ ᠂ ᠤᠶᠤᠨ ᠤ ᠪᠤᠯᠪᠠᠰᠤᠨ ᠤ ᠭᠡᠪ ᠲᠠᠭᠤᠷᠢᠶᠠᠯᠲᠤ ᠡᠷᠦᠬᠡ ᠂ ᠨᠠᠰᠤᠲᠠᠶᠢᠴᠤᠳ ᠢᠶᠡᠨ ᠬᠦᠨᠲᠦᠯᠡᠨ ᠨᠢᠯᠬᠠᠰ ᠢᠶᠡᠨ ᠠᠰᠠᠷᠠᠭᠰᠠᠨ ᠵᠢᠱᠢᠶᠡᠴᠢ ᠡᠷᠦᠬᠡ ᠂ ᠪᠤᠯᠪᠠᠰᠤᠨ ᠬᠤᠲᠠᠯᠲᠤᠭᠠᠴᠢᠨ ᠡᠷᠦᠬᠡ ᠂ ᠡᠷᠲᠡᠮᠲᠡᠨ ᠬᠦᠮᠦᠵᠢᠬᠦᠯᠦᠭᠰᠡᠨ ᠭᠠᠪᠢᠶᠠᠲᠤ ᠭᠡᠷ ᠂ ᠵᠢᠱᠢᠶᠡᠴᠢ ᠨᠠᠮ ᠤᠨ ᠬᠡᠰᠢᠬᠦᠨ ᠂ ᠵᠢᠱᠢᠶᠡᠴᠢ ᠺᠠᠳ᠋ᠷ ᠂ ᠵᠢᠱᠢᠶᠠᠴᠢ ᠪᠠᠭᠰᠢ ᠂  ᠰᠠᠶᠢᠨ ᠰᠤᠷᠤᠭᠴᠢ ᠬᠡᠬᠦ ᠮᠡᠲᠦ ᠃
ᠲᠦᠷᠪᠡᠲᠦᠭᠡᠷ ᠲᠤ ᠂ ᠡᠶ᠎ᠡ ᠨᠠᠶᠢᠷᠠᠮᠳᠠᠭᠤ ᠨᠡᠶᠢᠭᠡᠮ ᠢ ᠪᠦᠲᠦᠬᠡᠨ ᠪᠠᠶᠢᠭᠤᠯᠬᠤ ᠦᠢᠯᠡᠰ ᠢ ᠢᠲᠡᠪᠬᠢᠲᠠᠢ ᠠᠳᠬᠤᠪᠠ ᠃
1. ᠰᠤᠮᠤ ᠭᠠᠴᠠᠭᠠᠨ ᠤ ᠬᠠᠮᠢᠶᠠᠷᠤᠯᠲᠠ ᠶ᠋ᠢᠨ ᠠᠵᠢᠯ ᠢᠶᠡᠨ ᠠᠷᠠᠳᠴᠢᠯᠠᠯ ᠲᠦᠷᠢᠮᠵᠢᠯᠡᠯ ᠢᠶᠠᠷ ᠶᠠᠪᠤᠭᠤᠯᠬᠤ ᠶ᠋ᠢ ᠬᠢᠴᠢᠶᠠᠨ ᠂ ᠨᠡᠶᠢᠭᠡᠮ ᠨᠡᠶᠢᠲᠡ ᠳᠤ ᠠᠰᠢᠭ ᠲᠤᠰᠠ ᠲᠠᠢ ᠠᠵᠢᠯ ᠢ ᠢᠲᠡᠪᠬᠢᠲᠡᠢ ᠬᠢᠪᠠ ᠃
2. ᠲᠤᠷᠤᠢ ᠪᠠᠭᠤᠷᠠᠶᠢᠴᠤᠳ ᠤᠨ ᠠᠰᠢᠭ ᠲᠤᠰᠠ ᠶ᠋ᠢ ᠬᠠᠷᠠᠭᠠᠯᠵᠠᠨ ᠪᠠᠲᠤᠯᠠᠪᠠ ᠃ ᠦᠢᠷ᠎ᠡ ᠶ᠋ᠢᠨ ᠵᠢᠯ ᠤᠳ ᠲᠤ 40 ᠡᠷᠦᠬᠡ ᠶ᠋ᠢᠨ 53 ᠬᠦᠮᠦᠨ ᠬᠤᠲᠠ ᠪᠠᠯᠭᠠᠰᠤᠨ ᠤ ᠲᠤᠤᠷ᠎ᠠ ᠲᠡᠰ ᠤᠨ ᠠᠮᠢᠲᠤᠷᠠᠯ ᠤᠨ ᠪᠠᠲᠤᠯᠠᠪᠤᠷᠢ ᠶ᠋ᠢ ᠬᠦᠷᠲᠡᠵᠤ ᠂ 557 ᠡᠷᠦᠭᠡ ᠶ᠋ᠢᠨ 1561 ᠬᠦᠮᠦᠨ ᠬᠦᠲᠡᠭᠡ ᠲᠤᠰᠬᠤᠨ ᠤ ᠲᠤᠤᠷ᠎ᠠ ᠲᠡᠰ ᠤᠨ ᠠᠮᠢᠲᠤᠷᠠᠯ ᠤᠨ ᠪᠠᠲᠤᠯᠠᠪᠤᠷᠢ ᠶ᠋ᠢ ᠡᠳ᠋ᠯᠡᠭᠰᠡᠨ ᠪᠠ 《 ᠲᠠᠪᠤᠨ ᠪᠠᠲᠤᠯᠠᠭᠠᠲᠤ ᠡᠷᠦᠬᠡ 》 ᠶ᠋ᠢᠨ ᠨᠦᠬᠦᠴᠡᠯ ᠳᠤ ᠬᠦᠷᠦᠭᠰᠡᠨ ᠬᠦᠮᠦᠰ ᠲᠤ ᠪᠦᠷ ᠬᠠᠮᠢᠶ᠎ᠠ ᠪᠦᠬᠦᠢ ᠬᠠᠷᠠᠭᠠᠯᠵᠠᠯ ᠢ ᠬᠦᠷᠲᠡᠭᠡᠭᠰᠡᠨ ᠪᠠᠶᠢᠨ᠎ᠠ ᠃ ᠭᠠᠮᠰᠢᠭ ᠡᠴᠠ ᠲᠡᠳᠬᠦᠬᠦ ᠮᠦᠡᠭᠭᠦ 86 ᠲᠦᠮᠡᠨ ᠲᠦᠬᠦᠷᠢᠭ ᠂ ᠠᠮᠤ ᠪᠤᠲᠠᠭ᠎ᠠ 4 ᠲᠦᠮᠡᠨ ᠵᠢᠩ ᠲᠠᠷᠬᠠᠭᠠᠵᠤ ᠂ ᠶᠠᠲᠠᠭᠤ ᠶ᠋ᠢ ᠲᠡᠳᠬᠦᠬᠦ ᠪᠡᠯᠨ ᠮᠦᠩᠬᠦ 340 ᠲᠦᠮᠡᠨ ᠲᠦᠬᠦᠷᠢᠭ ᠪᠠᠭᠤᠯᠭᠠᠵᠤ ᠂ ᠪᠦᠬᠦ ᠰᠤᠮᠤᠨ ᠤ 781 ᠡᠷᠦᠭᠡ  ᠶ᠋ᠢᠨ 2508 ᠬᠦᠮᠦᠨ ᠶᠠᠲᠠᠭᠤ ᠡᠴᠠ ᠪᠦᠷᠢᠮᠦᠰᠦᠨ ᠠᠩᠬᠢᠵᠢᠷᠠᠵᠠᠢ ᠃ ᠪᠠᠰᠠ 150 ᠲᠦᠮᠡᠨ ᠲᠦᠭᠦᠷᠢᠭ ᠪᠡᠯᠨ ᠮᠦᠩᠬᠦ ᠭᠠᠷᠭᠠᠵᠤ ᠂ 95 ᠡᠷᠦᠬᠡ ᠶ᠋ᠢᠨ ᠬᠠᠭᠤᠴᠢᠨ ᠭᠡᠷ ᠢ ᠵᠠᠰᠠᠨ ᠰᠢᠨᠡᠳᠭᠡᠵᠤ ᠦᠭᠴᠠᠢ ᠃
3. ᠰᠤᠮᠤᠨ ᠤ ᠰᠤᠶᠤᠯ ᠤᠨ ᠦᠷᠲᠡᠭᠡ ᠂ ᠨᠠᠰᠤᠲᠠᠶᠢᠴᠤᠳ ᠤᠨ ᠨᠠᠭᠠᠲᠤᠮ ᠤᠨ ᠭᠠᠵᠠᠷ ᠢ ᠨᠢᠬᠡᠨᠲᠡ ᠬᠡᠷᠡᠭᠯᠡᠭᠡᠨ ᠳᠤ ᠤᠷᠤᠭᠤᠯᠪᠠ ᠃ 100 ᠢᠯᠡᠬᠦᠦ ᠲᠦᠮᠡᠨ ᠲᠦᠬᠦᠷᠢᠭ ᠵᠤᠭᠤᠰ ᠵᠠᠷᠤᠴᠠᠭᠤᠯᠵᠤ ᠂ ᠰᠤᠮᠤᠨ ᠤ ᠭᠤᠤᠯ ᠡᠷᠡᠭᠦᠯ ᠬᠠᠮᠠᠭᠠᠯᠠᠯ ᠤᠨ ᠬᠤᠷᠢᠶᠠᠨ ᠤ ᠠᠰᠠᠷ ᠢ ᠪᠠᠷᠢᠭᠰᠠᠨ ᠪᠠ 14 ᠭᠠᠴᠠᠭ᠎ᠠ ᠲᠤᠰᠬᠤᠨ ᠤ ᠡᠷᠡᠬᠦᠯ ᠬᠠᠮᠠᠭᠠᠯᠠᠯ ᠤᠨ ᠦᠷᠦᠭᠡ ᠶ᠋ᠢ ᠰᠢᠨ᠎ᠡ ᠪᠡᠷ ᠲᠦᠷᠢᠮᠵᠢᠬᠦᠯᠦᠨ ᠪᠠᠶᠢᠭᠤᠯᠪᠠ ᠃ 12124 ᠬᠦᠮᠦᠨ ᠰᠢᠨ᠎ᠡ ᠮᠠᠶᠢᠭ ᠤᠨ ᠬᠦᠲᠡᠭᠡ ᠲᠤᠰᠬᠤᠨ ᠤ ᠬᠤᠷᠰᠢᠭᠰᠠᠨ ᠡᠮᠨᠡᠯᠬᠡ  ᠳᠤ ᠤᠷᠤᠯᠴᠠᠵᠤ ᠂ ᠪᠦᠬᠦ ᠰᠤᠮᠤᠨ ᠤ ᠬᠦᠮᠦᠨ ᠠᠮᠨ ᠶ᠋ᠢᠨ 95%  ᠳᠤ ᠬᠦᠷᠦᠭᠰᠡᠨ ᠪᠠᠶᠢᠨ᠎ᠠ ᠃ ᠲᠠᠪᠤᠨ ᠵᠢᠯ ᠲᠤᠷᠰᠢ 583 ᠬᠦᠮᠦᠨ ᠬᠦᠨᠲᠦ ᠡᠪᠡᠳᠴᠢᠨ ᠡᠮᠨᠡᠬᠦᠯᠦᠭᠰᠡᠨ ᠨᠦᠬᠦᠪᠦᠷᠢ 513.4 ᠲᠦᠮᠡᠨ ᠲᠦᠬᠦᠷᠢᠭ ᠤᠯᠵᠤ ᠂ 4265 ᠬᠦᠮᠦᠨ ᠡᠯ᠎ᠡ ᠵᠦᠢᠯ ᠤᠨ ᠡᠮ ᠡᠮᠨᠡᠯᠭᠡ ᠶ᠋ᠢᠨ ᠨᠦᠬᠦᠪᠤᠷᠢ 39.86 ᠲᠦᠮᠡᠨ ᠲᠦᠬᠦᠷᠢᠭ ᠭᠠᠷᠲᠠᠭᠰᠠᠨ ᠪᠠᠶᠢᠨ᠎ᠠ ᠃
ᠠᠷᠪᠠᠨ ᠬᠤᠶᠠᠲᠤᠭᠠᠷ ᠲᠠᠪᠤᠨ ᠵᠢᠯ ᠤᠨ ᠠᠡᠭᠬᠠᠨ ᠤ ᠵᠢᠯ ᠪᠤᠯᠬᠤ 2011 ᠤᠨ ᠡᠴᠠ ᠭᠤᠷᠪᠠᠡᠬᠤᠸᠠᠴᠤᠳ 《 ᠬᠦᠴᠦ ᠲᠤᠷᠪᠢᠲᠠᠢ ᠂ ᠪᠠᠶᠠᠨ ᠴᠢᠨᠡᠭᠡᠯᠢᠭ ᠂ ᠡᠶ᠎ᠡ ᠨᠠᠶᠢᠷᠠᠮᠳᠠᠭᠤ  ᠂ ᠰᠤᠶᠤᠯᠵᠢᠭᠰᠠᠨ ᠭᠤᠷᠪᠠᠨᠬᠤᠸᠨ 》 ᠶ᠋ᠢ ᠪᠦᠲᠦᠭᠡᠨ ᠪᠠᠶᠢᠭᠤᠯᠬᠤ ᠬᠠᠷᠠᠯᠲᠠ ᠪᠠᠨ ᠪᠤᠲᠠᠲᠠᠶᠢᠵᠢᠭᠤᠯᠬᠤ ᠡᠯ᠎ᠡ ᠲᠡᠯ᠎ᠡ ᠶ᠋ᠢᠨ ᠠᠵᠢᠯ ᠦᠢᠯᠠᠰ ᠢᠶᠡᠨ ᠨᠡᠩ  ᠡᠷᠴᠢᠮᠲᠠᠢ ᠠᠬᠢᠭᠤᠯᠵᠤ ᠪᠠᠶᠢᠭ᠎ᠠ ᠪᠢᠯᠨ ᠃
ᠲᠠᠪᠤ᠋ ᠂ ᠭᠠᠷᠮᠠᠭᠠᠢ ᠬᠦᠮᠦᠰ ᠤᠨ ᠭᠠᠶᠢᠬᠠᠮᠰᠢᠭᠲᠤ ᠭᠠᠵᠠᠷ ᠨᠤᠲᠤᠭ
ᠭᠤᠷᠪᠠᠨᠬᠤᠸᠠ ᠪᠤᠯ ᠭᠠᠷᠮᠠᠭᠠᠢ ᠬᠦᠮᠦᠰ ᠤᠨ ᠭᠠᠶᠢᠬᠠᠮᠰᠢᠭᠲᠤ ᠭᠠᠵᠠᠷ ᠨᠤᠲᠤᠭ ᠪᠠᠶᠢᠵᠤ ᠂ ᠰᠢᠨ᠎ᠡ ᠲᠤᠮᠲᠠᠲᠤ ᠤᠯᠤᠰ ᠪᠠᠶᠢᠭᠤᠯᠤᠭᠲᠠᠭᠰᠠᠨ ᠡᠴᠠ ᠨᠠᠭᠠᠰᠢ ᠲᠡᠯᠡᠬᠡᠢ ᠶ᠋ᠢᠨ ᠱᠠᠡᠭᠨᠠᠯ ᠬᠦᠷᠲᠡᠭᠰᠡᠨ ᠲᠠᠮᠢᠷᠴᠢᠨ ᠢ‍ · ᠲᠤᠭᠲᠠᠬᠤ ᠂ ᠲᠤᠲᠤᠭᠠᠲᠤ ᠭᠠᠲᠠᠭᠠᠲᠤ ᠳ᠋ᠣ ᠠᠯᠳᠠᠷᠲᠠᠢ ᠡᠷᠲᠡᠮᠲᠠᠨ ᠪ · ᠭᠡᠷᠡᠯᠲᠦ ᠨᠠᠷ ᠡᠨ᠋ᠨ ᠨᠤᠲᠤᠭ ᠡᠴᠠ ᠴᠤᠯᠭᠤᠷᠠᠵᠤ ᠂ ᠲᠡᠦᠬᠡᠴᠢ ᠨᠠᠮᠶᠤᠨᠳᠤᠷᠵᠢ ᠂ 《 ᠷᠠᠳᠢᠤ᠋ ᠲᠸᠯᠸᠢᠰ ᠤᠨ ᠦᠢᠯᠡᠰ ᠢ ᠨᠦᠯᠦᠭᠡᠯᠡᠨ ᠠᠬᠢᠭᠤᠯᠤᠭᠰᠠᠨ ᠠᠯᠲᠠᠷᠲᠤ ᠬᠦᠮᠦᠨ 》 ᠤ ᠨᠢᠭᠡᠨ -- ᠲᠸᠯᠸᠢᠰ ᠤᠷᠠᠯᠢᠭᠴᠢᠨ ᠡᠷᠲᠡᠨᠢ ᠂ ᠠᠵᠤ ᠠᠬᠤᠢ ᠶ᠋ᠢᠨ ᠡᠷᠲᠡᠮᠲᠡᠨ ᠦᠷᠡᠲᠤᠭᠲᠠᠬᠤ ᠫᠷᠤᠹᠸᠰᠰᠤᠷ ᠂ ᠨᠡᠷᠡᠲᠤ ᠰᠡᠬᠦᠲᠡᠷᠯᠡᠭᠴᠢ ᠳ᠋ᠦᠩ ᠬᠠᠲᠠ ᠨᠠᠷ ᠡᠨ᠋ᠨ ᠨᠤᠲᠤᠭ ᠲᠤ ᠲᠦᠷᠦᠵᠦ ᠦᠰᠦᠭᠰᠡᠨ ᠶᠤᠮ ᠃ ᠡᠨ᠋ᠨ ᠬᠦ ᠬᠠᠯᠠᠭᠤᠨ ᠲᠤᠯᠠᠭᠠᠨ ᠭᠠᠵᠠᠷ ᠤᠰᠤᠨ  ᠳᠤ ᠠᠮᠢᠳᠤᠷᠠᠵᠤ ᠲᠡᠮᠡᠴᠡᠵᠦ ᠪᠠᠶᠢᠭ᠎ᠠ ᠠᠷᠠᠳ ᠲᠦᠮᠡᠨ ᠤᠯᠠᠨ ᠵᠢᠯ ᠤᠨ ᠲᠤᠷᠰᠢ ᠡᠯ᠎ᠡ ᠦᠨᠲᠤᠰᠤᠲᠡᠨ ᠤ ᠬᠡᠦᠬᠡᠳ ᠳᠡᠬᠦᠦ ᠨᠠᠷ ᠢ ᠦᠰᠭᠡᠨ ᠬᠦᠮᠦᠵᠢᠬᠦᠯᠵᠦ ᠂ ᠤᠯᠤᠰ ᠪᠠ ᠤᠷᠤᠨ ᠤ ᠶᠡᠭᠡ ᠲᠡᠭᠡᠲᠦ ᠰᠤᠷᠭᠠᠭᠤᠯᠢ  ᠳᠤ ᠤᠯᠠᠨ ᠲᠤᠭᠠᠨ ᠤ ᠰᠢᠯᠢᠲᠡᠭ ᠤᠶᠤᠲᠠᠳ ᠢ ᠬᠦᠷᠭᠡᠨ ᠰᠤᠷᠤᠯᠴᠠᠭᠤᠯᠤᠭᠰᠠᠨ ᠪᠠ ᠵᠠᠷᠢᠮ ᠢ ᠨᠢ ᠭᠠᠲᠠᠭᠠᠲᠤ ᠤᠯᠤᠰ ᠲᠣ ᠭᠠᠷᠭᠠᠨ ᠰᠤᠷᠤᠯᠴᠠᠭᠤᠯᠵᠠᠢ ᠃ ᠲᠡᠳᠡᠨ ᠤ ᠲᠤᠮᠲᠠᠬᠢ ᠴᠦᠬᠡᠨ ᠪᠤᠰᠤ ᠬᠦᠮᠦᠰ ᠠᠰᠤᠷᠤ ᠠᠮᠵᠢᠯᠲᠠ ᠤᠯᠵᠤ ᠤᠯᠤᠰ ᠪᠠ ᠤᠷᠤᠨ ᠨᠤᠲᠤᠭ ᠤᠨ ᠪᠦᠲᠦᠭᠡᠨ ᠪᠠᠶᠢᠭᠤᠯᠤᠯᠲᠠ ᠶ᠋ᠢᠨ ᠦᠢᠯᠡᠰ ᠲᠤ ᠦᠢᠯᠡᠴᠢᠯᠡᠵᠤ ᠂ ᠤᠯᠠᠩᠬᠢ ᠬᠦᠮᠦᠰ ᠨᠢ ᠲᠤᠯᠭᠠᠭᠤᠷᠢ ᠬᠦᠴᠦᠨ ᠪᠤᠯᠤᠭᠰᠠᠨ ᠪᠠᠶᠢᠨ᠎ᠠ ᠃ ᠡᠬᠦᠨ ᠤ ᠬᠠᠮᠲᠤ ᠠᠵᠢᠯ ᠡᠴᠠ ᠪᠠᠨ ᠠᠮᠠᠷᠠᠭᠰᠠᠨ ᠡᠯ᠎ᠡ ᠹᠷᠤᠨᠲ ᠳ᠋ᠡᠬᠢ ᠭᠤᠷᠪᠠᠨᠬᠤᠸᠨ ᠨᠤᠲᠤᠭ ᠲᠠᠢ ᠡᠷᠲᠡᠮᠲᠡᠨ ᠮᠡᠷᠭᠡᠵᠢᠯᠲᠡᠨ ᠪᠤᠯᠤᠨ ᠨᠠᠮ ᠵᠠᠰᠠᠭ ᠤᠨ ᠡᠯ᠎ᠡ ᠰᠠᠯᠠᠭ᠎ᠠ ᠮᠦᠴᠢᠷ ᠤᠨ ᠠᠬᠠᠮᠠᠳ  ᠺᠠᠳᠠᠷᠴᠤᠤᠳ ᠠᠲᠠᠯᠢ ᠪᠤᠰᠤ ᠶ᠋ᠢᠨ ᠠᠵᠢᠯ ᠲᠦᠷᠦᠯ ᠤᠨ ᠬᠦᠷᠢᠶᠡᠨ  ᠲᠤ ᠮᠦᠨ ᠦᠷᠬᠦᠯᠵᠢᠯᠡᠨ ᠵᠢᠳᠬᠦᠵᠤ ᠂ ᠰᠢᠨ᠎ᠡ ᠠᠮᠵᠢᠯᠲᠠ ᠪᠦᠲᠦᠮᠵᠢ ᠭᠠᠷᠭᠠᠨ ᠨᠡᠶᠢᠭᠡᠮ ᠲᠠᠶᠠᠭᠠᠷ ᠤᠨ ᠪᠢᠰᠢᠷᠡᠯ ᠬᠦᠨᠲᠦᠳᠭᠡᠯ ᠢ ᠤᠯᠵᠤ ᠪᠤᠢ ᠃ ᠨᠡᠶᠢᠭᠡᠮ ᠵᠢᠷᠦᠮᠲᠤ ᠬᠤᠪᠢᠰᠬᠠᠯ ᠪᠤᠯᠤᠨ ᠪᠦᠲᠦᠭᠡᠨ ᠪᠠᠶᠢᠭᠤᠯᠤᠯᠲᠠ ᠶ᠋ᠢᠨ ᠠᠭᠤᠤ ᠶᠡᠭᠡ ᠦᠢᠯᠡᠲᠦᠯᠭᠡ ᠶ᠋ᠢᠨ ᠲᠤᠮᠲᠠ ᠡᠯ᠎ᠡ ᠱᠠᠲᠤᠨ ᠤ ᠬᠦᠬᠢᠬᠦᠯᠦᠯ ᠱᠠᠩᠨᠠᠯ ᠢ ᠬᠦᠷᠲᠡᠭᠰᠡᠨ ᠠᠯᠢ ᠤᠯᠠᠨ ᠵᠢᠱᠢᠶᠠᠴᠢ ᠬᠦᠮᠦᠰ ᠪᠤᠯᠤᠨ ᠲᠡᠷᠢᠬᠦᠨ ᠤ ᠨᠢᠭᠡᠴᠢ ᠴᠤᠯᠭᠤᠷᠠᠨ ᠭᠠᠷᠤᠭᠰᠠᠨ ᠪᠢᠯᠨ ᠃ ᠲᠡᠳᠡ ᠨᠠᠷ ᠪᠤᠯ  ᠭᠤᠷᠪᠠᠨᠬᠤᠸᠠ ᠨᠤᠲᠤᠭᠲᠠᠨ ᠤ ᠰᠤᠲᠤᠨ ᠲᠦᠯᠦᠭᠡᠯᠡᠭᠴᠢᠳ ᠮᠦᠨ ᠃ ᠲᠡᠳᠡ ᠨᠠᠷ ᠤᠨ ᠠᠮᠵᠢᠯᠲᠠ ᠪᠦᠲᠦᠮᠵᠢ ᠪᠤᠯᠤᠨ ᠤᠬᠠᠭᠠᠨ ᠪᠢᠯᠢᠭ ᠨᠢ ᠡᠬᠡᠨᠡᠭᠲᠡ ᠭᠤᠷᠪᠠᠡᠬᠤᠸᠠᠴᠤᠳ ᠤᠨ ᠭᠡᠰᠢᠭ ᠰᠦᠯᠲᠡ ᠶ᠋ᠢ ᠬᠦᠬᠢᠭᠡᠨ ᠪᠠᠳᠠᠷᠠᠭᠠᠵᠤ ᠂ ᠬᠡᠢ ᠮᠤᠷᠢ ᠶ᠋ᠢ ᠪᠤᠰᠬᠠᠨ ᠮᠡᠡᠳᠤᠭᠤᠯᠤᠭᠰᠠᠭᠠᠷ ᠪᠤᠢ ᠃
 ᠪᠤᠶᠠᠡᠰᠠᠭ ᠪᠤᠷᠤᠭᠵᠢᠭᠤᠨ ᠂ ᠠᠵᠢᠯᠴᠢ ᠬᠦᠳᠡᠯᠮᠦᠷᠢᠴᠢ ᠭᠣᠷᠪᠠᠨᠬᠣᠸᠠ ᠶ᠋ᠢᠨ ᠮᠤᠩᠭᠤᠯᠴᠤᠳ ᠂ ᠵᠢᠴᠢ ᠡᠯ᠎ᠡ ᠦᠨᠲᠦᠰᠦᠲᠡᠨ ᠤ ᠬᠢᠨ ᠬᠡᠲᠦᠨ ᠬᠤᠭᠤᠴᠠᠭᠠᠨ ᠤ ᠰᠤᠮᠤ ᠶ᠋ᠢᠨ ᠨᠠᠮ ᠤᠨ ᠬᠤᠷᠢᠶ᠎ᠠ ᠂ ᠵᠠᠰᠠᠭ ᠤᠨ ᠤᠷᠲᠤᠨ ᠤ ᠵᠦᠪ ᠤᠨᠤᠪᠴᠢᠲᠠᠢ ᠤᠲᠤᠷᠢᠲᠤᠯᠭ᠎ᠠ ᠲᠤᠤᠷ᠎ᠠ ᠲᠡᠰᠪᠦᠷᠢ ᠬᠠᠲᠠᠭᠤᠵᠢᠯᠲᠠᠢ ᠲᠡᠮᠡᠴᠡᠨ ᠂ ᠤᠯᠠᠮᠵᠢᠯᠠᠯ ᠪᠠ ᠰᠢᠨᠡᠴᠢᠯᠡᠯ ᠢ ᠤᠶᠠᠯᠳᠤᠭᠤᠯᠤᠨ ᠂ ᠪᠤᠶᠢᠲᠠ ᠪᠦᠭᠯᠡᠬᠦᠦ ᠂ ᠪᠤᠭᠤᠭᠳᠠᠮᠠᠯ ᠬᠡᠪᠰᠢᠮᠡᠯ ᠪᠡᠷᠬᠡ ᠮᠠᠩᠬᠠᠨ ᠤᠷᠤᠨ ᠢᠶᠡᠨ ᠬᠢᠷᠢ ᠳ᠋ᠡᠬᠡᠨ ᠴᠢᠨᠡᠬᠡᠯᠢᠭᠵᠢᠨ ᠤᠲᠤᠬᠢᠴᠢᠯᠠᠭᠰᠠᠨ ᠰᠤᠮᠤ ᠪᠠᠯᠭᠠᠰᠤ ᠪᠤᠯᠭᠠᠨ ᠪᠦᠲᠦᠭᠡᠨ ᠪᠠᠶᠢᠭᠤᠯᠵᠤ ᠂ ᠤᠷᠢᠲᠤ ᠡᠮᠦᠨ᠎ᠡ ᠭᠠᠷᠤᠭᠠᠲᠤᠢ ᠰᠢᠨ᠎ᠡ ᠡᠷᠢᠨ ᠤ ᠰᠢᠨ᠎ᠡ ᠲᠡᠦᠬᠡ ᠪᠠᠨ ᠪᠢᠴᠢᠭᠯᠡᠵᠦ ᠶᠠᠪᠤᠨ᠎ᠠ ᠃ ᠢᠷᠡᠬᠡᠲᠦᠢ ᠳ᠋ᠡᠬᠡᠨ ᠲᠡᠭᠦᠰ ᠢᠲᠡᠭᠡᠯ ᠲᠠᠢ ᠭᠤᠷᠪᠠᠡᠬᠤᠸᠠᠴᠤᠳ ᠵᠠᠮ ᠬᠤᠯᠨ ᠵᠢᠯᠠᠭ᠎ᠠ ᠦᠨᠲᠦᠷ ᠪᠠᠶᠢᠭᠰᠠᠨ ᠴᠤ ᠵᠠᠬ᠎ᠠ ᠳᠡᠯᠭᠡᠬᠦᠷ ᠤᠨ ᠤᠶᠢᠯᠠᠭᠠᠯᠲᠠ ᠲᠠᠢ ᠂ ᠲᠡᠦᠬᠡ ᠰᠤᠶᠤᠯ  ᠤᠨ ᠡᠯᠪᠡᠭ ᠵᠤᠵᠠᠭᠠᠨ ᠦᠪ ᠬᠦᠷᠦᠩᠬᠡ ᠲᠠᠢ ᠂ ᠤᠲᠤᠬᠢ ᠰᠤᠶᠤᠯ ᠤᠨ ᠤᠷᠤᠭᠰᠢᠯᠠᠭᠰᠠᠨ ᠰᠡᠳᠬᠢᠴᠡ ᠲᠠᠢ ᠶ᠋ᠢᠨ ᠤᠯᠠᠮ ᠢᠶᠠᠷ ᠡᠯᠡᠰᠦ ᠮᠠᠡᠭᠬᠠᠨ ᠡᠭᠡ ᠨᠤᠲᠤᠭ ᠢᠶᠡᠨ ᠵᠠᠭᠤᠨ ᠦᠢᠯᠡᠰ ᠵᠡᠷᠬᠡᠲᠡ ᠪᠠᠲᠠᠷᠠᠭᠰᠠᠨ ᠂ ᠪᠦᠯᠬᠦᠮᠲᠡᠯ ᠲᠠᠪᠰᠢᠯᠲᠠ ᠲᠠᠢ ᠂ ᠡᠶ᠎ᠡ ᠨᠠᠶᠢᠷᠠᠮᠳᠠᠭᠤ ᠂ ᠪᠤᠯᠪᠠᠰᠤᠨ ᠴᠢᠨᠡᠭᠡᠯᠢᠭ ᠂ ᠲᠠᠩᠰᠤᠭ ᠠᠮᠤᠭᠤᠯᠠᠩ ᠨᠤᠲᠤᠭ ᠪᠤᠯᠭᠠᠨ ᠪᠦᠲᠦᠭᠡᠨ ᠪᠠᠶᠢᠭᠤᠯᠬᠤ ᠪᠡᠷ ᠵᠢᠳᠬᠦᠭᠰᠡᠭᠡᠷ ᠶᠠᠪᠤᠭ᠎ᠠ ᠪᠢᠯᠨ ᠃
( ᠪᠦᠬᠡᠰᠢᠷᠡᠮᠦ ᠂ ᠬᠤᠲᠠᠯᠨ ᠨᠠᠶᠢᠷᠠᠭᠤᠯᠤᠨ ᠪᠢᠴᠢᠪᠠ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ