ᠬᠠᠩᠳᠠᠭᠤᠳ · ᠤᠰᠤᠨᠪᠤᠳᠤᠭ ᠦᠨ︿ ︿ ᠭᠤᠷᠪᠠᠨᠬᠤᠸᠠ ﹀ ﹀ ᠨᠤᠮ ᠦᠨ ᠨᠠᠶᠢᠷᠠᠭᠤᠯᠬᠤ ᠵᠦᠪᠯᠡᠯ ᠂ ᠤᠷᠤᠰᠢᠯ ᠂ ᠭᠠᠷᠴᠠᠭ ᠢ ᠰᠤᠩᠭᠤᠨ ᠰᠢᠯᠵᠢᠭᠦᠯᠪᠡ

ᠣᠩᠰᠢᠭᠰᠠᠨ ᠤᠳᠠᠭ᠎ᠠ ᠄ 7052     ᠨᠡᠶᠢᠳᠡᠯᠡᠭᠰᠡᠨ ᠴᠠᠭ ᠄ 2018/5/24 15:21:59

ᠨᠠᠶᠢᠷᠠᠭᠤᠯᠬᠤ ᠵᠦᠪᠯᠡᠯ

 ᠵᠦᠪᠯᠡᠭᠴᠢ ᠄ ᠯᠢ ᠰᠢᠨ ᠂ ᠴᠠᠡᠭ ᠴᠸᠡᠭ
 ᠡᠷᠬᠢᠯᠡᠭᠴᠢ ᠄ ᠰᠢᠤᠸᠠᠢ ᠦᠯᠵᠡᠢ ᠂ ᠪᠦᠬᠡᠰᠢᠷᠡᠮᠦ
 ᠳᠡᠳ᠋ ᠡᠷᠬᠢᠯᠡᠭᠴᠢ ᠄ ᠭᠤ‍ · ᠬᠦᠰᠡᠯᠲᠦ ᠂ ᠨᠠ‍ · ᠫᠸᠷᠯᠠᠢ ᠂ ᠬᠠᠡᠭᠲᠠᠭᠤᠳ ᠤᠰᠤᠡᠪᠤᠳᠤᠭ
 ᠬᠡᠰᠢᠬᠦᠨ ᠄ ᠳᠦᠷᠦᠬᠡ ᠂ ᠰᠢᠷᠤᠪ ᠂ ᠲᠡᠬᠦᠰ ᠂ ᠬᠤᠲᠠᠯᠨ ᠂ ᠮᠠᠡᠭᠭᠤᠳ ᠪᠦᠭᠡ ᠂ ᠴᠤᠶᠢᠵᠢ ᠂ ᠪ · ᠦᠡᠳᠦᠰᠦ
 ᠶᠡᠷᠦᠡᠭᠬᠡᠢ ᠨᠠᠶᠢᠷᠠᠭᠤᠯᠤᠭᠴᠢ ᠄ ᠭᠤ‍ · ᠬᠦᠰᠡᠯᠲᠦ
 ᠬᠦᠢᠴᠡᠳᠭᠡᠭᠰᠡᠨ ᠨᠠᠶᠢᠷᠠᠭᠤᠯᠤᠭᠴᠢ ᠄ ᠬᠠᠡᠭᠲᠠᠭᠤᠳ ᠤᠰᠤᠡᠪᠤᠳᠤᠭ
 ᠭᠡᠷᠡᠯ ᠵᠢᠷᠤᠭ ‍ᠤᠨ ᠵᠢᠷᠤᠭᠯᠠᠭᠴᠢᠳ ᠄ ᠳ᠋ᠦᠡᠭ ᠬᠠᠳᠠ ᠂ ᠴᠤᠶᠢᠵᠢ ᠂ ᠪ · ᠦᠡᠳᠦᠰᠦ ᠂ ᠬᠠᠰᠴᠢᠮᠡᠭ ᠂ ᠲᠤᠤ ᠵᠸᠨ ᠭᠠᠡᠭ ᠂ ᠫᠠᠨ ᠴᠢ ᠰᠢᠤᠸᠠᠢ ᠂ ᠬᠠᠡᠭᠲᠠᠭᠤᠳ ᠤᠰᠤᠡᠪᠤᠳᠤᠭ ᠂ ᠰᠢ ᠪᠤᠤ ᠱᠠᠨ ᠂ ᠳ᠋ᠢ ᠬᠦᠸᠸ ᠬᠤᠸᠨ ᠂ ᠱᠢ ᠴᠦᠨ ᠬᠤᠸᠨ






ᠣᠷᠦᠰᠢᠯ

ᠦᠯᠢᠭᠡᠷ ᠲᠡᠦᠬᠡ ᠪᠠᠨ ᠲᠡᠮᠳᠡᠭᠯᠡᠵᠦ ᠂ ᠦᠪ ᠰᠤᠶᠤᠯ ᠢᠶᠡᠨ ᠨᠠᠡᠳᠢᠡᠭᠨᠠᠨ ᠂ ᠦᠶ᠎ᠡ ᠶ᠋ᠢᠨ ᠦᠶ᠎ᠡ ᠳ᠋ᠤ ᠤᠯᠠᠮᠵᠢᠯᠠᠬᠤ ᠨᠢ ᠮᠠᠨ ‍ᠤ ᠬᠢᠨ ᠤ ᠰᠤᠶᠣᠯ ‍ᠤᠨ ᠰᠢᠯᠢᠳᠡᠭ ᠣᠯᠠᠮᠵᠢᠯᠠᠯ ᠪᠤᠯᠬᠤ ᠶᠤᠮ ᠃
ᠬᠡᠭᠡᠷ ᠮᠤᠷᠢᠨ ᠪᠠᠶᠠᠡᠲᠠᠯ᠎ᠠ ᠪᠠᠷ ᠰᠤᠮᠤᠨ ᠤ ᠪᠠᠨ ᠰᠠᠭᠤᠷᠢᠰᠢᠯ ᠪᠤᠯᠭᠠᠵᠤ ᠂ ᠭᠡᠢ ᠮᠤᠷᠢ ᠪᠤᠰᠤᠭ᠎ᠠ ᠦᠢᠯᠡᠰ ᠢᠶᠠᠷ ᠢᠶᠡᠨ ᠬᠦᠰᠡᠯ ᠤᠨ ᠳᠠᠯᠠᠯᠭ᠎ᠠ ᠪᠤᠯᠭᠠᠭᠰᠠᠨ  ᠭᠤᠷᠪᠠᠨᠬᠤᠸᠠ ᠪᠤᠯ ᠦᠨᠢ ᠤᠳᠠᠭᠠᠨ ᠲᠡᠤᠬᠡ ᠲᠠᠢ ᠰᠤᠶᠤᠯᠲᠤ ᠨᠤᠲᠤᠭ ᠪᠢᠯᠨ ᠃ ᠡᠨ᠋ᠨ ᠬᠦ ᠥᠨᠢ ᠡᠷᠲᠡᠨ ‍ᠤ ᠲᠤᠮᠤᠭᠲᠤ ᠭᠥᠷᠥᠰᠥᠨ ᠲᠡᠭᠡᠷ᠎ᠡ ᠭᠤᠷᠪᠠᠨᠬᠤᠸᠠ ᠶ᠋ᠢᠨ ᠬᠦᠮᠦᠨ ᠵᠤᠨ ᠥᠪᠡᠷ ‍ᠤᠨ ᠤᠶᠤᠨ ᠲᠠᠷᠢᠬᠢ ᠪᠠ ᠭᠥᠴᠥ ᠭᠥᠯᠥᠰᠥ ᠪᠡᠷ ᠢᠶᠡᠨ ᠥᠢᠯᠡᠰ ‍ᠤᠨ ᠢᠷᠠᠭᠤ ᠲᠡᠤᠬᠡ ᠪᠠᠨ ᠪᠦᠲᠦᠬᠡᠭᠰᠡᠭᠡᠷ ᠢᠷᠡᠪᠡ ᠃ ᠰᠤᠶᠤᠯᠲᠤ ᠨᠤᠲᠤᠭ ᠤᠨ ᠢᠶᠡᠨ ᠰᠤᠳᠤᠨ ᠦᠢᠯᠡᠰ ᠢ ᠲᠡᠤᠬᠡ ᠶ᠋ᠢᠨ ᠬᠠᠭᠤᠳᠠᠰᠤᠨ᠎ᠠ ᠵᠢᠷᠤᠭᠯᠠᠨ ᠦᠯᠡᠳᠡᠭᠡᠵᠦ ᠂ ᠰᠤᠳᠤᠷ ᠨᠤᠮ ᠤᠨ ᠪᠤᠶᠠᠨ ᠤ ᠳᠡᠯᠭᠡᠷᠡᠯ ᠳ᠋ᠣ ᠦᠴᠦᠭᠡᠨ ᠴᠤ ᠭᠡᠰᠡᠨ ᠨᠡᠮᠡᠷᠢ ᠬᠠᠡᠳᠢᠪᠯᠠᠬᠤ ᠨᠢ ᠮᠠᠨ ᠤ ᠢᠷᠠᠭᠤ ᠠᠯᠳᠠᠷᠲᠤ ᠡᠬᠦᠷᠭᠡ ᠬᠠᠷᠢᠭᠤᠴᠠᠯᠭ᠎ᠠ ᠪᠠᠶᠢᠭ᠎ᠠ ᠶᠤᠮ ᠃
ᠦᠭᠡᠷᠡᠴᠢᠯᠡᠯᠲᠡ ᠬᠢᠵᠥ ᠴᠢᠯᠥᠭᠡᠳᠠᠢ ᠶᠡᠪᠤᠯᠴᠠᠬᠤ ᠲᠥᠷᠥ ᠶ᠋ᠢᠨ ᠪᠤᠳᠤᠯᠭ᠎ᠠ ᠶ᠋ᠢ ᠨᠠᠶᠢᠳᠠᠪᠤᠷᠢᠵᠢᠭᠤᠯᠬᠤ ᠶᠠᠪᠤᠴᠠ ᠳ᠋ᠥ  ᠭᠤᠷᠪᠠᠨᠬᠤᠸᠠ ᠶ᠋ᠢᠨ ᠬᠦᠮᠦᠨ ᠠᠷᠠᠳ ᠳ᠋ᠧᠩ ᠰᠢᠶᠤᠤ ᠫᠢᠡᠭ ‍ᠤᠨ ᠤᠨᠤᠯ ᠢᠶᠠᠷ ᠵᠢᠯᠤᠭᠤᠳᠤᠯᠭ᠎ᠠ ᠪᠤᠯᠭᠠᠨ ᠂ 《 ᠭᠤᠷᠪᠠ ᠵᠢ ᠲᠥᠯᠥᠭᠡᠯᠡᠬᠥ 》 ᠴᠢᠬᠤᠯᠠ ᠥᠵᠡᠯ ᠰᠠᠨᠠᠭ᠎ᠠ ᠪᠠᠷ ᠵᠥᠭᠯᠡᠭᠥᠷ ᠪᠤᠯᠭᠠᠵᠤ ᠂ ᠰᠢᠨᠵᠢᠯᠡᠭᠥ ᠤᠬᠠᠭᠠᠨᠴᠢ ᠭᠥᠭᠵᠢᠯᠳᠠ ᠶ᠋ᠢᠨ ᠥᠵᠡᠯᠳᠠ ᠵᠢ ᠪᠠᠷᠢᠮᠳᠠᠯᠠᠵᠥ ᠂ ᠦᠭᠡᠳᠡᠷᠬᠡᠭ ᠬᠠᠯᠠᠭᠤᠨ ᠰᠡᠳᠭᠢᠯ ᠢᠶᠠᠷ ᠨᠤᠳᠤᠭ ᠤᠷᠤᠨ ᠢᠶᠡᠨ ᠬᠦᠭᠵᠢᠬᠦᠯᠵᠦ ᠂ ᠡᠶ᠎ᠡ ᠨᠠᠶᠢᠷᠠᠮᠳᠠᠭᠤ ᠨᠡᠶᠢᠭᠡᠮ ᠢ ᠪᠦᠲᠦᠭᠡᠨ ᠪᠠᠶᠢᠭᠤᠯᠬᠤ  ᠳᠤ ᠴᠢᠮᠠᠯᠠᠰᠢ ᠦᠭᠡᠢ ᠬᠤᠪᠢ ᠨᠡᠮᠡᠷᠢ ᠦᠵᠡᠭᠦᠯᠦᠭᠰᠡᠭᠡᠷ ᠢᠷᠡᠪᠡ ᠃ ᠡᠨ᠋ᠨ ᠪᠤᠯ ᠮᠠᠨ ᠤ ᠤᠮᠤᠭᠰᠢᠯ ᠂ ᠮᠠᠨ ᠤ ᠪᠠᠬᠠᠷᠬᠠᠯ ᠪᠠᠶᠢᠭ᠎ᠠ ᠶᠤᠮ ᠡ ᠃
ᠪᠢᠳᠡ 《  ᠭᠤᠷᠪᠠᠨᠬᠤᠸᠠ》 ᠬᠡᠮᠡᠬᠦ ᠨᠤᠮ ᠢᠶᠡᠨ ᠨᠠᠶᠢᠷᠠᠭᠤᠯᠤᠨ ᠬᠡᠪᠯᠡᠬᠦᠯᠵᠦ ᠂ ᠭᠤᠷᠪᠠᠨᠬᠤᠸᠠ ᠨᠤᠳᠤᠭ ‍ᠤᠨ ᠬᠦᠮᠦᠨ ᠠᠷᠠᠳ ᠲᠠᠭᠠᠨ ᠂  ᠭᠤᠷᠪᠠᠨᠬᠤᠸᠠ ᠨᠤᠳᠤᠭ ᠡᠴᠠ ᠴᠤᠯᠭᠤᠷᠠᠨ ᠭᠠᠷᠤᠭᠰᠠᠨ ᠤᠳᠤᠨ ᠰᠤᠳᠤᠨ ᠬᠦᠮᠦᠰ ᠲᠡᠬᠡᠨ ᠂  ᠭᠤᠷᠪᠠᠨᠬᠤᠸᠠ ᠨᠤᠳᠤᠭ ‍ᠤᠨ ᠪᠦᠲᠦᠭᠡᠨ ᠪᠠᠶᠢᠭᠤᠯᠤᠯᠳᠠ ᠂ ᠬᠦᠭᠵᠢᠯ ᠪᠠᠳᠠᠷᠠᠯ ᠳ᠋ᠤ ᠬᠦᠴᠦᠨ ᠢᠶᠡᠨ ᠡᠷᠬᠦᠵᠦ ᠂ ᠭᠠᠪᠢᠶ᠎ᠠ ᠵᠢᠳᠬᠦᠯ ᠦᠵᠡᠬᠦᠯᠦᠭᠰᠡᠨ ᠤᠳᠤᠷᠢᠳᠥᠯᠭ᠎ᠠ ᠨᠠᠷ ᠲᠠᠭᠠᠨ ᠂  ᠭᠤᠷᠪᠠᠨᠬᠤᠸᠠ ᠨᠤᠳᠤᠭ ‍ᠢ ᠮᠢᠨᠢ ᠬᠠᠯᠠᠭᠤᠨ ᠰᠡᠳᠭᠢᠯᠭᠡ ᠪᠡᠷ ᠠᠩᠬᠠᠷᠤᠨ ᠬᠠᠯᠠᠮᠵᠢᠯᠠᠭᠰᠠᠭᠠᠷ ᠢᠷᠡᠭᠰᠡᠨ ᠤᠯᠤᠰ ‍ᠤᠨ ᠲᠤᠳᠤᠨ᠎ᠠ ᠭᠠᠳᠠᠨᠠᠭᠢ  ᠨᠠᠶᠢᠵᠨ ᠨᠠᠷ ᠲᠠᠭᠠᠨ ᠪᠡᠯᠡᠭ ᠪᠤᠯᠭᠠᠨ ᠳᠡᠪᠰᠢᠬᠦᠯᠬᠦ ᠪᠤᠯᠤᠭᠰᠠᠨ ᠳ᠋ᠠᠭᠠᠨ ᠰᠡᠳᠬᠢᠯ ᠬᠠᠡᠭᠭᠠᠯᠤᠭᠤᠨ ᠪᠠᠶᠢᠨ᠎ᠠ ᠃
ᠲᠤᠰ ᠨᠤᠮ ᠳ᠋ᠥ ᠭᠤᠤᠯᠳᠠᠭᠤ  ᠭᠤᠷᠪᠠᠨᠬᠤᠸᠠ ᠰᠤᠮᠤ ᠶ᠋ᠢᠨ ᠤᠷᠴᠢᠨ ᠤᠳᠤ ᠴᠠᠭ ‍ᠤᠨ ᠲᠡᠤᠬᠡ ᠂ ᠵᠠᠰᠠᠭ ᠵᠠᠬᠢᠷᠭᠠᠨ ‍ᠤ ᠬᠤᠪᠢᠰᠤᠯ ᠂ ᠪᠠᠶᠢᠭᠠᠯᠢ ᠶ᠋ᠢᠨ ᠤᠷᠴᠢᠨ ᠠᠬᠤᠢ ᠂ ᠲᠠᠷᠢᠶᠠᠯᠠᠡᠭ ᠮᠠᠯ ᠠᠵᠤ ᠠᠬᠤᠢ ᠂ ᠰᠤᠶᠤᠯ ᠰᠤᠷᠭᠠᠨ ᠬᠦᠮᠦᠵᠢᠯ ᠂ ᠠᠷᠠᠳ ‍ᠤᠨ ᠳᠠᠭᠤᠤ ᠂ ᠦᠯᠢᠭᠡᠷ ᠳᠤᠮᠤᠭ ᠂ ᠨᠡᠷ᠎ᠡ ᠴᠤᠤᠳᠤ ᠬᠥᠮᠥᠰ ᠤᠨ ᠨᠠᠮᠲᠠᠷ ᠂  ᠭᠤᠷᠪᠠᠨᠬᠤᠸᠠ ᠨᠤᠲᠤᠭ ᠢᠶᠠᠷ ᠰᠡᠳᠦᠪᠯᠡᠭᠰᠡᠨ ᠤᠷᠠᠨ ᠵᠤᠬᠢᠶᠠᠯ ᠤᠨ ᠪᠦᠲᠦᠭᠡᠯ ᠵᠡᠷᠭᠡ ᠶ᠋ᠢ ᠡᠮᠬᠢᠳᠭᠡᠨ ᠲᠡᠬᠦᠪᠦᠷᠢᠯᠡᠪᠡ ᠃ ᠲᠤᠰ ᠨᠤᠮ ᠨᠢ ᠡᠷᠡᠯᠬᠡᠭ ᠪᠠᠭᠠᠲᠤᠷᠯᠢᠭ ᠂ ᠠᠵᠢᠯᠴᠢ ᠭᠥᠳᠡᠯᠮᠥᠷᠢᠴᠢ  ᠭᠤᠷᠪᠠᠨᠬᠤᠸᠠ ᠨᠤᠳᠤᠭ ‍ᠤᠨ ᠬᠦᠮᠦᠨ ᠠᠷᠠᠳ ᠤᠨ ᠠᠮᠢᠳᠤᠷᠠᠯ ᠤᠶᠢᠯᠠᠳᠪᠤᠷᠢᠯᠠᠯ ‍ᠤᠨ ᠲᠦᠷᠰᠦ ᠪᠠᠶᠢᠳᠠᠯ ᠢ ᠲᠤᠰᠬᠠᠵᠤ ᠂ ᠥᠷᠭᠡᠨ ᠠᠭᠤᠳᠠᠮ ᠭᠠᠵᠠᠷ ᠨᠤᠳᠤᠭ ᠂ ᠡᠯᠪᠩ ᠪᠠᠶᠠᠨ ᠪᠠᠶᠢᠭᠠᠯᠢ ᠶ᠋ᠢᠨ ᠡᠬᠢ ᠪᠠᠶᠠᠯᠢᠭ ᠢ ᠵᠢᠷᠤᠭ ᠵᠤᠬᠢᠶᠠᠯ ᠬᠤᠤᠰᠯᠠᠭᠤᠯᠤᠭᠰᠠᠨ ᠭᠤᠶᠢᠲᠡ ᠬᠡᠯᠪᠡᠷᠢ ᠪᠠᠷ ᠬᠠᠷᠠᠭᠤᠯᠤᠭᠰᠠᠨ ᠪᠠᠶᠢᠨ᠎ᠠ ᠃
ᠲᠤᠰ ᠨᠤᠮ ᠪᠤᠯ  ᠭᠤᠷᠪᠠᠨᠬᠤᠸᠠ ᠨᠤᠳᠤᠭ ‍ᠤᠨ ᠥᠨᠡᠨ ᠪᠤᠳᠠᠳᠠᠢ ᠲᠡᠤᠬᠡᠨ ᠲᠡᠮᠳᠡᠭᠯᠡᠯ ᠪᠠᠶᠢᠭ᠎ᠠ ᠶᠤᠮ ᠃ ᠮᠦᠨ ᠤᠡᠭᠰᠢᠭᠴᠢᠳ ᠤᠨ  ᠭᠤᠷᠪᠠᠨᠬᠤᠸᠠ ᠵᠢ ᠲᠠᠨᠢᠵᠤ ᠂  ᠭᠤᠷᠪᠠᠨᠬᠤᠸᠠ ᠶ᠋ᠢ ᠤᠶᠢᠯᠠᠭᠠᠬᠤ ᠭᠡᠭᠡᠪᠴᠢ ᠪᠠᠶᠢᠭ᠎ᠠ ᠶᠤᠮ ᠡ ᠃
ᠲᠤᠰ ᠨᠤᠮ ᠨᠢ ᠮᠦᠨ ᠪᠢᠳᠡᠨ ‍ᠤ ᠰᠡᠳᠭᠢᠯ ᠵᠢᠷᠥᠭᠡ ᠵᠢ ᠬᠤᠯᠪᠤᠵᠤ ᠂ ᠭᠥᠴᠥᠨ ‍ᠢ ᠨᠢᠬᠳᠠᠷᠠᠭᠤᠯᠵᠤ ᠂ ᠵᠤᠷᠢᠭ ‍ᠢ ᠬᠦᠪᠴᠢᠯᠡᠬᠦ ᠬᠦᠬᠦᠷᠭᠡ ᠪᠤᠯᠬᠤ ᠶᠤᠮ ᠃ ᠮᠦᠨ ᠮᠠᠨ ‍ᠤ ᠰᠤᠮᠤᠨ ‍ᠤ ᠪᠤᠯᠪᠠᠰᠤᠨ ‍ᠤ ᠪᠥᠳᠥᠭᠡᠨ ᠪᠡᠶᠢᠭᠤᠯᠤᠯᠳᠠ ᠶ᠋ᠢᠨ ᠰᠢᠨ᠎ᠡ ᠰᠤᠷᠭᠤᠭ ᠴᠡᠴᠡᠭ ᠪᠤᠯᠬᠤ ᠶᠤᠮ ᠃  
ᠨᠠᠷᠠᠨ ᠰᠠᠷᠠᠨ ‍ᠤ ᠡᠷᠭᠢᠯᠳᠡ ᠂ ᠨᠠᠮᠤᠷ ᠬᠠᠪᠤᠷ ‍ᠤᠨ ᠡᠭᠡᠯᠵᠢᠯᠳᠡ ᠵᠢ ᠲᠠᠭᠠᠭᠠᠳ ᠨᠡᠶᠢᠷᠰᠠᠭ ᠨᠤᠳᠤᠭ  ᠭᠤᠷᠪᠠᠨᠬᠤᠸᠠ ᠡᠳᠦᠭᠡ ᠶᠠᠭ ᠰᠠᠶᠢᠬᠠᠨ ᠠᠷᠪᠠᠨ ᠬᠤᠶᠠᠳᠤᠭᠠᠷ ᠲᠠᠪᠤᠨ ᠵᠢᠯ ‍ᠤᠨ ᠲᠥᠯᠥᠪᠯᠡᠭᠡ ᠶ᠋ᠢᠨ ᠱᠠᠲᠤᠨ ᠳ᠋ᠠᠭᠠᠨ ᠠᠯᠬᠤᠨ ᠤᠷᠤᠯ᠎ᠠ ᠃ ᠤᠳᠤ ᠴᠠᠭ ᠪᠤᠯ ᠲᠡᠤᠬᠡ ᠶ᠋ᠢᠨ ᠦᠷᠬᠦᠯᠵᠢᠯᠡᠯ ᠮᠥᠨ ᠂ ᠮᠦᠨ ᠢᠷᠡᠭᠡᠳᠥᠢ ᠪᠤᠯ ᠤᠳᠤ ᠴᠠᠭ ‍ᠤᠨ ᠥᠷᠭᠥᠯᠵᠢᠯᠡᠯ ᠶᠤᠮ ᠃ ᠪᠢᠳᠡ ᠤᠳᠤ ᠶ᠋ᠢᠨ ᠠᠵᠢᠯ ᠢᠶᠡᠨ ᠰᠠᠶᠢᠨ ᠭᠢᠶ᠎ᠡ ᠭᠡᠪᠡᠯ ᠲᠡᠤᠬᠡ ᠶ᠋ᠢᠨ ᠲᠤᠷᠰᠢᠯᠭ᠎ᠠ ᠰᠤᠷᠭᠠᠮᠵᠢ ᠡᠴᠠ ᠰᠠᠯᠵᠤ ᠪᠤᠯᠤᠰᠢ ᠥᠭᠡᠢ ᠪᠢᠯᠨ ᠃
ᠪᠢᠳᠡ ᠨᠠᠮ ‍ᠤᠨ ᠵᠥᠪ ᠤᠨᠤᠪᠴᠢᠳᠠᠢ ᠤᠳᠤᠷᠢᠳᠤᠯᠭ᠎ᠠ ᠲᠤᠤᠷ᠎ᠠ ᠂ ᠰᠤᠮᠤ ᠶ᠋ᠢᠨ ᠨᠠᠮ ‍ᠤᠨ ᠬᠤᠷᠢᠶ᠎ᠠ ᠂ ᠵᠠᠰᠠᠭ ‍ᠤᠨ ᠤᠷᠳᠤᠨ ᠤ ᠲᠠᠶᠢᠴᠢᠯᠠᠭ᠎ᠠ ᠪᠠᠷ ᠥᠨᠳᠤᠰᠥᠳᠡᠨ ᠤ ᠪᠠᠨ ᠰᠢᠯᠢᠳᠡᠭ ᠰᠤᠶᠤᠯ ᠢ ᠤᠯᠠᠮᠵᠢᠯᠠᠨ ᠬᠦᠭᠵᠢᠬᠦᠯᠵᠦ ᠂ ᠨᠡᠶᠢᠭᠡᠮ ᠵᠢᠷᠤᠮᠳᠤ ᠰᠢᠨ᠎ᠡ ᠭᠥᠳᠡᠭᠡ ᠲᠤᠰᠬᠤᠨ ‍ᠢ ᠪᠥᠳᠥᠭᠡᠨ ᠪᠠᠶᠢᠭᠤᠯᠤᠨ ᠂ ᠨᠤᠲᠤᠭ ᠤᠰᠤ ᠪᠠᠨ ᠴᠤ‍ ᠰᠢᠨ᠎ᠡ ᠦᠡᠭᠭᠡ ᠲᠦᠷᠬᠦ ᠲᠠᠢ ᠪᠤᠯᠭᠠᠬᠤ ᠪᠠᠷ ᠴᠢᠷᠮᠠᠶᠢᠰᠤᠭᠠᠢ ᠃
ᠲᠠᠡᠭᠰᠤᠭ ᠰᠠᠶᠢᠬᠠᠨ  ᠭᠤᠷᠪᠠᠨᠬᠤᠸᠠ ᠨᠤᠳᠤᠭ ᠮᠢᠨᠢ ᠲᠠᠯ᠎ᠠ ᠨᠤᠳᠤᠭ ᠤᠨ ᠭᠡᠷᠡᠯᠳᠤ ᠰᠤᠪᠤᠳ ᠪᠤᠯᠵᠤ ᠂ ᠲᠠᠶᠠᠩ ᠲᠡᠯᠡᠭᠡᠢ ᠳ᠋ᠥ ᠠᠯᠳᠠᠷᠰᠢᠬᠤ ᠨᠢ ᠯᠠᠪᠳᠠᠢ ᠶᠤᠮ  ᠃
                                                                                                


 ᠨᠠᠮ   ‍ᠤᠨ   ᠬᠤᠷᠢᠶ᠎ᠠ   ᠶ᠋ᠢᠨ   ᠱᠥᠵᠢ         ᠯᠢ  ᠰᠢᠨ
 ᠭᠤᠷᠪᠠᠨᠬᠤᠸᠠ ᠰᠤᠮᠤ ᠶ᠋ᠢᠨ
ᠵᠠᠰᠠᠭ ‍ᠤᠨ ᠤᠷᠳᠤᠨ ‍ᠤ ᠰᠤᠮᠤᠨ ᠲᠠᠷᠤᠭ᠎ᠠ         ᠴᠠᠩ ᠴᠸᠩ
         
                                                                                                                           2011 ᠤᠨ ᠤ 8 ᠳ᠋ᠤᠭᠠᠷ ᠰᠠᠷ᠎ᠠ ᠳᠤ


 
 
 
ᠭᠠᠷᠴᠠᠭ
ᠤᠷᠤᠰᠢᠯ ᠁ ᠁ ᠁ ᠁ ᠁ ᠁ ᠁  ᠯᠢ ᠰᠢᠨ ᠂ ᠴᠠᠡᠭ ᠴᠸᠡᠭ
ᠨᠢᠭᠡᠳᠦᠭᠡᠷ ᠪᠦᠯᠦᠭ ᠂ ᠲᠤᠶᠢᠮᠤ ᠪᠠ ᠲᠡᠤᠬᠡ
ᠨᠢᠭᠡ ᠂  ᠭᠤᠷᠪᠠᠨᠬᠤᠸᠠ ᠰᠤᠮᠤ ᠶ᠋ᠢᠨ ᠲᠤᠶᠢᠮᠤ ᠪᠠᠶᠢᠳᠠᠯ
ᠪᠠᠶᠢᠭᠠᠯᠢ ᠶ᠋ᠢᠨ ᠤᠷᠴᠢᠨ ᠠᠬᠤᠢ ᠁ ᠁
ᠭᠤᠤᠯ ᠤᠰᠤ ᠂ ᠨᠠᠭᠤᠷ ᠪᠦᠷᠢᠳᠦ ᠁ ᠁
ᠭᠤᠤᠯ ᠪᠤᠯᠬᠤ ᠡᠳ᠋ ᠪᠠᠶᠠᠯᠢᠭ ᠁ ᠁
ᠰᠢᠨ᠎ᠡ ᠴᠠᠭ ᠤᠨ ᠬᠦᠭᠵᠢᠯ ᠪᠠᠳᠠᠷᠠᠯ ᠁ ᠁
ᠬᠤᠶᠠᠷ ᠂ ᠲᠡᠤᠬᠡᠨ ᠦᠶ᠎ᠡ ᠶ᠋ᠢᠨ ᠬᠤᠪᠢᠰᠤᠯ
ᠲᠡᠤᠬᠡᠨ ᠦᠶ᠎ᠡ ᠶ᠋ᠢᠨ ᠬᠤᠪᠢᠰᠤᠯ ᠁ ᠁
ᠭᠤᠷᠪᠠᠨᠬᠤᠸᠠ ᠰᠤᠮᠤ ᠶ᠋ᠢᠨ ᠵᠤᠬᠢᠶᠠᠨ ᠪᠠᠶᠢᠭᠤᠯᠤᠯᠲᠠ ᠶ᠋ᠢᠨ ᠤᠯᠠᠷᠢᠯ ᠬᠤᠪᠢᠰᠤᠯᠲᠠ ᠁

ᠬᠤᠶᠠᠳᠤᠭᠠᠷ ᠪᠦᠯᠦᠭ ᠂ ᠵᠠᠭᠠᠭ ᠬᠤᠪᠢᠶᠠᠷᠢ ᠂ ᠤᠷᠴᠢᠨ ᠠᠬᠤᠢ ᠪᠠ ᠭᠠᠴᠠᠭ᠎ᠠ ᠲᠤᠰᠬᠤᠨ ᠤ ᠢᠷᠡᠯᠲᠡ
ᠨᠢᠭᠡ ᠂ ᠰᠤᠮᠤ ᠨᠤᠲᠤᠭ ‍ᠤᠨ ᠵᠠᠭᠠᠭ ᠬᠤᠪᠢᠶᠠᠷᠢ ᠁ ᠁ ᠁ ᠁ ᠁
ᠬᠤᠶᠠᠷ ᠂ ᠪᠠᠶᠢᠭᠠᠯᠢ ᠶ᠋ᠢᠨ ᠤᠷᠴᠢᠨ ᠠᠬᠤᠢ ᠁ ᠁ ᠁ ᠁ ᠁
ᠭᠤᠷᠪᠠ ᠂ ᠭᠣᠷᠪᠠᠨᠬᠣᠸᠠ ᠰᠣᠮᠣᠨ ‍ᠤ ᠭᠠᠴᠠᠭ᠎ᠠ ᠲᠣᠰᠬᠣᠨ ‍ᠤ ᠨᠡᠷ᠎ᠡ ᠶ᠋ᠢᠨ ᠢᠷᠡᠯᠲᠡ ᠁

ᠭᠤᠷᠪᠠᠳᠤᠭᠠᠷ ᠪᠦᠯᠦᠭ ᠂ ᠠᠵᠤ ᠠᠬᠤᠢ
ᠨᠢᠭᠡ ᠂ ᠮᠠᠯ ᠠᠵᠤ ᠠᠬᠤᠢ ᠁ ᠁ ᠁ ᠁ ᠁ ᠁ ᠁
ᠬᠤᠶᠠᠷ ᠂ ᠲᠠᠷᠢᠶᠠᠯᠡᠭ ᠠᠵᠤ ᠠᠬᠤᠢ ᠁ ᠁ ᠁ ᠁ ᠁ ᠁ ᠁
ᠭᠤᠷᠪᠠ ᠂ ᠣᠢ ᠰᠢᠭᠣᠢ ᠪᠠ ᠣᠷᠴᠢᠨ ᠲᠣᠭᠣᠷᠢᠨ ᠁ ᠁ ᠁ ᠁ ᠁
ᠳᠦᠷᠪᠡ ᠂ ᠭᠠᠮᠰᠢᠭ ᠪᠠ ᠣᠰᠣᠨ ᠠᠰᠢᠭᠯᠠᠯᠳᠠ ᠁ ᠁ ᠁ ᠁ ᠁

ᠳᠦᠷᠪᠡᠳᠦᠭᠡᠷ ᠪᠦᠯᠦᠭ ᠂ ᠰᠤᠶᠤᠯ ᠤᠷᠠᠯᠢᠭ ᠂ ᠰᠤᠷᠭᠠᠨ ᠬᠦᠮᠦᠵᠢᠯ ᠂ ᠡᠮ ᠡᠮᠨᠡᠯᠭᠡ
ᠨᠢᠭᠡ ᠂ ᠰᠤᠷᠭᠠᠨ ᠬᠦᠮᠦᠵᠢᠯ ᠁ ᠁ ᠁ ᠁ ᠁ ᠁ ᠁ ᠁
ᠬᠤᠶᠠᠷ ᠂ ᠡᠮ ᠡᠮᠨᠡᠯᠭᠡ ᠂ ᠡᠷᠡᠬᠦᠯ ᠬᠠᠮᠠᠭᠠᠯᠠᠯ ᠁ ᠁ ᠁ ᠁ ᠁
ᠭᠤᠷᠪᠠ ᠂ ᠰᠤᠶᠤᠯ ᠤᠷᠠᠯᠢᠭ ᠂  ᠪᠡᠶ᠎ᠡ ᠲᠠᠮᠢᠷ ᠂ ᠨᠠᠶᠢᠷ ᠨᠠᠭᠠᠲᠤᠮ ᠁ ᠁ ᠁

ᠲᠠᠪᠤᠳᠤᠭᠠᠷ ᠪᠦᠯᠦᠭ ᠂ ᠨᠡᠶᠢᠭᠡᠮ ᠠᠮᠢᠲᠤᠷᠠᠯ ᠂ ᠵᠠᠡᠭ ᠠᠭᠠᠯᠢ
ᠨᠢᠭᠡ ᠂ ᠬᠦᠮᠦᠨ ᠠᠮᠨ ᠂ ᠦᠨᠲᠦᠰᠦᠲᠡᠨ ᠂ ᠤᠪᠤᠭ ᠶᠠᠰᠤᠲᠠᠨ ᠂ ᠬᠦᠮᠦᠨ ᠠᠮᠨ ᠁ ᠁
ᠬᠤᠶᠠᠷ ᠂ ᠵᠠᠩ ᠵᠠᠩᠰᠢᠯ ᠁ ᠁ ᠁ ᠁ ᠁ ᠁ ᠁ ᠁ ᠁
ᠭᠤᠷᠪᠠ ᠂ ᠱᠠᠰᠢᠨ ᠰᠢᠲᠦᠯᠭᠡ ᠁ ᠁ ᠁ ᠁ ᠁ ᠁ ᠁ ᠁

ᠵᠢᠷᠭᠤᠳᠤᠭᠠᠷ  ᠪᠦᠯᠦᠭ ᠂ ᠦᠯᠢᠭᠡᠷ ᠳᠤᠮᠤᠭ ᠂ ᠠᠷᠠᠳ ᠤᠨ ᠳᠠᠭᠤᠤ
ᠨᠢᠭᠡ ᠂  ᠭᠤᠷᠪᠠᠨᠬᠤᠸᠠ ᠶ᠋ᠢᠨ ᠦᠯᠢᠭᠡᠷ ᠳᠤᠮᠤᠭ ᠁ ᠁ ᠁ ᠁ ᠁ ᠁
ᠬᠤᠶᠠᠷ ᠂  ᠭᠤᠷᠪᠠᠨᠬᠤᠸᠠ ᠶ᠋ᠢᠨ ᠠᠷᠠᠳ ᠤᠨ ᠳᠠᠭᠤᠤ ᠁ ᠁ ᠁ ᠁ ᠁ ᠁

ᠳᠤᠯᠤᠳᠤᠭᠠᠷ  ᠪᠦᠯᠦᠭ ᠂ ᠤᠳᠤᠨ ᠰᠤᠳᠤᠨ ᠬᠦᠮᠦᠰ
ᠨᠢᠭᠡ ᠂ ᠡᠷᠳᠡᠮᠲᠡᠨ ᠰᠤᠳᠤᠯᠭᠠᠲᠠᠨ ᠂ ᠵᠤᠬᠢᠶᠠᠯᠴᠢ ᠤᠷᠠᠯᠢᠭᠴᠢᠳ ᠁ ᠁ ᠁ ᠁
 ᠬᠤᠶᠠᠷ ᠂ ᠭᠠᠷᠮᠠᠭᠠᠢ ᠤᠳᠤᠷᠢᠳᠤᠯᠭ᠎ᠠ ᠁ ᠁ ᠁ ᠁ ᠁ ᠁ ᠁ ᠁
 ᠭᠤᠷᠪᠠ ᠂ ᠬᠦᠳᠡᠯᠮᠦᠷᠢ ᠶ᠋ᠢᠨ ᠵᠢᠱᠢᠶᠡᠴᠢ ᠂ ᠰᠢᠯᠢᠳᠡᠭ ᠰᠠᠶᠢᠴᠤᠤᠯ ᠂ ᠴᠤᠯᠭᠤᠷᠠᠭᠰᠠᠨ ᠬᠦᠮᠦᠰ ᠁ ᠁
 ᠳᠦᠷᠪᠡ ᠂  ᠭᠤᠷᠪᠠᠨᠬᠤᠸᠠ ᠨᠤᠲᠤᠭ ᠤᠨ ᠭᠠᠷᠮᠠᠭᠠᠢ ᠪᠦᠭᠡᠴᠢᠳ ᠁ ᠁ ᠁ ᠁ ᠁
 ᠲᠠᠪᠤ᠋᠂ ᠂  ᠭᠤᠷᠪᠠᠨᠬᠤᠸᠠ ᠨᠤᠲᠤᠭ ᠲᠠᠢ ᠬᠤᠪᠢᠰᠬᠠᠯᠲᠤ ᠦᠷᠡᠭᠳᠡᠭᠰᠡᠨ ᠪᠠᠭᠠᠲᠤᠷᠴᠤᠳ ᠁ ᠁

ᠨᠠᠢᠮᠠᠳᠤᠭᠠᠷ  ᠪᠦᠯᠦᠭ ᠂ ᠴᠡᠴᠡᠭ ᠤᠨ ᠪᠤᠷᠤᠭᠠᠨ ᠲᠠᠢ  ᠭᠤᠷᠪᠠᠨᠬᠤᠸᠠ
ᠬᠠᠳᠠᠬᠢᠨ ᠪᠠᠷᠠᠭᠤᠨ ᠯᠠᠮᠨ ᠰᠢᠳᠠᠷᠠᠪ ᠭᠡᠭᠡᠨ ᠁ ᠁ ᠁ ᠁ ᠁ ᠁ ᠪ · ᠭᠡᠷᠡᠯᠲᠦ
ᠬᠠᠳᠠᠮ ᠤᠨ ᠨᠤᠲᠤᠭ  -- ᠭᠤᠷᠪᠠᠨᠬᠤᠸᠠ ᠁ ᠁ ᠁ ᠁ ᠬᠠᠡᠭᠲᠠᠭᠤᠳ ᠤᠰᠤᠡᠪᠤᠳᠤᠭ
ᠵᠢᠷᠦᠬᠡᠨ ᠡᠴᠠ ᠤᠶᠠᠭᠠᠲᠠᠢ ᠨᠤᠲᠤᠭ  --  ᠭᠤᠷᠪᠠᠨᠬᠤᠸᠠ ᠂ ᠲᠤᠯᠤᠭᠠᠨ ᠲᠠᠷᠢᠶ᠎ᠠ ᠁ ᠰᠢᠪᠰᠢᠭᠤᠳ ᠨᠠᠷᠠᠨ
ᠨᠠᠮᠤᠷ ᠤᠨ ᠵᠢᠪᠠᠷ ᠬᠤᠡᠭᠭᠤᠷᠯᠠᠬᠤ ᠪᠠᠷ ᠨᠠᠭᠠᠴᠤ ᠶ᠋ᠢᠨ ᠨᠤᠲᠤᠭ ᠡᠷᠢᠭᠳᠡᠨ᠎ᠡ ᠁ ᠁ ᠨᠠ‍ · ᠫᠸᠷᠯᠠᠢ
ᠡᠵᠢ ᠶ᠋ᠢᠨ ᠰᠦ ᠲᠠᠢ ᠨᠤᠳᠤᠭ  --  ᠭᠤᠷᠪᠠᠨᠬᠤᠸᠠ ᠁ ᠁ ᠁ ᠁ ᠳ᠋ · ᠳᠡᠯᠭᠡᠷ
 ᠭᠤᠷᠪᠠᠨᠬᠤᠸᠠ ᠶ᠋ᠢᠨ ᠮᠠᠭᠲᠠᠭᠤ ᠁ ᠁ ᠁ ᠁ ᠁ ᠁ ᠁ ᠲᠦᠷᠦᠬᠡ
 ᠭᠤᠷᠪᠠᠨᠬᠤᠸᠠ ᠡᠮᠵᠡᠭ ᠬᠠᠶᠢᠷ᠎ᠠ ᠶ᠋ᠢᠨ ᠲᠡᠯᠡᠷᠡᠯ ᠁ ᠁ ᠁ ᠁ ᠰ · ᠠᠭᠤᠯᠨ
 ᠭᠤᠷᠪᠠᠨᠬᠤᠸᠠ ᠨᠤᠲᠤᠭ ᠁ ᠁ ᠁ ᠁ ᠁ ᠁ ᠁ ᠁ ᠸᠠᠡᠭ ᠡᠷᠳᠡᠮᠲᠤ
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ