ᠨᠠᠢᠮᠠᠨ ᠬᠤᠰᠢᠭᠤᠨ ᠤ ᠬᠣᠶᠢᠴᠢ ᠦᠶ᠎ᠡ ᠶ᠋ᠢᠨ ᠬᠢᠨ ᠢ ᠬᠠᠯᠠᠮᠵᠢᠯᠠᠬᠤ ᠵᠥᠪᠯᠡᠯ ᠬᠠᠪᠰᠤᠷᠤᠨ ᠳᠡᠦᠨᠬᠦᠬᠦ ᠤᠬᠠᠭᠤᠯᠤᠨ ᠲᠠᠶᠢᠯᠪᠤᠷᠢᠯᠠᠬᠤ ᠬᠦᠴᠦᠴᠡ ᠪᠡᠨ ᠴᠢᠩᠭᠠᠣᠨᠬᠠᠨ ᠣᠨᠤᠪᠴᠢᠲᠠᠢ ᠪᠠᠷ ᠶᠠᠳᠠᠭᠤ ᠶ᠋ᠢ ᠳᠡᠦᠨᠬᠦᠬᠦ ᠳ᠋ᠦ ᠬᠦᠴᠦᠨ ᠬᠠᠪᠰᠤᠷᠴᠤ ᠪᠠᠶᠢᠨ᠎ᠠ

ᠣᠩᠰᠢᠭᠰᠠᠨ ᠤᠳᠠᠭ᠎ᠠ ᠄ 7754     ᠨᠡᠶᠢᠳᠡᠯᠡᠭᠰᠡᠨ ᠴᠠᠭ ᠄ 2018/8/23 9:26:52

    ᠨᠠᠢᠮᠠᠨ ᠬᠤᠰᠢᠭᠤᠨ ᠤ ᠬᠣᠶᠢᠴᠢ ᠦᠶ᠎ᠡ ᠶ᠋ᠢᠨ ᠬᠢᠨ ᠢ ᠬᠠᠯᠠᠮᠵᠢᠯᠠᠬᠤ ᠵᠥᠪᠯᠡᠯ ᠢᠳᠡᠪᠬᠢᠲᠡᠢ ᠴᠢᠷᠮᠠᠶᠢᠨ ᠳᠣᠷᠣᠢ ᠪᠠᠭᠤᠷᠠᠢ ᠵᠠᠯᠠᠭᠤ ᠪᠠᠭᠠᠴᠤᠳ ᠤᠨ ᠰᠤᠷᠤᠯᠴᠠᠯᠭ᠎ᠠ ᠠᠮᠢᠳᠤᠷᠠᠯ ᠤᠨ ᠲᠠᠯ᠎ᠠ ᠳ᠋ᠠᠬᠢ ᠬᠦᠴᠢᠷᠳᠡᠯ ᠢ ᠬᠠᠪᠰᠤᠷᠤᠨ ᠰᠢᠢᠦᠨᠪᠦᠷᠢᠯᠡᠵᠦ ᠪᠤᠢ ᠃ ᠪᠦᠷᠢᠦᠨᠬᠡᠯ ᠢ ᠦᠨᠳᠦᠰᠦᠯᠡᠪᠡᠯ ᠂ ᠤᠶᠢᠷ᠎ᠠ ᠶ᠋ᠢᠨ ᠬᠡᠳᠦᠨ ᠵᠢᠯ ᠳ᠋ᠦ  ᠨᠠᠢᠮᠠᠨ ᠬᠤᠰᠢᠭᠤᠨ ᠤ ᠬᠣᠶᠢᠴᠢ ᠦᠶ᠎ᠡ ᠶ᠋ᠢᠨ ᠬᠢᠨ ᠢ ᠬᠠᠯᠠᠮᠵᠢᠯᠠᠬᠤ ᠵᠥᠪᠯᠡᠯ ᠨᠢ ᠰᠤᠷᠭᠠᠨ ᠬᠦᠮᠦᠵᠢᠯ ᠂ ᠬᠠᠤᠯᠢ ᠴᠠᠭᠠᠵᠠ ᠂ ᠠᠵᠢᠯᠴᠢᠨ ᠤ ᠡᠪᠯᠡᠯ ᠂ ᠡᠮᠡᠭᠲᠡᠶᠢᠴᠦᠳ ᠦᠨ ᠬᠣᠯᠪᠤᠭ᠎ᠠ ᠂ ᠡᠪᠯᠡᠯ ᠦᠨ ᠬᠣᠷᠢᠶ᠎ᠠ ᠂ ᠤᠯᠠᠭᠠᠨ ᠵᠠᠯᠠᠮᠠᠭᠠᠶᠢᠲᠠᠨ ᠤ ᠨᠡᠶᠢᠭᠡᠮᠯᠢᠭ ᠂ ᠵᠡᠮᠳᠡᠭᠴᠦᠳ ᠦᠨ ᠬᠣᠯᠪᠤᠭ᠎ᠠ ᠵᠡᠷᠭᠡ ᠰᠠᠯᠠᠭ᠎ᠠ ᠮᠦᠴᠢᠷ ᠪᠠᠶᠢᠭᠤᠯᠤᠯᠭ᠎ᠠ ᠨᠢᠭᠡᠴᠡ ᠲᠠᠢ ᠬᠠᠮᠵᠢᠯᠴᠠᠨ 450 ᠭᠠᠷᠤᠢ ᠲᠦᠮᠡᠨ ᠲᠥᠭᠦᠷᠢᠭ ᠬᠣᠷᠠᠮᠳᠤᠭᠤᠯᠤᠨ ᠥᠨᠦᠴᠢᠨ ᠵᠡᠮᠳᠡᠭ ᠂ ᠡᠪᠡᠦᠨᠴᠢᠨ ᠡᠮᠭᠡᠭ ᠲᠠᠢ ᠂ ᠶᠠᠳᠠᠭᠤ ᠬᠦᠴᠢᠷᠲᠡᠢ ᠪᠣᠯᠣᠨ ᠭᠡᠷ ᠲᠡᠬᠡᠨ ᠬᠣᠴᠣᠷᠤᠬᠰᠠᠨ 2400 ᠢᠯᠡᠭᠦᠦ ᠬᠡᠦᠬᠡᠳ ᠤᠳᠠᠭ᠎ᠠ ᠶ᠋ᠢ ᠠᠪᠤᠷᠠᠨ ᠳᠡᠦᠨᠬᠦᠵᠦ ᠂ ᠶᠠᠳᠠᠭᠤ ᠬᠦᠴᠢᠷᠲᠡᠢ 1000 ᠰᠢᠬᠠᠮ ᠰᠤᠷᠤᠬᠴᠢ ᠶ᠋ᠢ ᠬᠠᠪᠰᠤᠷᠤᠨ ᠰᠤᠷᠤᠯᠴᠠᠭᠤᠯᠵᠠᠢ ᠃ ︿ ︿ ᠬᠠᠶᠢᠷ᠎ᠠ ᠬᠠᠯᠠᠮᠵᠢᠲᠤ ᠡᠵᠢ ﹀ ﹀ ᠶ᠋ᠢᠨ ᠠᠵᠢᠯᠯᠠᠭᠠᠨ ᠥᠷᠨᠢᠭᠦᠯᠵᠦ 300 ᠭᠠᠷᠤᠢ ᠬᠡᠦᠬᠡᠳ ᠢ ᠡᠷᠭᠦᠨ ᠳᠡᠦᠨᠬᠦᠵᠡᠢ ᠃ ᠲᠣᠰ ᠵᠥᠪᠯᠡᠯ ᠪᠠᠰᠠ ᠨᠠᠮ ᠤᠨ ᠲᠡᠦᠬᠡ ᠤᠯᠤᠰ ᠤᠨ ᠲᠡᠦᠬᠡ ᠶ᠋ᠢᠨ ᠬᠦᠮᠦᠵᠢᠯ  ᠵᠢᠴᠢ ︿ ︿ ᠭᠤᠷᠪᠠᠨ ᠬᠠᠶᠢᠷᠠᠯᠠᠯ ﹀ ﹀ ᠤᠨ ᠬᠦᠮᠦᠵᠢᠯ ᠪᠣᠯᠣᠨ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠵᠣᠷᠢᠭ ᠰᠠᠨᠠᠭ᠎ᠠ ᠶ᠋ᠢ ᠤᠬᠠᠭᠤᠯᠬᠤ ᠠᠵᠢᠯᠯᠠᠭ᠎ᠠ  ᠲᠠᠶᠢᠯᠤᠮᠵᠢ ᠶ᠋ᠢ 300 ᠭᠠᠷᠤᠢ ᠲᠠᠯᠠᠪᠠᠢ ᠤᠳᠠᠭ᠎ᠠ ᠬᠢᠬᠦ ᠪᠡᠷ ᠳᠠᠮᠵᠢᠨ ᠂ ᠶᠠᠳᠠᠭᠤ ᠬᠦᠴᠢᠷᠲᠡᠢ ᠡᠷᠦᠬᠡ ᠶ᠋ᠢᠨ ᠵᠠᠯᠠᠭᠤ ᠪᠠᠭᠠᠴᠤᠳ ᠤᠨ ᠶᠠᠳᠠᠭᠤ ᠡᠴᠠ ᠠᠩᠭᠢᠵᠢᠷᠠᠨ ᠪᠠᠶᠠᠵᠢᠨ ᠴᠢᠨᠡᠭᠡᠯᠢᠭᠵᠢᠬᠦ ᠢᠲᠡᠭᠡᠯ ᠵᠣᠷᠢᠭ ᠢ ᠨᠢ ᠵᠢᠯᠤᠭᠤᠳᠤᠨ  ᠬᠥᠪᠴᠢᠯᠡᠵᠦ ᠂ ᠣᠨᠤᠪᠴᠢᠲᠠᠢ ᠪᠠᠷ ᠶᠠᠳᠠᠭᠤ ᠶ᠋ᠢ ᠳᠡᠦᠨᠬᠦᠬᠦ ᠳ᠋ᠦ ᠬᠦᠴᠦᠨ ᠬᠠᠪᠰᠦᠷᠴᠦ ᠬᠥᠳᠡᠭᠡ ᠲᠣᠰᠬᠤᠨ ᠤ ᠰᠡᠷᠭᠦᠨ ᠮᠠᠨᠳᠤᠯᠲᠠ ᠳ᠋ᠤ ᠢᠳᠡᠪᠬᠢᠲᠡᠢ ᠤᠶᠢᠯᠡᠴᠢᠯᠡᠵᠦ ᠪᠠᠶᠢᠨ᠎ᠠ ᠃    

                                                                ( ᠪᠤᠶᠠᠨᠴᠤᠬᠯᠠ )ᠲᠤᠰ  ᠠᠭᠤᠯᠭ᠎ᠠ ᠶ᠋ᠢ ᠰᠢᠯᠵᠡᠭᠦᠯᠦᠨ ᠬᠡᠷᠡᠭᠯᠡᠪᠡᠯ  ᠂ ᠲᠤᠰ ᠰᠦᠯᠵᠢᠶᠡᠨ  ᠦ ᠵᠤᠬᠢᠶᠠᠨ ᠪᠠᠶᠢᠭᠤᠯᠬᠤ ᠺᠤᠮᠢᠰ ᠲᠠᠢ ᠬᠠᠷᠢᠯᠴᠠᠭᠠᠷᠠᠢ ︕ ᠬᠠᠷᠢᠯᠴᠠᠬᠤ ᠤᠲᠠᠰᠤ ᠄15848654287

ᠢᠷᠡᠯᠳᠡ᠄ ᠨᠠᠶᠢᠷᠠᠭᠤᠯᠤᠭᠴᠢ᠄ ᠳᠤᠯᠠᠭᠠᠨ

ᠬᠠᠮᠢᠶ᠎ᠡ ᠪᠦᠬᠦᠢ ᠰᠣᠨᠢᠨ