ᠨᠠᠢᠮᠠᠨ ᠬᠤᠰᠢᠭᠤ ︿ ︿ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠤ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠵᠢᠱᠢᠶ᠎ᠡ ᠦᠵᠡᠭᠦᠯᠬᠦ ᠰᠢᠶᠠᠨ ᠲᠣᠭᠤᠷᠢᠭ ﹀ ﹀ ᠤᠨ ᠢᠷᠠᠭᠤ ᠠᠯᠳᠠᠷᠲᠤ ᠴᠣᠯᠠ ᠬᠦᠷᠲᠡᠪᠡ

ᠣᠩᠰᠢᠭᠰᠠᠨ ᠤᠳᠠᠭ᠎ᠠ ᠄ 7170     ᠨᠡᠶᠢᠳᠡᠯᠡᠭᠰᠡᠨ ᠴᠠᠭ ᠄ 2018/7/29 11:00:09

       ᠤᠶᠢᠷ᠎ᠠ ᠳ᠋ᠤ ᠂ 2018 ᠣᠨ ᠤ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠤ ᠣᠯᠠᠨ ᠲᠦᠮᠡᠨᠴᠢ ᠪᠡᠶ᠎ᠡ ᠶ᠋ᠢᠨ ᠲᠠᠮᠢᠷ ᠤᠨ ᠠᠵᠢᠯ ᠵᠢᠴᠢ ᠦᠨᠳᠦᠰᠦᠨ ᠣᠯᠠᠨ ᠨᠡᠶᠢᠲᠡ ᠶ᠋ᠢᠨ ᠪᠡᠶ᠎ᠡ ᠲᠠᠮᠢᠷ ᠤᠨ ᠤᠶᠢᠯᠡᠴᠢᠯᠡᠭᠡᠨ ᠤ ᠪᠠᠶᠢᠭᠤᠯᠤᠯᠲᠠ ᠶ᠋ᠢᠨ ᠠᠬᠤᠢ ᠲᠠᠯᠠᠪᠠᠢ ᠶ᠋ᠢᠨ ᠠᠬᠢᠭᠤᠯᠬᠤ ᠬᠤᠷᠠᠯ ᠨᠠᠢᠮᠠᠨ ᠬᠤᠰᠢᠭᠤᠨ ᠳ᠋ᠤ ᠠᠮᠵᠢᠯᠲᠠ ᠲᠠᠢ ᠶᠠᠪᠤᠬᠳᠠᠪᠠ ᠃ ᠬᠤᠷᠠᠯ ᠳ᠋ᠤ ᠣᠷᠤᠯᠴᠠᠬᠰᠠᠤᠨ ᠳᠠᠴᠢᠨᠲᠠᠯ᠎ᠠ ᠪᠠᠯᠭᠠᠰᠤ ᠶ᠋ᠢᠨ ᠠᠩᠨᠠᠢ ᠲᠣᠰᠬᠤᠨ ᠤ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠠᠵᠢᠯᠯᠠᠭᠠᠨ ᠤ ᠴᠡᠭ ᠂ ᠪᠣᠬᠳᠤ ᠶ᠋ᠢᠨ ᠡᠯᠡᠰᠦᠨ ᠴᠦᠯ ᠦᠨ ᠨᠠᠭᠠᠳᠤᠮ ᠤᠨ ᠲᠠᠯᠠᠪᠤᠷ ᠂ ᠠᠮᠢ ᠠᠬᠤᠢ ᠶ᠋ᠢᠨ ᠪᠡᠶ᠎ᠡ ᠲᠠᠮᠢᠷ ᠤᠨ ᠴᠡᠴᠡᠷᠯᠢᠭ ᠵᠡᠷᠭᠡ ᠶ᠋ᠢ ᠲᠣᠭᠤᠷᠢᠨ ᠦᠵᠡᠬᠦ ᠶ᠋ᠢᠨ ᠳᠠᠭᠠᠤ ᠪᠠᠶᠠᠨᠲᠠᠯ᠎ᠠ ᠰᠤᠮᠤ ᠶ᠋ᠢᠨ ᠪᠡᠶ᠎ᠡ ᠶ᠋ᠢᠨ ᠲᠠᠮᠢᠷ ᠤᠨ ᠨᠡᠶᠢᠭᠡᠮᠯᠢᠭ ᠦᠨ ᠡᠷᠬᠢᠯᠡᠭᠰᠡᠨ ᠮᠢᠩᠭᠠᠨ ᠬᠦᠮᠦᠨ ᠦ ᠣᠷᠴᠢᠨ ᠠᠬᠤᠢ ᠶ᠋ᠢ ᠬᠠᠮᠠᠭᠠᠯᠠᠬᠤ ᠶᠠᠪᠠᠭᠠᠨ ᠠᠯᠬᠤᠳᠠᠯ ᠂ ᠮᠸᠩ ᠵᠢᠶᠡ ᠳ᠋ᠤᠸᠠᠨ ᠣᠯᠠᠨ ᠤᠯᠤᠰ ᠤᠨ ᠵᠢᠭᠠᠰᠤ ᠬᠦᠬᠢᠳᠡᠬᠦ ᠲᠥᠪ ᠦᠨ ᠵᠢᠭᠠᠰᠤ ᠬᠦᠬᠢᠳᠡᠬᠦ ᠣᠷᠤᠯᠳᠤᠭᠠᠨ ᠵᠡᠷᠭᠡ ᠨᠠᠭᠠᠳᠤᠮ ᠬᠥᠳᠡᠯᠭᠡᠭᠡᠨ ᠢ ᠰᠣᠨᠢᠷᠬᠠᠨ ᠪᠠᠬᠠᠷᠬᠠᠵᠠᠢ ᠃
ᠬᠤᠷᠠᠯ ᠤᠨ ᠬᠣᠭᠣᠴᠠᠭᠠᠨ ᠳ᠋ᠤ ᠂ ᠨᠠᠢᠮᠠᠨ ᠬᠤᠰᠢᠭᠤ ᠶ᠋ᠢ ︿ ︿ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠤ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠵᠢᠱᠢᠶ᠎ᠡ ᠦᠵᠡᠭᠦᠯᠬᠦ ᠰᠢᠶᠠᠨ ᠲᠣᠭᠤᠷᠢᠭ ﹀ ﹀ ᠢᠶᠠᠷ ᠥᠨᠡᠯᠡᠨ ᠢᠷᠠᠭᠤ ᠠᠯᠳᠠᠷᠲᠤ ᠴᠣᠯᠠ ᠣᠯᠭᠤᠵᠠᠢ ᠃                                              

                                                     ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠳᠤᠯᠠᠭᠠᠨ