ᠨᠠᠢᠮᠠᠨ ᠬᠣᠰᠢᠭᠣ ᠲᠡᠭᠡᠳᠣ ᠬᠠᠭᠠᠰ ᠵᠢᠯ ‍ᠤᠨ ᠠᠵᠣ ᠦᠢᠯᠡᠳᠪᠣᠷᠢ ᠠᠵᠣ ᠠᠬᠣᠢ ᠶ᠋ᠢᠨ ᠬᠦᠭᠵᠢᠯᠳᠡ ᠭᠣᠷᠪᠠᠨ ᠶᠡᠬᠡ ᠬᠢᠯᠠᠰ ᠴᠢᠭ ‍ᠢ ᠪᠣᠢ ᠪᠣᠯᠭᠠᠨ᠎ᠠ

ᠣᠩᠰᠢᠭᠰᠠᠨ ᠤᠳᠠᠭ᠎ᠠ ᠄ 21     ᠨᠡᠶᠢᠳᠡᠯᠡᠭᠰᠡᠨ ᠴᠠᠭ ᠄ 2018/7/31 11:53:11


        ᠨᠠᠢᠮᠠᠨ ᠬᠣᠰᠢᠭᠣ ᠠᠵᠣ ᠦᠢᠯᠡᠳᠪᠣᠷᠢ ᠠᠵᠣ ᠠᠬᠣᠢ ᠶ᠋ᠢᠨ ᠬᠦᠭᠵᠢᠯᠳᠡ ᠠᠰᠣᠷᠣ ᠶᠡᠬᠡ ᠠᠮᠵᠢᠯᠳᠡ ᠲᠠᠢ ᠪᠣᠯᠵᠣ ᠭᠣᠷᠪᠠᠨ ᠶᠡᠬᠡ  ᠬᠢᠯᠡᠰ ᠴᠢᠭ ᠢᠯᠡᠷᠡᠵᠣ ᠪᠠᠶᠢᠨ᠎ᠠ ᠃ ᠨᠢᠬᠡ  ᠳ᠋ᠦ᠂ ᠠᠵᠣ ᠦᠢᠯᠡᠳᠪᠣᠷᠢ ᠠᠵᠣ ᠠᠬᠣᠶᠢᠯᠠᠯ ‍ᠤᠨ ᠬᠦᠭᠵᠢᠯᠳᠡ ᠶ᠋ᠢᠨ ᠪᠠᠶᠢᠳᠠᠯ ᠠᠰᠠᠷᠣ  ᠰᠠᠶᠢᠨ ᠬᠠᠨᠳᠣᠰᠢ ᠲᠠᠢ ᠪᠣᠯᠵᠣ ᠂ ᠴᠠᠬᠢᠯᠭᠠᠨ  ᠬᠡᠷᠡᠭᠯᠡᠯᠳᠡ ᠦᠷᠬᠦᠯᠵᠢᠯᠡᠨ  ᠨᠡᠮᠡᠭᠳᠡᠵᠣ ᠪᠠᠶᠢᠨ᠎ᠠ ᠃ 1-6 ᠰᠠᠷ᠎ᠠ ᠳ᠋ᠣ ᠂ ᠲᠣᠰ ᠬᠣᠰᠢᠭᠣᠨ ‍ᠤ ᠬᠡᠪᠴᠢᠶ᠎ᠡ ᠲᠠᠢ ᠠᠵᠣ ᠠᠬᠣᠶᠢᠯᠠᠯ ‍ᠤᠨ ᠠᠵᠣ ᠦᠢᠯᠡᠳᠪᠣᠷᠢ ᠶ᠋ᠢᠨ ᠶᠡᠷᠣᠡᠭᠭᠡᠢ ᠦᠷᠳᠡᠭ 11.23  ᠳ᠋ᠦᠡᠭᠰᠢᠭᠣᠷ ‍ᠢ  ᠪᠡᠶᠡᠯᠡᠬᠦᠯᠪᠡ ᠃ ᠠᠵᠣ ᠦᠢᠯᠡᠳᠪᠣᠷᠢ ᠶ᠋ᠢᠨ ᠨᠡᠮᠡᠭᠳᠡᠯ ‍ᠤᠨ ᠦᠷᠳᠡᠭ ‍ᠤᠨ ᠨᠡᠮᠡᠭᠳᠡᠯ ‍ᠤᠨ ᠬᠣᠷᠳᠣᠴᠠ 4 ᠂ 5% ᠶ᠋ᠢ  ᠪᠡᠶᠡᠯᠡᠬᠦᠯᠪᠡ ᠃  ᠠᠵᠣ ᠦᠢᠯᠡᠳᠪᠣᠷᠢ ᠠᠰᠢᠭ ᠣᠷᠣᠯᠭ᠎ᠠ 2.3 ᠳ᠋ᠦᠡᠭᠰᠢᠭᠣᠷ ‍ᠢ ᠪᠡᠶᠡᠯᠡᠬᠦᠯᠵᠣ ᠂ ᠲᠡᠭᠡᠷ᠎ᠡ ᠵᠢᠯ ‍ᠤᠨ ᠠᠳᠠᠯᠢ ᠬᠣᠭᠣᠴᠠᠭᠠᠨ ᠡᠴᠠ 98% ᠪᠡᠷ ᠨᠡᠮᠡᠭᠳᠡᠪᠡ ᠃ ᠠᠵᠣ ᠦᠢᠯᠡᠳᠪᠣᠷᠢ ᠠᠵᠣ ᠠᠬᠣᠶᠢᠯᠠᠯ ‍ᠤᠨ ᠦᠢᠯᠡᠳᠪᠣᠷᠢᠯᠠᠯ ᠲᠣᠭᠳᠠᠭᠣᠨ ᠬᠦᠭᠵᠢᠬᠦ ᠬᠠᠨᠳᠣᠰᠢ ᠲᠠᠢ ᠪᠣᠯᠵᠣ ᠪᠠᠶᠢᠨ᠎ᠠ ᠃ ᠠᠵᠣ ᠦᠢᠯᠡᠳᠪᠣᠷᠢ ᠶ᠋ᠢᠨ ᠴᠠᠬᠢᠯᠭᠠᠨ ᠬᠡᠷᠡᠭᠯᠡᠬᠦ ᠬᠡᠮᠵᠢᠶ᠎ᠡ 3.39 ᠳ᠋ᠦᠡᠭᠰᠢᠭᠣᠷ ᠺᠷᠠᠳᠦ᠋ᠰ ᠲᠣ ᠬᠦᠷᠴᠣ ᠂ ᠠᠳᠠᠯᠢ ᠬᠣᠭᠣᠴᠠᠭᠠᠨ ᠡᠴᠠ 8.9% ᠪᠡᠷ ᠨᠡᠮᠡᠭᠳᠡᠪᠡ ᠃ ᠬᠣᠶᠠᠷ  ᠲᠦ ᠲᠣᠯᠭᠠᠭᠣᠷᠢ ᠪᠣᠯᠣᠭᠴᠢ ᠠᠵᠣ ᠠᠬᠣᠶᠢᠯᠠᠯ ᠦᠢᠯᠡᠳᠪᠣᠷᠢᠯᠡᠯᠳᠡ ᠪᠣᠷᠣᠯᠠᠭᠣᠯᠣᠯᠳᠡ ᠬᠦᠭᠵᠢᠯᠳᠡ ᠲᠠᠢ ᠪᠣᠯᠵᠣ ᠂ ᠠᠵᠣ ᠠᠬᠣᠢ ᠶ᠋ᠢᠨ ᠦᠷ᠎ᠡ ᠠᠰᠢᠭ ᠶᠡᠬᠡᠪᠡᠷ ᠲᠡᠰᠵᠢᠵᠣ ᠪᠠᠶᠢᠨ᠎ᠠ ᠃ ᠨᠸᠭᠸᠯ ᠲᠡᠮᠣᠷ ‍ᠤᠨ ᠣᠨᠠᠯᠳᠡ ᠶ᠋ᠢᠨ ᠬᠡᠮᠵᠢᠶ᠎ᠡ 4.62 ᠲᠦᠮᠡᠨ ᠲᠣᠨ ᠂ ᠠᠳᠠᠯᠢ ᠬᠣᠭᠣᠴᠠᠭᠠᠨ ᠡᠴᠠ 1.2% ᠪᠡᠷ ᠨᠡᠮᠡᠭᠳᠡᠵᠣ  ᠂ ᠦᠨ᠎ᠡ ᠨᠢ  9920 ᠲᠦᠬᠦᠷᠢᠭ/ ᠲᠣᠨ ᠂ ᠠᠳᠠᠯᠢ ᠬᠣᠭᠣᠴᠠᠭᠠᠨ ᠡᠴᠠ29% ᠪᠡᠷ ᠦᠰᠴᠣ ᠂ ᠪᠦᠷᠬᠦᠪᠴᠢ ᠡᠯᠡᠰᠣ ᠶ᠋ᠢᠨ ᠣᠨᠠᠯᠳᠡ ᠶ᠋ᠢᠨ ᠬᠡᠮᠵᠢᠶ᠎ᠡ 2.75 ᠲᠦᠮᠡᠨ ᠲᠣᠨ ᠂ ᠠᠳᠠᠯᠢ ᠬᠣᠭᠣᠴᠠᠭᠠᠨ ᠡᠴᠠ 22.8% ᠪᠡᠷ ᠨᠡᠮᠡᠭᠳᠡᠵᠣ ᠂ ᠦᠨ᠎ᠡ ᠨᠢ 805 ᠲᠦᠬᠦᠷᠢᠭ/ ᠲᠣᠨ  ᠂ ᠠᠳᠠᠯᠢ ᠬᠣᠭᠣᠴᠭᠠᠨ ᠡᠴᠠ 7.9% ᠪᠡᠷ ᠨᠡᠮᠡᠭᠳᠡᠪᠡ ᠃ ᠼᠸᠮᠸᠨ᠋ᠲ ‍ᠤᠨ ᠣᠨᠠᠯᠳᠡ ᠶ᠋ᠢᠨ ᠬᠡᠮᠵᠢᠶ᠎ᠡ  40.3 ᠲᠦᠮᠡᠨ ᠲᠣᠨ ᠂ ᠠᠳᠠᠯᠢ ᠬᠣᠭᠣᠴᠠᠭᠠᠨ ᠡᠴᠠ 27.6% ᠪᠡᠷ ᠨᠡᠮᠡᠭᠳᠡᠵᠣ ᠂  ᠦᠨ᠎ᠡ ᠨᠢ 330 ᠲᠦᠬᠦᠷᠢᠭ/ ᠲᠣᠨ ᠂ ᠠᠳᠠᠯᠢ ᠬᠣᠭᠣᠴᠠᠭᠠᠨ ᠡᠴᠠ 14% ᠪᠡᠷ ᠨᠡᠮᠡᠭᠳᠡᠪᠡ ᠃  ᠪᠣᠯᠪᠠᠰᠣᠷᠠᠭᠰᠠᠨ ᠮᠠᠲ᠋ᠸᠷᠢᠶᠠᠯ58.25 ᠲᠦᠮᠡᠨ ᠲᠣᠨ ᠂ ᠠᠳᠠᠯᠢ ᠬᠣᠭᠣᠴᠠᠭᠠᠨ ᠡᠴᠠ 9.4% ᠪᠡᠷ ᠨᠡᠮᠡᠭᠳᠡᠵᠣ ᠂  ᠦᠨ᠎ᠡ ᠨᠢ 350 ᠲᠦᠬᠦᠷᠢᠭ/ ᠲᠣᠨ ᠂ ᠠᠳᠠᠯᠢ ᠬᠣᠭᠣᠴᠠᠭ᠎ᠠ ᠡᠴᠠ25% ᠪᠡᠷ ᠨᠡᠮᠡᠭᠳᠡᠪᠡ ᠃ ᠾᠸ ᠢ ᠺᠣᠮᠫᠠᠨᠢ ᠂ ᠵᠦᠡᠭ ᠯᠢᠶᠠᠨᠼᠸᠮᠸᠨ᠋ᠲ ᠠᠯᠳᠠᠭᠳᠠᠯ ᠲᠠᠢ ᠪᠠᠨ ᠠᠰᠢᠭ ᠣᠯᠵᠣ 2100  ᠲᠦᠮᠡ ᠪᠠ 1004 ᠲᠦᠮᠡ ᠪᠣᠯᠵᠣ ᠂ ᠾᠦᠡᠭ  ᠵᠢᠢ ᠼᠸᠮᠸᠨ᠋ᠲ ᠠᠰᠢᠭ ᠣᠷᠣᠯᠭ᠎ᠠ ᠨᠢ ᠠᠳᠠᠯᠢ ᠬᠣᠭᠣᠴᠠᠭ᠎ᠠ ᠡᠴᠠ 272.7% ᠪᠡᠷ ᠨᠡᠮᠡᠭᠳᠡᠪᠡ ᠃  ᠭᠣᠷᠪᠠ ᠂ ᠲᠦᠷᠣᠯ ᠵᠣᠶᠢᠯ ‍ᠤᠨ ᠪᠦᠳᠣᠭᠡᠨ ᠪᠠᠶᠢᠭᠣᠯᠣᠯᠳᠡ ᠶ᠋ᠢᠨ ᠲᠣᠭ᠎ᠠ ᠬᠡᠮᠵᠢᠶ᠎ᠡ ᠂ ᠪᠡᠯᠡ ᠣᠷᠣᠭᠣᠯᠣᠯᠳᠡ ᠶ᠋ᠢᠨ ᠵᠣᠭᠣᠰ ‍ᠤᠨ ᠲᠣᠭ᠎ᠠ ᠨᠢ ᠲᠡᠣᠭᠡᠨ ᠳ᠋ᠣ ᠬᠠᠮᠣᠭ ᠰᠢᠨ᠎ᠡ ᠶ᠋ᠢ ᠡᠬᠦᠳᠴᠡᠢ ᠃ ᠵᠢᠯ ‍ᠤᠨ ᠲᠣᠳᠣᠷ᠎ᠠ ᠭᠣᠣᠯᠳᠠᠯᠭ᠎ᠠ ᠲᠠᠢ ᠠᠵᠣ ᠦᠢᠯᠡᠳᠪᠣᠷᠢ ᠶ᠋ᠢᠨ 24 ᠲᠦᠷᠣᠯ ᠵᠣᠶᠢᠯ ‍ᠢ ᠬᠡᠷᠡᠭᠵᠢᠬᠦᠯᠬᠦ ᠪᠡᠷ ᠲᠦᠯᠣᠪᠯᠡᠵᠣ ᠂ ᠡᠬᠦᠨ ᠳ᠋ᠣ ᠦᠷᠬᠦᠯᠵᠢᠯᠡᠨ 6 ᠶ᠋ᠢ ᠪᠠᠶᠢᠭᠣᠯᠵᠣ ᠂ ᠰᠢᠨ᠎ᠡ ᠪᠡᠷ 18 ᠶ᠋ᠢ ᠪᠠᠶᠢᠭᠣᠯᠵᠣ ᠂ ᠲᠣᠭᠳᠠᠮᠠᠯ ᠬᠦᠷᠣᠡᠭᠭᠡ ᠶ᠋ᠢᠨ ᠪᠡᠯᠡ ᠣᠷᠣᠭᠣᠯᠣᠯᠳᠡ 36.41 ᠳ᠋ᠦᠡᠭᠰᠢᠭᠣᠷ  ᠲᠦᠬᠦᠷᠢᠭ ᠪᠣᠯᠵᠣ  ᠪᠣᠢ ᠂ ᠣᠳᠣᠬᠠᠨ  ᠳ᠋ᠦ ᠰᠢᠨ᠎ᠡ ᠪᠡᠷ 21 ᠲᠦᠷᠣᠯ ᠵᠣᠶᠢᠯ ‍ᠢ ᠡᠬᠢᠯᠡᠬᠦᠯᠵᠣ ᠂ ᠡᠬᠢᠯᠡᠬᠦᠯᠣᠭᠰᠡᠨ ᠨᠣᠷᠮ᠎ᠠ ᠨᠢ 87. 5%  ᠳ᠋ᠦ ᠬᠦᠷᠴᠣ ᠂ 13. 66 ᠳ᠋ᠦᠡᠭᠰᠢᠭᠣᠷ ᠲᠦᠬᠦᠷᠢᠭ ‍ᠤᠨ ᠪᠡᠯᠡ ᠣᠷᠣᠭᠣᠯᠣᠯᠳᠡ ᠶ᠋ᠢ  ᠪᠡᠶᠡᠯᠡᠬᠦᠯᠪᠡ ᠃ ᠡᠬᠦᠨ  ᠳ᠋ᠦ ᠰᠢᠨ᠎ᠡ ᠪᠡᠷ ᠪᠠᠶᠢᠭᠣᠯᠣᠭᠰᠠᠨ 16 ᠲᠦᠷᠣᠯ ᠵᠣᠶᠢᠯ 8.56 ᠳ᠋ᠦᠡᠭᠰᠢᠭᠣᠷ ᠲᠦᠬᠦᠷᠢᠭ ‍ᠢ ᠪᠡᠶᠡᠯᠡᠬᠦᠯᠪᠡ ᠃ ᠦᠷᠬᠦᠯᠵᠢᠯᠡᠨ ᠪᠠᠶᠢᠭᠣᠯᠬᠣ  5 ᠲᠦᠷᠣᠯ ᠵᠣᠶᠢᠯ ‍ᠤᠨ 5.1 ᠳ᠋ᠦᠡᠭᠰᠢᠭᠣᠷ ᠲᠦᠬᠦᠷᠢᠭ ‍ᠢ ᠪᠡᠶᠡᠯᠡᠬᠦᠯᠪᠡ ᠃ ( ᠮᠠ ᠪᠦᠬᠡ  ᠮᠡᠳᠡᠭᠡᠯᠡᠪᠡ  )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ