ᠨᠠᠢᠮᠠᠨ ᠬᠤᠰᠢᠭᠤ ᠦᠵᠡᠮᠵᠢᠳᠦ ᠣᠷᠣᠨ ᠤ ᠳᠠᠪᠠᠭᠤᠯᠢᠭ ᠢᠶᠡᠨ ᠪᠠᠳᠠᠷᠠᠭᠤᠯᠤᠨ ᠵᠤᠭᠠᠴᠠᠯ ᠤᠨ ᠠᠵᠤ ᠤᠶᠢᠯᠡᠰ ᠡᠷᠬᠢᠯᠡᠨ ᠣᠨᠤᠪᠴᠢᠲᠠᠢ ᠪᠠᠷ ᠶᠠᠳᠠᠭᠤ ᠶ᠋ᠢ ᠳᠡᠦᠨᠬᠦᠵᠦ ᠪᠤᠢ

ᠣᠩᠰᠢᠭᠰᠠᠨ ᠤᠳᠠᠭ᠎ᠠ ᠄ 22     ᠨᠡᠶᠢᠳᠡᠯᠡᠭᠰᠡᠨ ᠴᠠᠭ ᠄ 2018/8/9 11:43:55

      ᠵᠢᠯ ᠦᠨ ᠡᠬᠢᠨ ᠡᠴᠡ ᠨᠠᠰᠢ ᠂ ᠨᠠᠢᠮᠠᠨ ᠬᠤᠰᠢᠭᠤ ᠦᠵᠡᠮᠵᠢᠳᠦ ᠣᠷᠣᠨ ᠤ ᠳᠠᠪᠠᠭᠤᠯᠢᠭ ᠢᠶᠡᠨ ᠪᠠᠳᠠᠷᠠᠭᠤᠯᠤᠨ ︿ ︿ ᠵᠤᠭᠠᠴᠠᠯ+ ﹀ ﹀ ᠪᠠᠶᠢᠯᠳᠤᠬᠤ ᠪᠣᠳᠤᠯᠭ᠎ᠠ ᠶ᠋ᠢ ᠬᠡᠷᠡᠭᠵᠢᠭᠦᠯᠵᠦ ᠂ ᠵᠣᠭᠠᠴᠠᠯ ᠤᠨ ᠠᠵᠤ ᠤᠶᠢᠯᠡᠰ ᠢᠶᠠᠷ ᠣᠨᠤᠪᠴᠢᠲᠠᠢ  ᠪᠠᠷ  ᠶᠠᠳᠠᠭᠤ  ᠶ᠋ᠢ  ᠳᠡᠦᠨᠬᠦᠬᠦ ᠠᠵᠢᠯ ᠢ ᠳᠦᠯᠬᠢᠨ ᠠᠬᠢᠭᠤᠯᠵᠤ ᠪᠠᠶᠢᠨ᠎ᠠ ᠃
ᠨᠠᠢᠮᠠᠨ ᠬᠤᠰᠢᠭᠤ ᠪᠣᠬᠳᠤ ᠶ᠋ᠢᠨ ᠡᠯᠡᠰᠦᠨ ᠴᠦᠯ ᠦᠨ ᠵᠤᠭᠠᠴᠠᠯ ᠤᠨ ᠣᠷᠣᠨ ᠂ ᠮᠸᠩ ᠵᠢᠶᠡ ᠳ᠋ᠤᠸᠠᠨ ᠨᠤᠭᠤ ᠭᠠᠵᠠᠷ ᠤᠨ ᠵᠤᠭᠠᠴᠠᠯ ᠤᠨ ᠣᠷᠣᠨ ᠵᠡᠷᠭᠡ ᠨᠢᠭᠡ ᠪᠦᠯᠦᠭ ᠬᠥᠳᠡᠭᠡ ᠲᠣᠰᠬᠤᠨ ᠤ ᠵᠤᠭᠠᠴᠠᠯ ᠤᠨ ᠵᠢᠱᠢᠶ᠎ᠡ ᠦᠵᠡᠭᠦᠯᠬᠦ ᠰᠠᠭᠤᠷᠢᠨ ᠭᠠᠵᠠᠷ ᠢ ᠪᠣᠶᠢᠵᠢᠭᠤᠯᠵᠤ ᠂ ᠵᠣᠭᠠᠴᠠᠯ ᠤᠨ ᠠᠵᠤ ᠤᠶᠢᠯᠡᠰ ᠢᠶᠠᠷ ᠲᠣᠰ ᠣᠷᠣᠨ ᠵᠢᠴᠢ ᠤᠶᠢᠷ᠎ᠠ ᠬᠠᠪᠢ ᠶ᠋ᠢᠨ ᠮᠠᠯᠴᠢᠨ ᠲᠠᠷᠢᠶᠠᠴᠢᠳ ᠤᠨ ᠶᠠᠳᠠᠭᠤ  ᠡᠴᠡ ᠠᠩᠭᠢᠵᠢᠷᠠᠨ ᠪᠠᠶᠠᠵᠢᠨ ᠴᠢᠨᠡᠭᠡᠯᠢᠭᠵᠢᠬᠦ ᠠᠰᠢᠭ ᠰᠠᠶᠢᠲᠠᠢ ᠠᠵᠤ ᠤᠶᠢᠯᠡᠰ ᠪᠣᠯᠭᠠᠵᠤ ᠪᠠᠶᠢᠨ᠎ᠠ ᠃
     ᠪᠠᠶᠠᠨᠲᠠᠯ᠎ᠠ ᠰᠤᠮᠤ ᠶ᠋ᠢᠨ ᠰᠦᠮ᠎ᠡ ᠶ᠋ᠢᠨ ᠠᠶᠢᠯ ᠲᠣᠰᠬᠤᠨ 2017 ᠣᠨ ᠳ᠋ᠤ ᠬᠥᠳᠡᠭᠡ ᠲᠣᠰᠬᠤᠨ ᠤ ᠥᠮᠴᠢᠯᠡᠬᠦ ᠡᠷᠬᠡ ᠶ᠋ᠢᠨ ᠲᠥᠷᠢᠮ ᠪᠣᠯᠣᠨ ᠡᠵᠡᠩᠨᠡᠬᠦ ᠪᠠᠶᠢᠭᠤᠯᠤᠯ ᠤᠨ ᠥᠭᠡᠷᠡᠴᠢᠯᠡᠯᠲᠡ ᠶ᠋ᠢ ᠳᠦᠯᠬᠢᠨ ᠠᠬᠢᠭᠤᠯᠬᠤ ᠪᠠᠷ ᠭᠠᠷᠳᠠᠴᠠ ᠪᠣᠯᠭᠠᠨ ᠭᠠᠵᠠᠷ ᠰᠢᠷᠣᠢ ᠂ ᠬᠥᠳᠡᠯᠮᠦᠷᠢ ᠬᠦᠴᠦ ᠂ ᠵᠣᠭᠠᠴᠠᠯ ᠤᠨ ᠰᠣᠶᠣᠯ ᠵᠡᠷᠭᠡ ᠡᠬᠢ ᠪᠠᠶᠠᠯᠢᠭ ᠢᠶᠡᠨ ᠨᠢᠭᠡᠳᠦᠭᠦᠯᠦᠨ ᠬᠤᠪᠢ ᠣᠷᠤᠭᠤᠯᠬᠤ ᠲᠥᠷᠢᠮ  ᠪᠠ ᠺᠣᠮᠫᠠᠨᠢᠴᠢᠯᠠᠨ ᠡᠵᠡᠩᠨᠡᠬᠦ ᠪᠡᠷ ᠳᠠᠮᠵᠢᠨ ᠲᠣᠰᠬᠤᠨ ᠤ ᠬᠠᠮᠳᠤ ᠶ᠋ᠢᠨ ᠡᠬᠢ ᠪᠠᠶᠠᠯᠢᠭ ᠂ ᠡᠳ᠋ ᠬᠣᠬᠰᠢᠯ ᠂ ᠪᠡᠯᠡ ᠮᠥᠩᠭᠥ  ᠶ᠋ᠢ ᠠᠮᠢᠳᠤᠯᠢᠭ ᠪᠣᠯᠭᠠᠨ ᠺᠣᠮᠫᠠᠨᠢ ᠳ᠋ᠠᠭᠠᠨ ᠲᠣᠰᠬᠤᠨ ᠤ ᠬᠠᠮᠳᠤ ᠶ᠋ᠢᠨ ᠬᠤᠪᠢ ᠣᠷᠤᠭᠤᠯᠤᠯᠲᠠ ᠲᠠᠢ ᠪᠣᠯᠵᠤ ᠂ ᠲᠣᠰᠬᠤᠨ ᠤ ᠬᠠᠮᠳᠤ ᠶ᠋ᠢᠨ ᠠᠵᠤ ᠠᠬᠤᠢ ᠶ᠋ᠢ ᠬᠥᠭᠵᠢᠭᠦᠯᠬᠦ ᠨᠢᠭᠡᠨ ᠵᠣᠷᠪᠤᠰ ᠠᠰᠢᠭ ᠰᠠᠶᠢᠲᠠᠢ ᠠᠷᠭ᠎ᠠ ᠵᠠᠮ ᠢ ᠰᠥᠪᠡᠭᠴᠢᠯᠡᠨ ᠭᠠᠷᠭᠠᠵᠤ ᠣᠳᠣᠬᠠᠨ ᠳ᠋ᠤ ᠲᠣᠰᠬᠤᠨ ᠤ ᠬᠠᠮᠳᠤ ᠶ᠋ᠢᠨ ᠬᠤᠪᠢ ᠣᠷᠤᠭᠤᠯᠤᠯᠲᠠ ᠶ᠋ᠢᠨ ᠣᠷᠤᠯᠭ᠎ᠠ 9 ᠲᠦᠮᠡᠨ ᠲᠥᠭᠦᠷᠢᠭ ᠲᠦ ᠬᠦᠷᠴᠦ ᠲᠣᠰᠬᠤᠨ ᠤ ᠠᠷᠠᠳ ᠤᠨ ᠵᠢᠯ ᠦᠨ ᠣᠷᠤᠯᠭ᠎ᠠ ᠶ᠋ᠢ ᠳᠡᠭᠰᠢᠦᠨᠬᠡᠬᠡᠦᠨ 7300 ᠲᠥᠭᠦᠷᠢᠭ ᠲᠦ ᠬᠦᠷᠭᠡᠵᠡᠢ ᠃ ᠪᠣᠬᠳᠤ ᠭᠠᠴᠠᠭ᠎ᠠ ᠤᠶᠢᠷ᠎ᠠ ᠶ᠋ᠢᠨ ᠬᠡᠳᠦᠨ ᠵᠢᠯ ᠳ᠋ᠦ ᠪᠣᠬᠳᠤ ᠶ᠋ᠢᠨ ᠡᠯᠡᠰᠦᠨ ᠴᠦᠯ ᠦᠨ ᠵᠣᠭᠠᠴᠠᠯ ᠤᠨ ᠡᠬᠢ ᠪᠠᠶᠠᠯᠢᠭ ᠢᠶᠡᠨ ᠠᠰᠢᠬᠯᠠᠨ ᠵᠣᠭᠠᠴᠠᠯ ᠤᠨ ᠤᠶᠢᠯᠡᠴᠢᠯᠡᠭᠡᠨ ᠤ ᠪᠦᠳᠦᠭᠡᠨ ᠪᠠᠶᠢᠭᠤᠯᠤᠯᠲᠠ ᠪᠠᠨ ᠴᠢᠩᠭᠠᠣᠨᠬᠠᠵᠤ 4500  ᠲᠦᠮᠡᠨ ᠲᠥᠭᠦᠷᠢᠭ ᠦᠨ ᠪᠡᠯᠡ ᠣᠷᠤᠭᠤᠯᠤᠨ 105 ᠡᠷᠦᠬᠡ ᠪᠦᠬᠦᠢ ᠵᠤᠭᠠᠴᠠᠬᠰᠠᠤᠨ  ᠢ ᠬᠦᠯᠢᠶᠡᠨ ᠵᠣᠴᠠᠯᠠᠬᠤ ᠲᠤᠰᠬᠠᠢ ᠲᠣᠰᠬᠤᠨ ᠪᠠᠶᠢᠭᠤᠯᠵᠤ ᠂ ︿ ︿ ᠨᠠᠮ ᠤᠨ ᠡᠭᠦᠷ + ᠺᠣᠮᠫᠠᠨᠢ + ᠮᠠᠯᠴᠢᠨ ᠡᠷᠦᠬᠡ ﹀ ﹀ ᠶ᠋ᠢᠨ ᠵᠠᠬᠪᠤᠷ ᠢ ᠬᠡᠷᠡᠭᠵᠢᠭᠦᠯᠦᠨ ᠲᠣᠰᠬᠤᠨ ᠤ ᠠᠷᠠᠳ ᠡᠷᠦᠬᠡ ᠶ᠋ᠢᠨ ᠭᠡᠷ ᠬᠦᠷᠢᠶ᠎ᠡ ᠬᠠᠰᠢᠶ᠎ᠠ ᠪᠠᠷ ᠬᠤᠪᠢ ᠣᠷᠤᠭᠤᠯᠤᠨ  ︿ ︿ ᠵᠢᠨ ᠱᠠ ᠰᠡᠯᠡᠭᠦᠴᠡᠨ ᠵᠤᠭᠠᠴᠠᠬᠤ ᠬᠢᠵᠠᠭᠠᠷᠲᠤ  ᠺᠣᠮᠫᠠᠨᠢ ﹀ ﹀  ᠪᠡᠷ ᠡᠵᠡᠩᠨᠡᠭᠦᠯᠵᠦ ᠺᠣᠮᠫᠠᠨᠢ ᠂ ᠮᠠᠯᠴᠢᠨ ᠡᠷᠦᠬᠡ ᠂ ᠲᠣᠰᠬᠤᠨ ᠤ ᠬᠠᠮᠳᠤ 5 ᠄ 4 ᠄1 ᠶ᠋ᠢᠨ ᠬᠠᠷᠢᠴᠠᠯ ᠢᠶᠠᠷ ᠠᠰᠢᠭ ᠬᠤᠪᠢᠶᠠᠷᠢᠯᠠᠵᠤ ᠂ ᠲᠣᠰᠬᠤᠨ ᠤ ᠠᠷᠠᠳ ᠤᠨ ᠬᠦᠮᠦᠨ ᠳᠣᠮᠳᠠᠴᠢ ᠣᠷᠤᠯᠭ᠎ᠠ ᠶ᠋ᠢ  2000 ᠲᠥᠭᠦᠷᠢᠭ ᠨᠡᠮᠡᠭᠳᠡᠭᠦᠯᠵᠡᠢ ᠃ ᠮᠸᠩ ᠵᠢᠶᠡ ᠳ᠋ᠤᠸᠠᠨ  ᠨᠤᠭᠤ  ᠭᠠᠵᠠᠷ ᠤᠨ ᠵᠣᠭᠠᠴᠠᠯ ᠤᠨ ᠣᠷᠣᠨ ᠨᠢ ︿ ︿ ᠵᠢᠭᠠᠰᠤᠴᠢᠨ ᠡᠷᠦᠬᠡ ᠶ᠋ᠢᠨ ᠪᠠᠶᠠᠰᠤᠯ ﹀ ﹀ ᠤᠨ ᠵᠠᠬᠪᠤᠷ ᠢᠶᠠᠷ  200  ᠬᠦᠮᠦᠨ ᠳ᠋ᠦ ᠠᠵᠢᠯ ᠣᠯᠭᠤᠵᠤ ᠂ ᠰᠢᠭᠤᠳ ᠠᠵᠤ ᠠᠬᠤᠢ ᠶ᠋ᠢᠨ ᠣᠷᠤᠯᠭ᠎ᠠ  1000 ᠲᠦᠮᠡᠨ ᠲᠥᠭᠦᠷᠢᠭ ᠲᠦ ᠬᠦᠷᠴᠦ ᠬᠦᠮᠦᠨ ᠳᠣᠮᠳᠠᠴᠢ ᠶ᠋ᠢᠨ ᠵᠢᠯ ᠪᠦᠷᠢ ᠶ᠋ᠢᠨ ᠳᠡᠭᠰᠢᠦᠨᠬᠡᠭᠰᠡᠨ ᠣᠷᠤᠯᠭ᠎ᠠ ᠶ᠋ᠢ  8400 ᠲᠥᠭᠦᠷᠢᠭ ᠨᠡᠮᠡᠭᠳᠡᠭᠦᠯᠵᠡᠢ ᠃
                                          ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ