ᠶᠠᠳᠠᠭᠤ ᠶ᠋ᠢ ᠳᠡᠦᠨᠬᠦᠬᠦ ᠳ᠋ᠦ ᠶᠠᠷᠰᠢᠭ ᠡᠴᠠ ᠠᠶᠤᠬᠤ ᠦᠭᠡᠢ —— ᠳ᠋ᠦ᠋ ᠦᠯᠵᠡᠢ

ᠣᠩᠰᠢᠭᠰᠠᠨ ᠤᠳᠠᠭ᠎ᠠ ᠄ 925     ᠨᠡᠶᠢᠳᠡᠯᠡᠭᠰᠡᠨ ᠴᠠᠭ ᠄ 2018/7/26 9:58:28

       
       ᠳ᠋ᠦ᠋ ᠥᠯᠵᠡᠢ ᠪᠣᠯ ᠨᠠᠢᠮᠠᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶ᠋ᠢᠨ ᠲᠣᠪᠴᠢᠶ᠎ᠠ ᠶ᠋ᠢᠨ ᠺᠠᠳ᠋ᠷ ᠃ 2017 ᠣᠨ ᠤ 3 ᠰᠠᠷ᠎ᠠ ᠳ᠋ᠦ ᠂ ᠲᠡᠭᠦᠨ ᠢ ᠲᠣᠮᠢᠯᠠᠨ ᠨᠠᠢᠮᠠᠨ ᠬᠤᠰᠢᠭᠤᠨ ᠤ  ᠰᠢᠨ ᠵᠸᠨ ᠪᠠᠯᠭᠠᠰᠤᠨ ᠤ ᠵᠠᠰᠠᠭ ᠤᠨ ᠣᠷᠳᠤᠨ ᠳ᠋ᠦ ᠳᠡᠳ᠋ ᠳᠠᠷᠤᠭ᠎ᠠ ᠶ᠋ᠢᠨ ᠲᠤᠰᠢᠶᠠᠯ ᠬᠠᠷᠢᠭᠤᠴᠠᠭᠤᠯᠬᠤ ᠶ᠋ᠢᠨ ᠬᠠᠮᠳᠤ ᠶᠡᠬᠡᠲᠠᠯ᠎ᠠ ᠭᠠᠴᠠᠭᠠᠨ ᠤ ᠨᠠᠮ ᠤᠨ ᠡᠭᠦᠷ ᠦᠨ ᠨᠢᠭᠡᠳᠦᠭᠡᠷ ᠱᠦᠵᠢ ᠶ᠋ᠢᠨ ᠲᠤᠰᠢᠶᠠᠯ ᠢ ᠬᠠᠪᠰᠤᠷᠭᠠᠨ ᠡᠭᠦᠷᠭᠡᠯᠡᠭᠦᠯᠵᠡᠢ ᠃
      ᠳ᠋ᠦ᠋ ᠥᠯᠵᠡᠢ ᠶᠡᠬᠡᠲᠠᠯ᠎ᠠ ᠭᠠᠴᠠᠭᠠᠨ ᠳ᠋ᠦ ᠢᠷᠡᠭᠰᠡᠨ ᠦ ᠳᠠᠷᠠᠭ᠎ᠠ ᠂ ᠰᠢᠭᠣᠤᠨ ᠲᠣᠰᠬᠤᠨ ᠤ ᠵᠥᠪᠯᠡᠯ ᠦᠨ ᠠᠯᠪᠠᠨ ᠭᠡᠷ ᠲᠦ ᠬᠣᠨᠤᠵᠤ ᠢᠳᠡᠨ ᠂ ᠶᠠᠭᠤᠨ ᠤ ᠡᠮᠦᠨ᠎ᠡ ᠲᠡᠮᠳᠡᠭᠯᠡᠯ ᠦᠨ ᠳᠡᠪᠲᠡᠷ ᠢᠶ᠋ᠡᠨ ᠠᠣᠨᠬᠤᠵᠤ ᠡᠷᠦᠬᠡ ᠳᠠᠷᠠᠭᠠᠯᠠᠨ ᠲᠣᠭᠤᠷᠢᠨ ᠰᠤᠷᠪᠤᠯᠵᠢᠯᠠᠭ᠎ᠠ ᠬᠢᠵᠦ ᠂ ᠡᠷᠦᠬᠡ ᠪᠦᠬᠦᠨ ᠦ ᠦᠨᠳᠦᠰᠦᠨ ᠪᠠᠶᠢᠳᠠᠯ ᠢ ᠶᠡᠷᠦᠩᠬᠡᠢ ᠳ᠋ᠦ᠋ᠨᠢ ᠤᠶᠢᠯᠠᠭᠠᠨ ᠡᠵᠡᠮᠰᠢᠵᠡᠢ ᠃ ᠣᠯᠠᠨ ᠲᠦᠮᠡᠨ ᠦ ᠠᠵᠢᠯ ᠬᠢᠬᠦ ᠂ ᠢᠯᠠᠩᠭᠤᠶ᠎ᠠ ᠬᠦᠮᠦᠰ ᠦᠨ ᠦᠵᠡᠯ ᠰᠠᠨᠠᠭᠠᠨ ᠤ ᠠᠵᠢᠯ ᠢ ᠰᠠᠶᠢᠳᠤᠷ ᠬᠢᠬᠦ ᠪᠣᠯ ᠪᠣᠳᠤᠯᠢᠶᠠᠨᠲᠠᠢ ᠮᠦᠷᠲᠡᠭᠡᠨ ᠶᠠᠷᠰᠢᠭ ᠲᠥᠪᠡᠭ ᠲᠠᠢ ᠪᠠᠶᠢᠳᠠᠭ ᠃ ᠡᠶᠢᠮᠦᠷᠬᠦ ᠰᠢᠨ᠎ᠡ ᠣᠷᠴᠢᠨ ᠠᠬᠤᠢ ᠲᠠᠢ ᠨᠡᠩ ᠬᠤᠷᠳᠤᠨ ᠵᠣᠬᠢᠴᠠᠬᠤ ᠶ᠋ᠢᠨ ᠲᠥᠯᠦᠭᠡ ᠣᠯᠠᠨ ᠲᠦᠮᠡᠨ ᠦ ᠳᠤᠮᠳᠠ ᠬᠦᠨᠵᠡᠭᠡᠶᠢᠷᠡᠨ ᠳᠠᠬᠢᠨ ᠳᠠᠪᠲᠠᠨ ᠶᠠᠳᠠᠭᠤ ᠶ᠋ᠢ ᠳᠡᠦᠨᠬᠦᠬᠦ ᠠᠵᠢᠯ ᠳ᠋ᠦ ᠲᠠᠨᠢᠯᠲᠠ ᠲᠤᠲᠠᠮᠠᠭ ᠬᠦᠮᠦᠰ ᠦᠨ ᠦᠵᠡᠯ ᠰᠠᠨᠠᠭᠠᠨ ᠤ ᠠᠵᠢᠯ ᠢ ᠰᠠᠶᠢᠳᠤᠷ ᠬᠢᠵᠦ  ᠶᠠᠳᠠᠭᠤ ᠶ᠋ᠢ ᠳᠡᠦᠨᠬᠦᠬᠦ ᠲᠥᠷᠥ ᠶ᠋ᠢᠨ ᠪᠣᠳᠤᠯᠭ᠎ᠠ ᠶ᠋ᠢ ᠤᠬᠠᠭᠤᠯᠤᠨ ᠲᠠᠶᠢᠯᠪᠤᠷᠢᠯᠠᠵᠤ  ᠂ ᠵᠠᠷᠢᠮ ᠭᠡᠷ ᠲᠦ ᠠᠷᠪᠠ ᠭᠠᠷᠤᠢ ᠤᠳᠠᠭ᠎ᠠ ᠬᠦᠷᠦᠭᠰᠡᠨ ᠴᠤ ᠪᠠᠶᠢᠳᠠᠭ ᠃ ᠨᠡᠬᠡᠷᠡᠨ ᠶᠠᠷᠰᠢᠭ ᠲᠥᠪᠡᠭ ᠡᠴᠡ ᠠᠶᠤᠯ ᠦᠭᠡᠢ ᠡᠷᠦᠬᠡ ᠪᠣᠯᠭᠠᠨ ᠤ ᠬᠦᠴᠢᠷ ᠲᠥᠪᠡᠭ ᠰᠠᠨᠠᠯ ᠭᠣᠮᠤᠳᠠᠯ ᠢ ᠤᠶᠢᠯᠠᠭᠠᠨ ᠴᠦᠬᠦᠷᠡᠰᠢ ᠦᠭᠡᠢ ᠬᠠᠪᠰᠤᠷᠤᠨ ᠦᠵᠡᠯ ᠰᠠᠨᠠᠭᠠᠨ ᠤ ᠠᠵᠢᠯ ᠢ ᠬᠦᠯᠢᠴᠡᠩᠭᠦᠢ ᠬᠢᠵᠦ ᠬᠦᠮᠦᠰ ᠦᠨ ᠦᠵᠡᠯ ᠰᠠᠨᠠᠭᠠᠨ ᠳ᠋ᠠᠬᠢ ᠰᠡᠵᠢᠭ ᠡᠭᠡᠳᠡᠷᠡᠭᠡᠨ ᠢ ᠠᠷᠢᠯᠭᠠᠨ ᠠᠰᠠᠭᠤᠳᠠᠯ ᠢ ᠰᠢᠢᠦᠨᠪᠦᠷᠢᠯᠡᠵᠦ ᠂ ᠣᠯᠠᠨ ᠲᠦᠮᠡᠨ ᠲᠠᠢ ᠰᠡᠦᠨᠬᠢᠯ ᠢᠶ᠋ᠡᠨ ᠬᠣᠯᠪᠤᠨ ᠵᠢᠩᠭᠢᠨᠢ ︿ ︿ ᠬᠦᠳᠡᠭᠡ ᠶ᠋ᠢᠨ ᠬᠦᠮᠦᠨ ﹀ ﹀ ᠪᠣᠯᠵᠠᠢ ᠃
       ᠳ᠋ᠦ᠋ ᠥᠯᠵᠡᠢ ᠭᠤᠸᠠᠢ ᠴᠠᠭ ᠢᠮᠠᠬᠲᠠ ᠶᠠᠳᠠᠭᠤ ᠡᠷᠦᠬᠡ ᠶ᠋ᠢᠨ ᠬᠦᠮᠦᠰ ᠦᠨ ᠬᠣᠪᠴᠠᠰᠤ ᠬᠣᠭᠣᠯᠠ ᠬᠠᠯᠠᠭᠤᠨ ᠬᠦᠢᠲᠡᠨ ᠢ ᠪᠣᠳᠤᠯᠬᠢᠯᠠᠬᠤ ᠪᠠᠷ ᠥᠯᠥ ᠪᠠᠷᠠᠮ ᠲᠡᠳᠡᠨᠦᠰ ᠲᠦ ᠶᠠᠳᠠᠭᠤ ᠡᠴᠠ ᠠᠩᠭᠢᠵᠢᠷᠠᠬᠤ ᠰᠠᠶᠢᠨ ᠠᠷᠭ᠎ᠠ ᠵᠠᠮ ᠡᠷᠢᠵᠦ ᠥᠭᠳᠡᠭ ᠃ ᠶᠠᠳᠠᠭᠤ ᠡᠷᠦᠬᠡ ᠦ᠋ ᠬᠦᠬᠡᠰᠢᠪᠠᠭᠤ ᠶ᠋ᠢᠨ ᠡᠬᠡᠨᠡᠷ ᠨᠢ ᠬᠡᠳᠦᠨ ᠵᠢᠯ ᠦᠨ ᠡᠮᠦᠨ᠎ᠡ ᠬᠥᠨᠳᠦ ᠡᠪᠡᠦᠨᠴᠢᠨ ᠳ᠋ᠦ ᠨᠡᠷᠪᠡᠭᠳᠡᠨ ᠬᠣᠷᠸ᠎ᠠ ᠡᠴᠠ ᠠᠩᠭᠢᠵᠢᠷᠠᠵᠤ ᠶᠡᠬᠡ ᠬᠡᠮᠵᠢᠶᠡᠨ ᠦ ᠥᠷᠢ ᠭᠠᠷᠭᠠᠵᠠᠢ ᠃ ᠬᠣᠶᠠᠷ ᠵᠢᠯ ᠦᠨ ᠡᠮᠦᠨ᠎ᠡ ᠬᠦᠬᠡᠰᠢᠪᠠᠭᠤ ᠨᠣᠶᠢᠷ ᠤᠨ ᠥᠷᠪᠢᠰᠦᠯ ᠣᠯᠵᠤ ᠬᠥᠨᠳᠦ ᠠᠵᠢᠯ ᠬᠢᠵᠦ ᠳᠡᠶᠢᠯᠬᠦ ᠦᠭᠡᠢ ᠪᠣᠯᠵᠠᠢ ᠃ ᠡᠭᠦᠨ ᠳ᠋ᠦ ᠲᠡᠷᠡ ᠪᠡᠷ ᠬᠦᠬᠡᠰᠢᠪᠠᠭᠤ ᠶ᠋ᠢᠨ ᠲᠠᠷᠢᠶᠠᠯᠠᠩ ᠤᠨ ᠮᠠᠰᠢᠨ ᠰᠡᠯᠪᠢᠨ ᠵᠠᠰᠠᠵᠤ ᠴᠢᠳᠠᠬᠤ ᠮᠡᠷᠭᠡᠵᠢᠯ ᠲᠠᠢ ᠶ᠋ᠢ ᠨᠢ ᠮᠡᠳᠡᠵᠦ ᠂ ᠲᠡᠭᠦᠨ ᠳ᠋ᠦ ᠲᠠᠷᠢᠶᠠᠯᠠᠩ ᠤᠨ ᠮᠠᠰᠢᠨ ᠰᠡᠯᠪᠢᠨ ᠵᠠᠰᠠᠬᠤ ᠪᠠᠭᠠᠵᠢ ᠬᠡᠷᠡᠭᠰᠡᠯ ᠬᠤᠳᠠᠯᠳᠤᠨ ᠠᠪᠴᠤ ᠥᠭᠭᠦᠨ ᠬᠦᠬᠡᠰᠢᠪᠠᠭᠤ ᠣᠳᠣᠬᠠᠨ ᠳ᠋ᠠᠭᠠᠨ ᠲᠠᠷᠢᠶᠠᠯᠠᠩ ᠤᠨ ᠮᠠᠰᠢᠨ ᠰᠡᠯᠪᠢᠨ ᠵᠠᠰᠠᠵᠤ ᠠᠮᠢᠳᠤᠷᠠᠯ ᠨᠢ ᠦᠨᠳᠦᠰᠦᠨ ᠳ᠋ᠡᠬᠡᠨ ᠪᠠᠳᠤᠯᠠᠭ᠎ᠠ ᠲᠠᠢ ᠪᠣᠯᠵᠠᠢ ᠃ ᠬᠦᠬᠡᠰᠢᠪᠠᠭᠤ ᠭᠡᠷ ᠪᠠᠷᠢᠵᠤ ᠴᠣᠩᠬᠣ ᠪᠠᠨ ᠬᠢᠵᠦ ᠲᠡᠶᠢᠯᠬᠦ ᠦᠭᠡᠢ ᠪᠠᠶᠢᠬᠤ ᠳ᠋ᠦ ᠳ᠋ᠦ᠋ ᠱᠦᠵᠢ 5000 ᠲᠥᠭᠦᠷᠢᠭ ᠵᠢᠭᠡᠯᠡᠭᠦᠯᠦᠨ ᠬᠠᠪᠰᠤᠷᠴᠤ ᠴᠣᠩᠬᠣ ᠶ᠋ᠢ ᠨᠢ ᠬᠢᠯᠭᠡᠵᠡᠢ ᠃ ᠦᠭᠡ ᠳᠠᠭᠤ ᠴᠥᠬᠡᠨᠲᠡᠢ ᠬᠦᠬᠡᠰᠢᠪᠠᠭᠤ ᠰᠡᠦᠨᠬᠢᠯ ᠦᠨ ᠤᠭ ᠡᠴᠠ ᠪᠠᠨ ᠪᠠᠶᠠᠷᠯᠠᠨ ᠳᠠᠩᠳᠠ ︿ ︿ ᠲᠠᠯᠠᠷᠬᠠᠵᠤ ᠪᠠᠶᠢᠨ᠎ᠠ ᠂ ᠲᠠᠯᠠᠷᠬᠠᠵᠤ ᠪᠠᠶᠢᠨ᠎ᠠ ﹀ ﹀ ᠭᠡᠵᠦ ᠳᠠᠬᠢᠨ ᠳᠠᠬᠢᠨ ᠲᠣᠯᠤᠭᠠᠢ ᠳᠣᠬᠢᠨ ᠬᠡᠯᠡᠳᠡᠭ ᠪᠠᠶᠢᠯ᠎ᠠ ᠃
       ᠶᠠᠳᠠᠭᠤ ᠡᠷᠦᠬᠡ ᠯᠢᠦ ᠺᠦᠨ ᠳ᠋ᠦ ᠶᠠᠳᠠᠭᠤ ᠶ᠋ᠢ ᠳᠡᠦᠨᠬᠦᠬᠦ ᠲᠥᠷᠥ ᠶ᠋ᠢᠨ ᠪᠣᠳᠤᠯᠭ᠎ᠠ ᠪᠠᠷ 20 ᠳᠣᠯᠤᠭᠠᠢ ᠡᠮ᠎ᠡ ᠬᠣᠨᠢ ᠠᠪᠴᠤ ᠥᠭᠭᠦᠭᠰᠡᠨ ᠪᠠ ᠭᠠᠴᠠᠭᠠᠨ ᠳ᠋ᠦ7 ᠰᠠᠶᠢᠨ ᠡᠭᠦᠯᠳᠡᠷ ᠦᠨ ᠬᠤᠴᠠ ᠵᠣᠬᠢᠴᠠᠭᠤᠯᠤᠨ ᠥᠭᠭᠦᠭᠰᠡᠨ  ᠵᠡᠷᠭᠡ ᠠᠯᠢ ᠣᠯᠠᠨ ᠰᠠᠶᠢᠨ ᠶᠠᠪᠤᠳᠠᠯ ᠨᠢ ᠬᠦᠮᠦᠰ ᠦᠨ ᠰᠡᠦᠨᠬᠢᠯ ᠳ᠋ᠦ ᠬᠦᠷᠴᠦ ᠣᠯᠠᠨ ᠤ ᠬᠦᠰᠡᠯ ᠢ ᠬᠠᠩᠭᠠᠵᠠᠢ ᠃
      ︿ ︿ ᠶᠠᠳᠠᠭᠤ ᠶ᠋ᠢ ᠳᠡᠦᠨᠬᠦᠬᠦ ᠳ᠋ᠦ ᠪᠠᠭ᠎ᠠ ᠣᠴᠢᠷ ᠵᠢᠵᠢᠭ ᠶᠠᠪᠤᠳᠠᠯ ᠡᠴᠠ ᠡᠬᠢᠯᠡᠵᠦ ᠂ ᠶᠠᠷᠰᠢᠭ ᠲᠥᠪᠡᠭ ᠡᠴᠡ ᠠᠶᠤᠵᠤ ᠵᠠᠶᠢᠯᠠᠬᠤ ᠦᠭᠡᠢ  ᠦᠵᠡᠯ ᠰᠠᠨᠠᠭᠠᠨ ᠤ ᠠᠵᠢᠯ ᠢ ᠪᠣᠳᠠᠲᠠᠢ ᠰᠠᠶᠢᠳᠤᠷ ᠬᠢᠵᠦ ᠣᠯᠠᠨ ᠲᠦᠮᠡᠨ ᠲᠠᠢ ᠰᠡᠦᠨᠬᠢᠯ ᠰᠠᠨᠠᠭ᠎ᠠ ᠪᠠᠨ ᠬᠣᠯᠪᠤᠵᠤ ᠂ ᠶᠠᠳᠠᠭᠤ ᠡᠴᠠ ᠠᠩᠭᠢᠵᠢᠷᠠᠨ ᠬᠠᠮᠳᠤ ᠪᠠᠷ ᠴᠢᠨᠡᠭᠡᠯᠢᠭᠵᠢᠨ᠎ᠡ ﹀ ﹀ ᠭᠡᠵᠦ ᠳ᠋ᠦ᠋ ᠱᠦᠵᠢ ᠣᠮᠣᠬᠰᠢᠨ ᠶᠠᠷᠢᠨ᠎ᠠ ᠃                              ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ