ᠨᠠᠢᠮᠠᠨ ᠬᠤᠰᠢᠭᠤᠨ ‍ᠤ ᠲᠠᠩᠰᠠᠯᠠᠵᠤ ᠺᠠᠷᠲ᠋ᠯᠠᠭᠰᠠᠨ ᠶᠠᠳᠠᠭᠤ ᠬᠦᠴᠢᠷᠳᠡᠯᠳᠠᠢ ᠡᠷᠤᠬᠡ《ᠠᠷᠢᠭᠤᠨ ᠴᠡᠪᠡᠷ ᠭᠡᠷ ᠪᠦᠯᠢ》 ᠶ᠋ᠢ ᠲᠡᠮᠡᠴᠡᠨ ᠪᠠᠶᠢᠭᠤᠯᠬᠤ ᠲᠤᠬᠠᠢ ᠤᠷᠢᠶᠠᠯᠭ᠎ᠠ  ᠶ᠋ᠢᠨ ᠪᠢᠴᠢᠭ

ᠣᠩᠰᠢᠭᠰᠠᠨ ᠤᠳᠠᠭ᠎ᠠ ᠄ 7491     ᠨᠡᠶᠢᠳᠡᠯᠡᠭᠰᠡᠨ ᠴᠠᠭ ᠄ 2018/6/14 18:28:53


ᠦᠷᠭᠡᠨ ᠤᠯᠠᠨ ᠲᠠᠩᠰᠠᠯᠠᠵᠤ  ᠺᠠᠷᠲ᠋ᠯᠠᠭᠰᠠᠨ ᠶᠠᠳᠠᠭᠤ ᠬᠦᠴᠢᠷᠳᠡᠯᠳᠠᠢ ᠡᠷᠤᠬᠡ ᠶ᠋ᠢᠨ ᠨᠠᠶᠢᠵᠠ ᠨᠠᠷ ᠮᠢᠨᠢ ᠄
       ᠨᠠᠮ ᠤᠨ ᠬᠠᠯᠠᠭᠤᠨ ᠲᠤᠯᠠᠭᠠᠨ ᠲᠤᠶᠠᠭᠠᠷᠠᠯ ᠲᠤᠤᠷ᠎ᠠ ᠂  ᠪᠢᠳᠠ ᠡᠯ᠎ᠡ ᠱᠠᠳᠤᠨ ᠤ ᠨᠠᠮ ᠵᠠᠰᠠᠭ ᠤᠨ  ᠶᠠᠳᠠᠭᠤ ᠶ᠋ᠢ ᠳᠡᠳᠬᠦᠬᠦ ᠲᠦᠷᠤ ᠶ᠋ᠢᠨ ᠪᠣᠳᠣᠯᠭ᠎ᠠ ᠶ᠋ᠢ ᠨᠢᠭᠡᠨᠳᠡ ᠬᠦᠷᠳᠡᠯ᠎ᠠ  ᠃ ᠪᠢᠳᠡ ᠦᠷᠭᠡᠨ ᠤᠯᠠᠨ ᠨᠠᠮ ᠤᠨ ᠬᠡᠰᠢᠭᠦᠨ ᠺᠠᠳ᠋ᠷ ᠤᠨ  ᠳᠡᠳᠬᠦᠨ ᠲᠤᠰᠠᠯᠠᠬᠤ ᠶ᠋ᠢ ᠬᠦᠯᠢᠶᠠᠬᠦ ᠶ᠋ᠢᠨ ᠬᠠᠮᠳᠤ ᠂ ᠶᠠᠭᠤᠨ ᠤ ᠤᠷᠢᠳ ᠶᠠᠳᠠᠭᠤ ᠡᠴᠠ ᠠᠩᠬᠢᠵᠢᠷᠠᠬᠤ ᠵᠣᠷᠢᠭ ‍ᠢᠶ᠋ᠡᠨ ᠬᠦᠪᠴᠢᠯᠡᠨ ᠂ ᠦᠪᠡᠷ ᠢ ᠪᠡᠨ ᠬᠦᠨᠳᠤᠳᠭᠡᠨ ᠂ ᠦᠪᠡᠷ ᠢ ᠪᠡᠨ ᠢᠳᠡᠭᠡᠵᠤ ᠂ ᠢᠳᠡᠪᠬᠢᠳᠠᠢ ᠪᠠᠶᠢᠬᠤ ᠰᠢᠯᠢᠳᠡᠭ ᠤᠪᠤᠷ ᠢ ᠪᠤᠢ ᠪᠤᠯᠭᠠᠨ᠎ᠠ ᠃ ᠶᠠᠳᠠᠭᠤ ᠡᠴᠠ ᠠᠩᠬᠢᠵᠢᠷᠠᠬᠤ  ᠵᠤᠷᠢᠭ ᠢ ᠪᠦᠷᠢᠯᠳᠤᠭᠦᠯᠬᠦ ᠳ᠋ᠤ ᠤᠷᠢᠳᠠᠪᠡᠷ ᠦᠪᠡᠷ ᠤᠨ ᠦᠷᠦᠭᠡ ᠭᠡᠷ ᠤᠷᠴᠢᠨ ᠲᠤᠭᠤᠷᠢᠨ ᠤ ᠠᠷᠢᠭᠤᠨ ᠴᠡᠪᠡᠷ ᠡᠴᠡ ᠭᠠᠷᠳᠠᠨ  ᠬᠢᠨ᠎ᠠ ᠂ ᠬᠡᠳᠦᠶᠢᠪᠡᠷ ᠪᠢᠳᠡᠨ ᠦ ᠭᠡᠷ  ᠲᠦ ᠦᠨ᠎ᠡ ᠬᠦᠷᠬᠦ ᠬᠡᠷᠡᠭᠰᠡᠯ ᠦᠭᠡᠢ ᠴᠤ  ᠪᠢᠳᠠ ᠴᠡᠪᠡᠷ ᠲᠡᠭᠰᠢ ᠪᠠᠶᠢᠯᠭᠠᠵᠤ ᠪᠤᠯᠤᠨ᠎ᠠ ᠂ ᠦᠪᠡᠷᠳᠡᠭᠡᠨ ᠭᠠᠷ ᠬᠦᠳᠡᠯᠵᠤ ᠪᠡᠶᠡᠯᠡᠭᠦᠯᠵᠤ ᠳᠠᠶᠢᠯᠬᠦ ᠴᠢᠳᠠᠪᠤᠷᠢ  ᠪᠠ ᠢᠳᠡᠭᠡᠯ ᠲᠠᠢ ᠪᠠᠶᠢᠬᠤ ᠪᠠᠨ ᠠᠶᠢᠯ ᠠᠶᠢᠮᠠᠭ ᠲᠦ ᠪᠠᠨ  ᠭᠡᠷᠡᠴᠢᠯᠡᠭᠳᠡᠵᠦ ᠂ ᠦᠪᠡᠷ ᠦᠨ ᠭᠡᠷ ᠬᠦᠷᠢᠶᠡᠯᠡᠩ ᠢᠶ᠋ᠡᠨ ᠰᠠᠶᠢᠳᠤᠷ  ᠪᠦᠳᠦᠭᠡᠨ ᠪᠠᠶᠢᠭᠤᠯᠵᠤ ᠡᠷᠳᠠ ᠡᠳᠤᠷ ᠶᠠᠳᠠᠭᠤ ᠡᠴᠠ  ᠠᠩᠬᠢᠵᠢᠷᠡᠨ ᠂ ᠴᠢᠨᠡᠭᠡᠯᠢᠭ ᠵᠦᠭ ᠤᠷᠤᠭᠰᠢᠯᠠᠶ᠎ᠠ ᠃ ᠡᠶᠢᠨᠬᠦ ᠪᠢᠳᠡ ᠪᠦᠬᠦ ᠬᠤᠰᠢᠭᠤᠨ ᠤ ᠲᠠᠩᠰᠡᠯᠡᠵᠤ ᠺᠠᠷᠲ᠋ᠯᠠᠭᠰᠠᠨ ᠶᠠᠳᠠᠭᠤ ᠬᠦᠴᠢᠷᠳᠡᠯᠳᠡᠢ ᠡᠷᠤᠬᠡ ᠳ᠋ᠤ ᠳᠤᠤᠷᠠᠬᠢ ᠤᠷᠢᠶᠠᠯᠭ᠎ᠠ ᠶ᠋ᠢ ᠳᠤᠷᠠᠳᠤᠯ᠎ᠠ  ᠄
       ᠨᠢᠭᠡ ᠂  ᠬᠦᠳᠡᠯᠮᠤᠷᠢᠯᠡᠬᠦ ᠴᠢᠳᠠᠪᠤᠷᠢ ᠲᠠᠢ ᠲᠠᠩᠰᠠᠯᠠᠵᠤ ᠺᠠᠷᠲ᠋ᠯᠠᠭᠰᠠᠨ ᠶᠠᠳᠠᠭᠤ ᠬᠦᠴᠢᠷᠳᠡᠯᠳᠠᠢ ᠡᠷᠤᠬᠡ ᠲᠠᠷᠤᠶᠢᠬᠠᠨ ᠬᠦᠳᠡᠯᠤᠯᠴᠡᠵᠤ ᠂ ᠠᠷᠢᠭᠤᠨ ᠴᠡᠪᠡᠷ ᠭᠡᠷ ᠪᠦᠯᠢ  ᠶ᠋ᠢ ᠪᠠᠶᠢᠭᠤᠯᠤᠨ ᠪᠤᠰᠠᠬᠠᠨ᠎ᠠ ᠃ ᠭᠡᠷ ᠪᠦᠯᠢ  ᠶ᠋ᠢᠨ ᠠᠷᠢᠭᠤᠨ ᠴᠡᠪᠡᠷ  ᠤᠨ ᠠᠵᠢᠯ ‍ᠢ ᠰᠠᠶᠢᠳᠤᠷ ᠬᠢᠵᠤ ᠂  ᠦᠷᠤᠬᠡᠨ ᠳ᠋ᠡᠬᠢ ᠡᠳ᠋ ᠬᠡᠷᠡᠭᠰᠡᠯ ᠲᠡᠷᠢ ᠲᠡᠭᠰᠢ ᠴᠡᠪᠡᠷ ᠴᠡᠮᠴᠡᠭᠡᠷ ᠪᠠᠶᠢᠪᠠᠯ ᠵᠤᠬᠢᠨ᠎ᠠ ᠃ ᠪᠠᠶᠢᠰᠢᠩ ‍ᠦᠨ ᠡᠮᠤᠨ᠎ᠡ ᠬᠤᠶᠢᠨ᠎ᠠ ᠂ ᠬᠦᠷᠢᠶᠡᠨ ᠤ ᠭᠠᠳᠠᠨ᠎ᠠ ᠳᠤᠳᠤᠨ᠎ᠠ  ᠪᠠᠨ ᠴᠡᠪᠠᠷ ᠲᠡᠭᠰᠢ  ᠪᠠᠶᠢᠯᠭᠠᠵᠦ ᠂ ᠶᠠᠭᠤᠮ᠎ᠠ ᠬᠡᠤᠮ᠎ᠠ ᠪᠠᠨ ᠡᠷᠦᠢ ᠬᠤᠷᠦᠢ ᠦᠭᠡᠢ ᠤᠪᠤᠭᠠᠯᠠᠵᠦ ᠲᠠᠯᠪᠢᠬᠤ ᠦᠭᠡᠢ ᠂ ᠶᠠᠮᠠᠷᠴᠤ ᠬᠤᠭ ᠨᠤᠪᠰᠢ ᠦᠯᠡᠳᠡᠭᠡᠬᠦ ᠦᠭᠡᠢ ᠃ ᠦᠪᠡᠷ ᠤᠨ ᠭᠡᠷ ᠬᠦᠷᠢᠶᠠᠯᠡᠩ ᠤᠨ ᠠᠷᠢᠭᠤᠨ ᠴᠡᠪᠡᠷ  ᠤᠨ ᠠᠵᠢᠯ ᠢᠶᠡᠨ ᠪᠡᠶᠡᠯᠡᠭᠦᠯᠬᠦ ᠶ᠋ᠢᠨ ᠵᠡᠷᠭᠡ ᠪᠡᠷ ᠠᠶᠢᠯ ᠲᠤᠰᠬᠤᠨ ᠤ ᠵᠤᠬᠢᠶᠠᠨ ᠪᠠᠶᠢᠭᠤᠯᠤᠭᠰᠠᠨ ᠨᠡᠶᠢᠳᠡ ᠶ᠋ᠢᠨ ᠬᠦᠳᠡᠯᠭᠡᠭᠡᠨ ᠳ᠋ᠦ ᠢᠳᠡᠪᠬᠢᠳᠡᠢ ᠤᠷᠤᠯᠴᠠᠨ  《 ᠠᠶᠢᠯ ᠲᠤᠰᠬᠤᠨ ᠴᠡᠪᠡᠷ ᠰᠠᠶᠢᠬᠠᠨ ᠂  ᠡᠷᠤᠬᠡ ᠭᠡᠷ ᠴᠡᠪᠡᠷ ᠲᠡᠭᠰᠢ ᠂  ᠭᠡᠷ ᠬᠦᠷᠢᠶᠡᠯᠡᠩ ᠴᠡᠪᠡᠷ ᠳᠤᠬᠢᠯᠢᠭ ᠂ ᠠᠷᠠᠤᠨ ᠤᠨ ᠰᠤᠷᠳᠠᠯ ᠴᠡᠪᠡᠷ ᠴᠠᠶᠢᠯᠭᠠᠨ 》 ᠪᠠᠶᠢᠬᠤ 《 ᠲᠦᠷᠪᠡᠨ ᠴᠡᠪᠡᠷ 》 ᠭᠡᠷ ᠬᠦᠷᠢᠶᠠᠯᠡᠩ ᠤᠨ ᠪᠦᠳᠦᠭᠡᠨ ᠪᠠᠶᠢᠭᠤᠯᠤᠯᠳᠠ ᠳ᠋ᠤ ᠦᠪᠡᠷ ᠦᠨ ᠢᠶ᠋ᠡᠨ ᠨᠢᠭᠡᠨ ᠬᠤᠪᠢ ᠬᠦᠴᠤ ᠪᠠᠨ ᠡᠷᠭᠦᠨ᠎ᠡ ᠃
      ᠬᠤᠶᠠᠷ ᠂ ᠬᠦᠳᠡᠯᠮᠤᠷᠢᠯᠡᠬᠦ ᠬᠦᠴᠤᠨ ᠦᠭᠡᠢ ᠲᠠᠩᠰᠠᠯᠠᠵᠤ ᠺᠠᠷᠲ᠋ᠯᠠᠭᠰᠠᠨ  ᠶᠠᠳᠠᠭᠤ ᠬᠦᠴᠢᠷᠳᠡᠯᠳᠠᠢ ᠡᠷᠤᠬᠡ  ᠨᠦ᠋ᠬᠦᠳ ᠬᠦᠷᠰᠢ ᠵᠡᠷᠭᠡᠯᠡᠳᠡᠭᠡ ᠠᠶᠢᠯ ᠡᠷᠤᠬᠡ  ᠂ ᠭᠠᠴᠠᠭ᠎ᠠ ᠲᠤᠰᠬᠤᠨ ᠤ ᠵᠠᠯᠠᠭᠤᠴᠤᠤᠨ ᠪᠠᠭᠠᠴᠤᠤᠨ ᠡᠰᠡᠭᠦᠯ᠎ᠡ  ᠠᠶᠢᠯ ᠡᠷᠤᠬᠡ ᠲᠠᠭᠠᠭᠠᠴᠢᠯᠠᠡᠭᠰᠠᠨ ᠺᠠᠳ᠋ᠷ ᠢᠶ᠋ᠡᠷ ᠬᠠᠪᠰᠤᠷᠤᠭᠤᠯᠤᠨ ᠦᠷᠦᠭᠡ ᠳᠤᠳᠤᠷᠠᠬᠢ ᠂ ᠬᠦᠷᠢᠶᠡᠨ ᠳ᠋ᠡᠬᠢ ᠠᠷᠢᠭᠤᠨ ᠴᠡᠪᠡᠷ ‍ᠤᠨ ᠠᠵᠢᠯ ᠢᠶᠡᠨ ᠰᠠᠶᠢᠳᠤᠷ ᠪᠠᠶᠠᠯᠠᠭᠦᠯᠵᠤ ᠂ ᠬᠠᠪᠰᠤᠷᠤᠭᠰᠠᠨ ᠬᠦᠮᠤᠰ ᠤᠨ ᠠᠴᠢ ᠡᠨᠡᠷᠢᠯ ᠳ᠋ᠥ ᠲᠠᠯᠠᠷᠬᠠᠵᠤ ᠂ ᠭᠠᠴᠠᠭ᠎ᠠ ᠲᠤᠰᠬᠤᠨ ᠤ ᠬᠤᠶᠠᠷ  ᠵᠦᠪᠯᠡᠯ ᠤᠨ ᠺᠠᠳ᠋ᠷ ᠪᠠ ᠠᠶᠢᠯ ᠡᠷᠤᠬᠡ ᠲᠠᠭᠠᠭᠠᠴᠢᠯᠠᠡᠭᠰᠠᠨ ᠺᠠᠳ᠋ᠷ ᠤᠨ ᠬᠠᠪᠰᠤᠷᠤᠯᠭ᠎ᠠ ᠲᠤᠤᠷ᠎ᠠ ᠡᠷᠳᠠ ᠡᠳᠤᠷ ᠶᠠᠳᠠᠭᠤ ᠡᠴᠠ ᠠᠩᠭᠢᠵᠢᠷᠠᠬᠤ  ᠪᠠᠨ ᠪᠡᠶᠡᠯᠡᠭᠦᠯᠤᠨ᠎ᠡ ᠃
      ᠰᠢᠶᠠᠩ ᠲᠤᠰᠬᠤᠨ ᠪᠤᠯ  ᠪᠢᠳᠠᠨ ᠤ ᠭᠡᠷ ᠂ ᠪᠦᠳᠦᠭᠡᠨ ᠪᠠᠶᠢᠭᠤᠯᠬᠤ ᠳ᠋ᠤ ᠪᠢᠳᠠᠨ ᠳ᠋ᠤ ᠲᠦᠰᠢᠭᠯᠡᠨ᠎ᠡ ᠃ ᠲᠠᠩᠰᠠᠯᠠᠵᠤ ᠺᠠᠷᠲ᠋ᠯᠠᠭᠰᠠᠨ ᠶᠠᠳᠠᠭᠤ ᠬᠦᠴᠢᠷᠳᠡᠯᠳᠠᠢ ᠡᠷᠤᠬᠡ ᠶ᠋ᠢᠨ ᠡᠯ᠎ᠡ ᠨᠦᠬᠦᠳ ᠮᠢᠨᠢ ᠂ ᠶᠠᠳᠠᠭᠤ ᠡᠴᠠ ᠠᠩᠬᠢᠵᠢᠷᠠᠬᠤ ᠪᠠᠬᠢᠯᠠᠯᠳᠠ ᠰᠢᠪᠳᠤᠯᠬᠤ ᠵᠠᠩᠬᠢᠯᠠᠭ᠎ᠠ ᠶ᠋ᠢᠨ ᠴᠠᠭ  ᠮᠦᠴᠡ ᠳ᠋ᠦ ᠂  ᠠᠮᠢᠳᠤᠷᠠᠯ ᠲᠠᠢ ᠵᠤᠷᠢᠭᠳᠠᠢ ᠮᠦᠷᠤᠶᠢᠴᠡᠬᠦ ᠢᠳᠡᠭᠡᠯ ᠲᠠᠢ ᠪᠠᠶᠢᠵᠤ ᠂ ᠦᠪᠡᠷ ᠦᠨ ᠤᠬᠠᠮᠰᠡᠷ ᠡᠴᠠ ᠪᠠᠨ ᠲᠤᠰᠬᠤᠨ ᠤ ᠲᠦᠷᠢᠮ ᠠᠷᠠᠤᠨ ᠤᠨ ᠭᠡᠷ᠎ᠡ ᠶ᠋ᠢ ᠵᠢᠷᠤᠮᠯᠠᠨ ᠂ ᠬᠡᠪ ᠵᠠᠩᠰᠢᠯ ᠢᠶᠡᠨ ᠬᠠᠯᠠᠵᠤ ᠦᠭᠡᠷᠡᠴᠢᠯᠡᠬᠦ ᠲᠠᠭᠤᠷᠢᠶᠠᠯ ᠪᠤᠯᠵᠤ ᠂  《 ᠠᠷᠢᠭᠤᠨ ᠴᠡᠪᠡᠷ ᠭᠡᠷ ᠪᠦᠯᠢ  》 ᠶ᠋ᠢ ᠲᠡᠮᠡᠴᠡᠨ ᠪᠠᠶᠢᠭᠤᠯᠬᠤ ᠪᠠᠷ ᠦᠪᠡᠷ ᠦᠨ ᠪᠡᠶ᠎ᠡ ᠲᠡᠷᠭᠡᠳᠡᠬᠢ ᠶᠠᠪᠤᠳᠠᠯ ᠡᠴᠠ ᠪᠠᠨ ᠭᠠᠷᠳᠠᠨ ᠬᠢᠵᠤ ᠂ ᠬᠠᠮᠳᠤ ᠶ᠋ᠢᠨ ᠭᠡᠷ ᠬᠦᠷᠢᠶᠡᠯᠡᠩ ᠢᠶ᠋ᠡᠨ ᠨᠡᠩ ᠠᠷᠢᠭᠤᠨ ᠴᠡᠪᠡᠷ ᠭᠤᠶᠤ ᠦᠵᠡᠰᠭᠦᠯᠡᠩ  ᠪᠤᠯᠭᠠᠵᠠᠭᠠᠶ᠎ᠠ ︕

               ᠨᠠᠢᠮᠠᠨ ᠬᠤᠰᠢᠭᠤᠨ ᠤ ᠶᠠᠳᠠᠭᠤ ᠶ᠋ᠢ ᠳᠡᠳᠬᠦᠵᠦ ᠨᠡᠬᠡᠬᠡᠨ ᠬᠦᠭᠵᠢᠭᠦᠯᠬᠦ ᠠᠯᠪᠠᠨ ᠭᠡᠷ
               ᠨᠠᠢᠮᠠᠨ ᠬᠤᠰᠢᠭᠤᠨ ᠤ ᠤᠶᠤᠨ ᠤ ᠪᠤᠯᠪᠠᠰᠤᠨ ᠤ ᠪᠦᠳᠦᠭᠡᠨ ᠪᠠᠶᠢᠭᠤᠯᠤᠯᠳᠡ ᠶ᠋ᠢᠨ ᠵᠦᠪᠯᠡᠯ ᠦᠨ  ᠠᠯᠪᠠᠨ ᠭᠡᠷ                   
                                                                                                           
               ᠨᠠᠢᠮᠠᠨ ᠬᠤᠰᠢᠭᠤᠨᠤ ᠡᠮᠩᠳᠠᠶᠢᠴᠤᠤᠨ ᠤᠨ ᠬᠤᠯᠪᠤᠭ᠎ᠠ
               ᠡᠪ ᠬᠠᠮᠳᠤ ᠵᠠᠯᠠᠭᠣᠤᠴᠤᠤᠨ ᠤᠨ ᠡᠪᠯᠡᠯ ᠦᠨ ᠨᠠᠢᠮᠠᠨ ᠬᠤᠰᠢᠭᠤᠨ ᠤ  ᠬᠤᠷᠢᠶ᠎ᠡ

                                                                                           ᠤᠬᠠᠭᠤᠯᠪᠠ

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ