ᠨᠠᠢᠮᠠᠨ ᠬᠤᠰᠢᠭᠤ ᠄ ᠳᠠᠷᠢᠶᠠᠯᠠᠩ ‍ᠤᠨ ᠦᠨᠳᠤᠷ ᠠᠰᠢᠭᠳᠤ ᠤᠰᠤ ᠠᠷᠪᠢᠯᠠᠬᠤ ᠢᠨᠵᠸᠨ᠋ᠸᠷᠢᠩ ᠦᠨ ᠪᠦᠳᠦᠭᠡᠨ ᠪᠠᠶᠢᠭᠤᠯᠤᠯᠳᠠ ᠶ᠋ᠢ ᠪᠠᠳᠤᠳᠠᠢ ᠳᠦᠯᠬᠢᠨ ᠠᠭᠢᠭᠤᠯᠵᠦ ᠪᠤᠢ

ᠣᠩᠰᠢᠭᠰᠠᠨ ᠤᠳᠠᠭ᠎ᠠ ᠄ 1865     ᠨᠡᠶᠢᠳᠡᠯᠡᠭᠰᠡᠨ ᠴᠠᠭ ᠄ 2018/5/7 11:24:47


      2018ᠤᠨ ᠳ᠋ᠤ ᠂ ᠨᠠᠢᠮᠠᠨ ᠬᠤᠰᠢᠭᠤ ᠳᠠᠷᠢᠶᠠᠯᠠᠩ ᠤᠨ ᠦᠨᠳᠤᠷ ᠠᠰᠢᠭᠳᠤ ᠤᠰᠤ ᠠᠷᠪᠢᠯᠠᠬᠤ ᠢᠨᠵᠸᠨ᠋ᠸᠷᠢᠩ ᠢ 50 ᠳᠦᠮᠡᠨ ᠮᠤ᠋ ᠭᠡᠷᠡᠭᠵᠢᠬᠦᠯᠬᠦ ᠪᠠᠷ ᠳᠦᠯᠦᠪᠯᠡᠨ ᠂ ᠡᠬᠦᠨ ᠦ ᠳᠤᠳᠤᠷ᠎ᠠ ᠭᠤᠤᠯᠯᠠᠭᠴᠢ  ᠳᠤᠭᠤᠷᠢᠭ ᠵᠢᠴᠢ  ᠦᠨᠳᠤᠷ ᠤᠨᠠᠯᠳᠠᠳᠤ ᠤᠨᠴᠠᠯᠢᠭᠳᠤ ᠳᠠᠷᠢᠮᠠᠯ ᠤᠨ  ᠳᠠᠷᠢᠯᠭ᠎ᠠ ᠶᠢᠨ ᠲᠠᠯᠠᠪᠠᠢ 35  ᠳᠦᠮᠡᠨ ᠮᠤ᠋ ᠂ ᠪᠤᠰᠤᠳ ᠨᠢ 15 ᠳᠦᠮᠡᠨ  ᠮᠤ᠋ ᠃  ᠪᠦᠬᠦ ᠢᠨᠵᠸᠨ᠋ᠸᠷᠢᠩ ᠢ 3 ᠰᠠᠷ᠎ᠠ ᠶ᠋ᠢᠨ ᠡᠬᠢᠨ ᠡᠴᠡ ᠡᠬᠢᠯᠡᠨ ᠪᠦᠳᠦᠭᠡᠨ ᠪᠠᠶᠢᠭᠤᠯᠵᠦ ᠂  ᠪᠦᠬᠦ ᠬᠤᠰᠢᠭᠤᠨ ᠤ ᠡᠯ᠎ᠡ ᠰᠤᠮᠤ ᠰᠢᠶᠠᠩ ᠪᠠᠯᠭᠠᠰᠤ ᠳᠠᠯᠠᠪᠠᠢ ᠵᠢᠴᠢ ᠬᠠᠮᠢᠶ᠎ᠠ ᠪᠦᠬᠦᠢ ᠰᠠᠯᠠᠭ᠎ᠠ ᠮᠦᠴᠢᠷ ᠬᠦᠴᠦ ᠨᠢᠭᠡᠳᠬᠡᠵᠦ ᠬᠠᠮᠲᠤᠷᠠᠨ ᠠᠵᠢᠯᠯᠠᠵᠦ ᠂ ᠠᠵᠢᠯᠯᠠᠬᠤ ᠪᠠᠶᠢᠭᠤᠯᠭ᠎ᠠ ᠲᠠᠢ ᠨᠢᠭᠲᠠ ᠬᠠᠪᠰᠣᠷᠣᠯᠴᠠᠠ  ᠂ ᠢᠨᠵᠸᠨ᠋ᠸᠷᠢᠩ ᠦᠨ ᠪᠦᠳᠦᠭᠡᠨ ᠪᠠᠶᠢᠭᠤᠯᠤᠯᠳᠠ ᠶ᠋ᠢ ᠨᠢᠭᠡᠳᠤᠯᠳᠡᠢ ᠳᠦᠯᠬᠢᠨ ᠠᠭᠢᠭᠤᠯᠵᠦ ᠂ ᠦᠨᠳᠤᠷ ᠴᠢᠨᠠᠷ ᠦᠨᠳᠤᠷ ᠪᠦᠳᠦᠮᠵᠢ ᠪᠠᠷ ᠡᠭᠦᠷᠭᠡ ᠪᠠᠨ  ᠪᠠᠶᠠᠯᠡᠬᠦᠯᠬᠦ ᠶ᠋ᠢ ᠪᠠᠳᠤᠯᠠᠵᠦ ᠂ ᠢᠨᠵᠸᠨ᠋ᠸᠷᠢᠩ ᠦᠨ ᠬᠠᠮᠤᠭ ᠦᠨᠳᠤᠷ ᠦᠷ᠎ᠡ ᠠᠰᠢᠭ ᠢ ᠪᠦᠷᠢᠮᠤᠰᠤᠨ ᠪᠠᠳᠠᠷᠠᠭᠤᠯᠵᠤ ᠪᠤᠢ ᠃ 5 ᠰᠠᠷ᠎ᠠ ᠶ᠋ᠢᠨ 5 ᠦ ᠡᠳᠤᠷ ᠪᠤᠯᠳᠠᠯ᠎ᠠ ᠂ ᠵᠦᠭᠡᠯᠡᠨ ᠬᠤᠭᠤᠯᠠᠢ ᠶ᠋ᠢ ᠨᠠᠶᠢᠳᠠ 85 ᠳᠦᠮᠠᠨ ᠮᠸᠲ᠋ᠷ ᠡᠣᠬᠰᠠᠷᠠᠠ ᠂ ᠲᠤᠰᠤᠯᠭᠠᠨ ᠤᠰᠤᠯᠠᠬᠤ ᠬᠤᠭᠤᠯᠠᠢ 9100 ᠳᠦᠮᠠᠨ ᠮᠸᠲ᠋ᠷ ᠂  ᠰᠢᠨᠡᠳᠭᠡᠭᠰᠡᠨ ᠬᠤᠳᠳᠤᠭ 760  ᠠᠮᠠ ᠂ ᠭᠠᠵᠡᠷ ᠳᠡᠭᠡᠷᠡᠬᠢ ᠤᠰᠤ ᠳᠠᠮᠵᠢᠭᠤᠯᠬᠤ ᠬᠤᠭᠤᠯᠠᠢ 140 ᠳᠦᠮᠠᠨ ᠮᠸᠲ᠋ᠷ ᠂  ᠬᠡᠮᠵᠢᠬᠦᠷ ᠦᠨ ᠳᠦᠬᠦᠭᠡᠷᠤᠮᠵᠢ 913  ᠢᠵᠢ  ᠂ ᠦᠨᠳᠣᠷ ᠬᠦᠴᠦᠳᠡᠯᠳᠣ ᠣᠳᠠᠰᠣ 11.685 ᠮᠢᠩᠭᠠᠨᠮᠸᠲ᠋ᠷ ᠂ ᠬᠦᠴᠦᠳᠡᠯ ᠦᠬᠡᠷᠡᠴᠢᠯᠡᠬᠦᠷ 50 ᠢᠵᠢ  ᠂ ᠬᠤᠳᠳᠤᠭ ᠤᠨ ᠬᠡᠷ 44 ᠰᠠᠭᠤᠷᠢ ᠂ ᠱᠤᠠᠭᠭᠤᠯ ᠤᠰᠤᠡ ᠬᠦᠵᠭᠡᠷᠭᠡ 1299 ᠢᠵᠢ ᠶ᠋ᠢ  ᠤᠭᠰᠠᠷᠠᠭᠰᠠᠨ ᠪᠤᠶᠤ ᠳᠤᠬᠢᠷᠠᠭᠤᠯᠵᠠᠢ ᠃ ᠪᠦᠬᠦ ᠬᠤᠰᠢᠭᠤᠨ ᠤ ᠳᠠᠷᠢᠶᠠᠯᠠᠬᠤ ᠨᠦᠬᠦᠴᠡᠯ ᠢ ᠪᠦᠷᠢᠯᠳᠤᠬᠦᠯᠦᠭᠰᠡᠨ  ᠨᠢ 30  ᠳᠦᠮᠡᠨ ᠮᠤ᠋ ( ᠡᠬᠦᠨ ᠦ ᠳᠤᠳᠤᠷ᠎ᠠ ᠭᠤᠤᠯᠯᠠᠭᠴᠢ  ᠳᠠᠭᠤᠷᠢᠶᠠᠯ ᠳᠤᠭᠤᠷᠢᠭ 15  ᠳᠦᠮᠡᠨ ᠮᠤ᠋) ᠂ ᠨᠢᠭᠡᠨᠳᠠ ᠳᠠᠷᠢᠭᠰᠠᠨ ᠨᠢ 14  ᠳᠦᠮᠡᠨ ᠮᠤ᠋᠂ 5 ᠰᠠᠷ᠎ᠠ ᠶ᠋ᠢᠨ10 ᠦ ᠡᠳᠤᠷ ᠪᠤᠯᠳᠠᠯ᠎ᠠ ᠳᠠᠷᠢᠬᠤ ᠡᠬᠦᠷᠭᠡ ᠪᠠᠨ ᠪᠦᠬᠦᠨ ᠢ  ᠪᠠᠶᠠᠯᠡᠬᠦᠯᠬᠦ ᠪᠠᠷ ᠳᠡᠮᠠᠴᠠᠵᠦ ᠪᠤᠢ ᠃  (  ᠪᠤᠤ ᠵᠢᠨ ᠯᠢᠶᠠᠨ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ