ᠨᠠᠢᠮᠠᠨ ᠬᠤᠰᠢᠭᠤ ᠄ 《 ᠳᠠᠯ᠎ᠠ ᠨᠤᠳᠤᠭ  ‍ᠤᠨ ᠬᠤᠪᠢᠰᠬᠠᠯᠳᠤ ᠤᠳᠬ᠎ᠠ ᠤᠷᠠᠯᠢᠭ ᠤᠨ ᠬᠦᠩᠭᠡᠨ ᠮᠤᠷᠢᠳᠤ ᠴᠡᠷᠢᠭ 》 ᠤᠬᠠᠭᠤᠯᠭ᠎ᠠ ᠶ᠋ᠢᠨ ᠪᠠᠭ᠎ᠠ ᠳᠤᠭᠤᠶᠢᠯᠠᠩ ᠰᠢᠨ᠎ᠠ ᠪᠦᠳᠦᠭᠡᠯ ᠦᠨ ᠳᠤᠭᠯᠠᠯᠳᠠ ᠭᠠᠷᠭᠠᠵᠦ ᠠᠷᠠᠳ ᠤᠯᠠᠨ ᠳ᠋ᠤ ᠦᠢᠯᠡᠴᠢᠯᠡᠵᠦ ᠪᠤᠢ

ᠣᠩᠰᠢᠭᠰᠠᠨ ᠤᠳᠠᠭ᠎ᠠ ᠄ 4397     ᠨᠡᠶᠢᠳᠡᠯᠡᠭᠰᠡᠨ ᠴᠠᠭ ᠄ 2018/4/27 16:40:38

        ᠤᠶᠢᠷ᠎ᠠ ᠶ᠋ᠢᠨ ᠡᠳᠤᠷ ᠂ ᠨᠠᠢᠮᠠᠨ ᠬᠤᠰᠢᠭᠤᠨ ᠤ ᠤᠯᠠᠭᠠᠨᠮᠦ᠋ᠴᠢᠷ —《 ᠳᠠᠯ᠎ᠠ ᠨᠤᠳᠤᠭ ᠤᠨ ᠬᠤᠪᠢᠰᠬᠠᠯᠳᠤ ᠤᠳᠬ᠎ᠠ ᠤᠷᠠᠯᠢᠭ ᠤᠨ ᠬᠦᠩᠭᠡᠨ ᠮᠤᠷᠢᠳᠤ ᠴᠡᠷᠢᠭ》  ᠤᠬᠠᠭᠤᠯᠭ᠎ᠠ ᠶ᠋ᠢᠨ  ᠪᠠᠭ᠎ᠠ ᠳᠤᠭᠤᠶᠢᠯᠠᠩ ᠠᠮᠢᠳᠤᠷᠠᠯ ᠤᠨ ᠦᠩᠬᠡᠰᠢᠭ ᠬᠦᠷᠤᠰᠤᠨ  ᠳ᠋ᠤ ᠬᠦᠨ ᠦᠨᠳᠤᠰᠤ ᠬᠠᠳᠬᠤᠨ ᠂ ᠠᠷᠠᠳ ᠳᠦᠮᠡᠨ ᠳ᠋ᠦ ᠦᠢᠯᠡᠴᠢᠯᠡᠵᠦ ᠂ ᠨᠠᠮ  ᠤᠨ ᠠᠷᠪᠠ ᠶᠢᠰᠤᠳᠤᠭᠡᠷ ᠶᠡᠭᠡ ᠬᠤᠷᠠᠯ ᠤᠨ  ᠵᠤᠷᠢᠭ ᠰᠠᠨᠠᠭ᠎ᠠ ᠂ ᠰᠢ ᠵᠢᠨ ᠫᠢᠩ  ᠶᠠᠷᠤᠩᠬᠡᠢ ᠱᠦᠵᠢ ᠶ᠋ᠢᠨ ᠤᠯᠠᠭᠠᠨᠮᠦ᠋ᠴᠢᠷ ᠤᠨ ᠦᠢᠯᠡᠰ ᠦᠨ ᠬᠦᠭᠵᠢᠯᠳᠡ ᠶ᠋ᠢᠨ ᠳᠤᠬᠠᠢ ᠴᠢᠬᠤᠯᠠ ᠵᠢᠭᠠᠪᠤᠷᠢ ᠬᠢᠭᠡᠳ ᠰᠢ ᠵᠢᠨ ᠫᠢᠩ  ᠶᠠᠷᠤᠩᠬᠡᠢ ᠱᠦᠵᠢ ᠶ᠋ᠢᠨ ᠪᠦᠬᠦ ᠤᠯᠤᠰ ᠤᠨ《 ᠬᠤᠶᠠᠷ ᠬᠤᠷᠠᠯ 》 ᠤᠨ ᠴᠢᠬᠤᠯᠠ ᠶᠠᠷᠢᠶᠠᠨ ᠤ ᠵᠤᠷᠢᠭ ᠰᠠᠨᠠᠭᠠᠨ ᠤ ᠳᠤᠭᠤᠷᠢᠨ ᠳ᠋ᠤ  ᠂  ᠡᠷᠡᠭᠳᠡᠢ ᠶ᠋ᠢᠨ ᠬᠠᠮᠳᠤ ᠶ᠋ᠢᠨ ᠪᠦᠵᠢᠭ 《 ᠴᠠᠭᠠᠨ ᠰᠦᠯᠳ᠋ᠨ》 ᠂ ᠬᠤᠯᠪᠤᠭ᠎ᠠ《 ᠶᠠᠷᠤᠩᠬᠡᠢ ᠱᠦᠵᠢ ᠵᠠᠬᠢᠳᠡᠯ ᠢᠷᠡᠬᠦᠯᠵᠦ ᠪᠠᠶᠠᠷ ᠤᠨ ᠮᠡᠳᠡᠭᠡ ᠤᠯᠠᠮᠵᠢᠯᠠᠯ᠎ᠠ》 ᠪᠠ  ᠴᠠᠷᠭᠢᠯ ᠬᠣᠯᠪᠣᠭ᠎ᠠ《 ᠤᠭ  ᠰᠠᠨᠠᠭ᠎ᠠ ᠪᠠᠨ ᠮᠠᠷᠳᠡᠯ ᠦᠭᠡᠢ ᠨᠠᠮ ᠢᠶᠡᠨ ᠳᠠᠭᠠᠨ᠎ᠠ》 ᠬᠡᠬᠦ ᠵᠡᠷᠭᠡ ᠨᠠᠶᠢᠳᠠ 25 ᠰᠢᠨ᠎ᠠ ᠪᠦᠳᠦᠭᠡᠯ  ᠵᠤᠬᠢᠶᠠᠨ ᠪᠦᠳᠦᠭᠡᠵᠠᠢ ᠃  ᠤᠯᠠᠨ ᠳᠦᠮᠡᠨ ᠦ  ᠰᠣᠨᠣᠰᠬᠣ ᠳ᠋ᠥ ᠳᠣᠷᠠᠲᠠᠢ ᠥᠵᠡᠬᠦ ᠳ᠋ᠥ ᠪᠠᠬᠠᠲᠠᠢ ᠤᠷᠠᠯᠢᠭ ᠤᠨ ᠭᠡᠯᠪᠠᠷᠢ ᠪᠠᠷ ᠂ ᠦᠨᠳᠤᠰᠤᠨ ᠱᠠᠳᠤᠨ ᠳ᠋ᠤ ᠬᠦᠨᠵᠡᠭᠡᠶᠢᠷᠠᠨ ᠂ ᠠᠶᠢᠯ ᠳᠤᠰᠬᠤᠨ ᠳ᠋ᠤ ᠬᠦᠷᠴᠤ ᠂ 80  ᠢᠯᠡᠬᠦᠦ ᠳᠠᠯᠠᠪᠤᠷ ᠰᠢᠨ᠎ᠠ ᠪᠦᠳᠦᠭᠡᠯ ᠦᠨ ᠳᠤᠭᠯᠠᠯᠳᠠ ᠭᠠᠷᠭᠠᠵᠦ ᠂ 4 ᠳᠦᠮᠨ ᠭᠠᠷᠤᠢ ᠠᠷᠠᠳ ᠤᠯᠠᠨ ᠳ᠋ᠤ ᠦᠢᠯᠡᠴᠢᠯᠡᠭᠰᠡᠨ ᠪᠠᠶᠢᠨ᠎ᠠ ᠃  (  ᠪᠤᠤ ᠵᠢᠨ ᠯᠢᠶᠠᠨ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ