ᠨᠠᠢᠮᠠᠨ ᠬᠣᠰᠢᠭᠣ ᠲᠣᠰᠬᠠᠢ ᠵᠠᠰᠠᠨ ᠴᠡᠭᠴᠡᠯᠡᠯᠳᠡ ᠶ᠋ᠢ ᠬᠦᠨᠵᠡᠬᠡᠢ ᠲᠦᠯᠬᠢᠨ ᠠᠬᠢᠭᠣᠯᠵᠣ ᠣᠯᠠᠨ ᠲᠦᠮᠡᠨ ‍ᠤ ᠠᠰᠢᠭ ᠲᠣᠰᠠ ᠶ᠋ᠢ ᠦᠨᠡᠨᠬᠦ ᠬᠠᠮᠠᠭᠠᠯᠠᠵᠣ ᠪᠠᠶᠢᠨ᠎ᠠ

ᠣᠩᠰᠢᠭᠰᠠᠨ ᠤᠳᠠᠭ᠎ᠠ ᠄ 3054     ᠨᠡᠶᠢᠳᠡᠯᠡᠭᠰᠡᠨ ᠴᠠᠭ ᠄ 2018/4/26 15:54:04        ᠨᠠᠮ ‍ᠤᠨ ᠠᠷᠪᠠ ᠶᠢᠰᠣᠳᠣᠭᠡᠷ ᠶᠡᠬᠡ ᠬᠣᠷᠠᠯ ‍ᠤᠨ ᠵᠣᠷᠢᠭ ᠰᠠᠨᠠᠭ᠎ᠠ ᠶ᠋ᠢ ᠬᠦᠨᠵᠡᠬᠡᠢ ᠳᠤᠭᠤᠰᠢᠯᠠᠭᠤᠯᠤᠨ ᠨᠠᠶᠢᠳᠠᠪᠣᠷᠢᠵᠢᠭᠣᠯᠵᠣ ᠂ ᠲᠦᠪ ‍ᠤᠨ ᠰᠠᠬᠢᠯᠭ᠎ᠠ ᠪᠠᠳᠣ ᠶ᠋ᠢ ᠪᠠᠶᠢᠴᠠᠭᠠᠬᠣ ᠬᠣᠷᠢᠶ᠎ᠠ ᠪᠠ ᠦᠪᠡᠷᠳᠡᠭᠡᠨ ᠵᠠᠰᠠᠬᠣ ᠣᠷᠣᠨ  ᠂ ᠲᠦᠡᠭᠯᠢᠶᠣᠣ ᠬᠣᠳᠠ ᠶ᠋ᠢᠨ ᠰᠠᠬᠢᠯᠭ᠎ᠠ ᠪᠠᠳᠣ ᠶ᠋ᠢ ᠪᠠᠶᠢᠴᠠᠭᠠᠬᠣ ᠬᠣᠷᠢᠶ᠎ᠠ ᠶ᠋ᠢᠨ ᠬᠢᠨᠠᠨ ᠪᠠᠶᠢᠴᠠᠭᠠᠬᠣ ᠵᠦᠪᠯᠡᠯ ‍ᠤᠨ ᠱᠠᠭᠠᠷᠳᠠᠯᠭ᠎ᠠ ᠶᠣᠰᠣᠭᠠᠷ ᠂ ᠨᠠᠢᠮᠠᠨ ᠬᠣᠰᠢᠭᠣᠨ ‍ᠤ ᠰᠠᠬᠢᠯᠭ᠎ᠠ ᠪᠠᠳᠣ ᠶ᠋ᠢ ᠪᠠᠶᠢᠴᠠᠭᠠᠬᠣ ᠬᠣᠷᠢᠶ᠎ᠠ ᠶ᠋ᠢᠨ ᠬᠢᠨᠠᠨ ᠪᠠᠶᠢᠴᠠᠭᠠᠬᠣ ᠵᠦᠪᠯᠡᠯ ᠲᠣᠰᠬᠠᠢ ᠵᠠᠰᠠᠨ ᠴᠡᠭᠴᠡᠯᠡᠯᠳᠡ ᠶ᠋ᠢᠨ  ᠠᠵᠢᠯᠯᠠᠭ᠎ᠠ ᠶ᠋ᠢ  ᠦᠷᠨᠢᠬᠦᠯᠣᠨ ᠬᠦᠨᠵᠡᠬᠡᠢ ᠲᠦᠯᠬᠢᠨ ᠠᠬᠢᠭᠣᠯᠵᠣ ᠂ ᠦᠨᠡᠨᠬᠦ ᠣᠯᠠᠨ ᠲᠦᠮᠡᠨ ‍ᠤ ᠦᠨᠳᠣᠰᠣᠨ ᠠᠰᠢᠭ ᠲᠣᠰᠠ ᠶ᠋ᠢ ᠬᠠᠮᠠᠭᠠᠯᠠᠵᠣ ᠂ ᠣᠯᠠᠨ ᠲᠦᠮᠡᠨ ᠳ᠋ᠣ ᠨᠠᠮ ‍ᠤᠨ ᠰᠣᠷᠳᠠᠯ  ᠠᠷᠢᠭᠣᠨ  ᠴᠢᠬᠡᠴᠢ  ᠪᠡᠷ ᠵᠠᠰᠠᠭ ᠪᠠᠷᠢᠬᠣ ᠪᠦᠳᠣᠭᠡᠨ ᠪᠠᠶᠢᠭᠣᠯᠣᠯᠳᠠ ᠪᠠ ᠢᠯᠵᠠᠷᠠᠯ ‍ᠢ ᠡᠰᠡᠷᠬᠦᠴᠡᠬᠦ ᠠᠵᠢᠯ ‍ᠤᠨ ᠠᠮᠵᠢᠯᠳᠡ ᠶ᠋ᠢ ᠣᠯᠬᠣ ᠰᠡᠳᠬᠢᠯᠬᠡ ᠶ᠋ᠢ ᠪᠣᠢ ᠪᠣᠯᠭᠠᠵᠣ ᠪᠠᠶᠢᠨ᠎ᠠ ᠃  ᠬᠡᠯᠪᠡᠷᠢ ᠶ᠋ᠢᠨ ᠦᠵᠡᠯ ᠂ ᠨᠣᠶᠠᠨᠴᠢ ᠦᠵᠡᠯ ‍ᠤᠨ 《 ᠠᠷᠪᠠᠨ  ᠵᠣᠶᠢᠯ ‍ᠤᠨ ᠢᠯᠡᠷᠡᠯ 》 ‍ᠢ ᠲᠣᠰᠬᠠᠢ ᠴᠡᠭᠴᠡᠯᠡᠵᠣ ᠂ ᠡᠨᠡ ᠲᠠᠯ᠎ᠠ ᠶ᠋ᠢᠨ ᠠᠵᠢᠯ ᠢ ᠲᠦᠪ ᠲᠣᠭᠳᠠᠭᠠᠵᠣ ᠂ 《 ᠲᠠᠪᠣᠨ  ᠬᠦᠷᠢᠶ᠎ᠡ ᠴᠠᠷ᠎ᠠ 》 ᠳ᠋ᠣ ᠲᠦᠪᠯᠡᠷᠡᠬᠦᠯᠣᠨ 《 ᠲᠦᠷᠪᠡᠨ ᠵᠣᠶᠢᠯ ‍ᠤᠨ ᠠᠵᠢᠯᠯᠠᠭ᠎ᠠ 》 ᠶ᠋ᠢ ᠴᠢᠡᠭᠭ᠎ᠠ ᠪᠠᠶᠢᠴᠠᠭᠠᠵᠣ ᠂ ᠣᠨᠴᠠᠭᠠᠶᠢᠯᠠᠨ 《 ᠠᠷᠪᠠ ᠶ᠋ᠢ ᠪᠦᠷᠬᠦᠬᠦᠯᠬᠦ 》 ᠢᠨᠵᠸᠨ᠋ᠸᠷᠢᠡᠭ ‍ᠤᠨ ᠬᠡᠯᠪᠡᠷᠢ ᠶ᠋ᠢᠨ ᠦᠵᠡᠯ ᠂ ᠨᠣᠶᠠᠨᠴᠢ ᠦᠵᠡᠯ ᠂ ᠵᠠᠰᠠᠭ ‍ᠤᠨ ᠣᠷᠳᠣᠨ ‍ᠤ ᠵᠣᠭᠣᠰ ᠮᠦᠡᠭᠬᠦ ᠶ᠋ᠢᠨ ᠬᠠᠮᠢᠶᠠᠷᠣᠯᠳᠠ ᠂ ᠦᠷᠢ ᠰᠢᠷᠢ ᠶ᠋ᠢᠨ  ᠡᠶᠡᠳᠡᠬᠦᠯᠣᠯᠳᠡ ᠂ ᠪᠠᠷᠢᠯᠭ᠎ᠠ ᠶ᠋ᠢᠨ ᠲᠠᠯ᠎ᠠ ᠶ᠋ᠢᠨ ᠵᠣᠭᠣᠰ ᠮᠦᠡᠭᠬᠦ  ᠶᠡᠬᠡᠪᠡᠷ  ᠦᠷᠢᠳᠤᠵᠦ ᠪᠠᠶᠢᠭ᠎ᠠ ᠠᠰᠠᠭᠣᠳᠠᠯ ᠳ᠋ᠣ ᠴᠢᠭᠯᠡᠬᠦᠯᠣᠨ ᠂ ᠠᠰᠠᠭᠣᠳᠠᠯ ‍ᠢ ᠲᠣᠰᠬᠠᠬᠣ ᠵᠠᠮ ‍ᠢ ᠨᠡᠪᠳᠡᠷᠡᠬᠦᠯᠵᠣ ᠂ ᠢᠯᠡ ᠪᠡᠷ ᠪᠠᠶᠢᠴᠠᠭᠠᠵᠣ ᠲᠠᠯᠳᠠ ᠪᠡᠷ ᠰᠣᠷᠪᠣᠯᠵᠢᠯᠠᠬᠣ ᠬᠦᠴᠣᠴᠡ ᠪᠠᠨ ᠴᠢᠡᠭᠭᠠᠷᠠᠭᠣᠯᠵᠣ ᠂ ᠨᠣᠮᠸᠷ  ᠠᠪᠴᠣ  ᠲᠡᠰ ᠲᠠᠷᠠᠭᠠᠯᠠᠨ ᠬᠢᠨᠠᠨ ᠪᠠᠶᠢᠴᠠᠭᠠᠵᠣ ᠂ ᠲᠦᠷᠭᠡᠨ ᠪᠠᠶᠢᠴᠠᠭᠠᠵᠣ ᠲᠦᠷᠭᠡᠨ ᠲᠡᠬᠦᠰᠭᠡᠬᠦ ᠶ᠋ᠢ ᠴᠢᠬᠣᠯᠠᠴᠢᠯᠠᠪᠠ ᠃ ᠶᠠᠳᠠᠭᠣ ᠶ᠋ᠢ ᠲᠡᠳᠬᠦᠬᠦ ᠬᠦᠷᠢᠶ᠎ᠡ ᠴᠠᠷ᠎ᠠ ᠶ᠋ᠢᠨ ᠢᠯᠵᠠᠷᠠᠯ ᠪᠠ ᠰᠣᠷᠳᠠᠯ ‍ᠤᠨ ᠠᠰᠠᠭᠣᠳᠠᠯ ‍ᠢ ᠲᠣᠰᠬᠠᠢ ᠵᠠᠰᠠᠨ ᠴᠡᠭᠴᠡᠯᠡᠵᠣ ᠂ 2018 ᠣᠨ ᠡᠴᠠ 2020 ᠣᠨ ‍ᠤ ᠲᠦᠰᠣᠪ ᠢ ᠲᠣᠭᠳᠠᠭᠠᠵᠣ ᠂ ᠣᠯᠠᠨ ᠠᠷᠭ᠎ᠠ ᠵᠠᠮ ᠢᠶᠠᠷ ᠂ ᠠᠰᠠᠭᠣᠳᠠᠯ  ‍ᠤᠨ ᠵᠠᠳᠠᠯᠣᠯᠳᠠ ᠶ᠋ᠢᠨ  ᠭᠤᠭᠴᠤᠭ᠎ᠠ ᠰᠦᠪᠡᠭᠴᠢ ᠶ᠋ᠢ ᠲᠣᠭᠳᠠᠭᠰᠠᠨ ᠬᠣᠭᠣᠴᠠᠭ᠎ᠠ ᠪᠡᠷ ᠡᠮᠬᠢᠯᠠᠨ ᠴᠡᠭᠴᠡᠯᠡᠵᠣ ᠂  ᠣᠨᠣᠪᠴᠢᠲᠠᠢ ᠪᠡᠷ ᠬᠢᠨᠠᠨ ᠪᠠᠶᠢᠴᠠᠭᠠᠵᠣ ᠂ ᠣᠨᠣᠪᠴᠢᠲᠠᠢ ᠪᠡᠷ ᠴᠣᠬᠢᠯᠳᠠ ᠦᠭᠴᠣ ᠪᠠᠶᠢᠨ᠎ᠠ ᠃ ᠵᠢᠯ ‍ᠤᠨ ᠡᠬᠢᠨ ᠡᠴᠠ ᠨᠠᠰᠢ ᠰᠢᠢᠳᠪᠣᠷᠢᠯᠡᠬᠦ ᠴᠢᠬᠣᠯᠠ ᠲᠠᠢ ᠣᠳᠠᠰᠣ ᠶ᠋ᠢ 20 ᠬᠣᠪᠢ ᠣᠯᠵᠣ ᠂  ᠬᠡᠷᠡᠭ ‍ᠢ ᠢᠯᠡᠷᠡᠬᠦᠯᠣᠨ ᠂ ᠨᠢᠬᠡᠨᠳᠡ 4  ᠬᠣᠪᠢ ᠶ᠋ᠢ ᠨᠢ ᠰᠢᠢᠳᠪᠣᠷᠢᠯᠡᠵᠣ ᠂ 1 ᠬᠣᠪᠢ  ᠳᠤ ᠨᠢ ᠰᠡᠷᠡᠮᠵᠢ ᠶ᠋ᠢᠨ  ᠶᠠᠷᠢᠯᠴᠠᠭ᠎ᠠ ᠬᠢᠵᠣ  ᠪᠠᠶᠢᠨ᠎ᠠ ᠃   《 ᠭᠣᠷᠪᠠᠨ ᠵᠣᠶᠢᠯ ᠵᠣᠭᠣᠰ ᠮᠦᠡᠭᠬᠦ 》 ᠶ᠋ᠢᠨ ᠢᠯᠵᠠᠷᠠᠯ ‍ᠤᠨ ᠠᠰᠠᠭᠣᠳᠠᠯ ᠳ᠋ᠣ ᠲᠣᠰᠬᠠᠢ ᠴᠡᠭᠴᠡᠯᠡᠯᠳᠡ ᠶᠠᠪᠣᠭᠣᠯᠵᠣ  ᠂ ᠨᠡᠶᠢᠳᠡ ᠶ᠋ᠢᠨ 《 ᠭᠣᠷᠪᠠᠨ ᠵᠣᠭᠣᠰ ᠮᠦᠡᠭᠬᠦ 》 ᠶ᠋ᠢᠨ ᠵᠠᠷᠣᠳᠠᠯ ‍ᠤᠨ ᠬᠠᠮᠢᠶᠠᠷᠣᠯᠳᠠ ᠂ ᠠᠷᠠᠳ ‍ᠤᠨ  ᠵᠣᠭᠣᠰ ᠮᠦᠡᠭᠬᠦ ᠂ ᠭᠠᠵᠠᠷ ᠰᠢᠷᠣᠢ ᠶ᠋ᠢᠨ ᠲᠠᠳᠠᠪᠣᠷᠢᠯᠠᠯᠳᠠ ᠪᠠ ᠨᠡᠬᠦᠨ ᠰᠢᠯᠵᠢᠬᠦᠯᠬᠦ ᠂ ᠰᠣᠷᠭᠠᠨ ᠬᠦᠮᠣᠵᠢᠯ ᠡᠮ ᠡᠮᠨᠡᠯᠭᠡ ᠶ᠋ᠢᠨ ᠭᠣᠣᠯᠳᠠᠯᠭ᠎ᠠ ᠲᠠᠢ ᠬᠦᠷᠢᠶ᠎ᠡ ᠴᠠᠷ᠎ᠠ ᠳ᠋ᠣ ᠲᠦᠪᠯᠡᠷᠡᠬᠦᠯᠣᠨ ᠂ ᠭᠠᠴᠠᠭ᠎ᠠ ᠲᠣᠰᠬᠣᠨ ‍ᠤ 《 ᠬᠣᠶᠠᠷ ᠵᠦᠪᠯᠡᠯ 》 ‍ᠤᠨ ᠬᠡᠰᠢᠬᠦᠳ ᠂ ᠰᠣᠮᠣ ᠰᠢᠶᠠᠡᠭ ᠪᠠᠯᠭᠠᠰᠣ ᠶ᠋ᠢᠨ ᠺᠠᠳ᠋ᠷᠴᠣᠳ ᠂  ᠬᠤᠯᠪᠤᠭ᠎ᠠ ᠪᠦᠬᠦᠢ ᠰᠠᠯᠠᠭ᠎ᠠ ᠮᠦᠴᠢᠷ ‍ᠤᠨ ᠭᠤᠤᠯᠳᠠᠯᠭᠠᠳᠤ ᠪᠠᠶᠢᠷᠢ ᠳ᠋ᠡᠬᠢ ᠴᠢᠬᠣᠯᠠ ᠬᠦᠮᠣᠰ ‍ᠢ ᠴᠢᠡᠭᠭ᠎ᠠ ᠬᠠᠷᠠᠵᠣ ᠂ ᠠᠰᠠᠭᠣᠳᠠᠯ ‍ᠢ ᠰᠣᠡᠭᠭᠣᠨ ᠬᠢᠨᠠᠨ ᠪᠠᠶᠢᠴᠠᠭᠠᠬᠣ ᠬᠦᠴᠣᠴᠡ ᠪᠠᠨ ᠴᠢᠡᠭᠭᠠᠷᠠᠭᠣᠯᠵᠣ ᠂ ᠣᠯᠠᠨ ᠲᠦᠮᠡᠨ ‍ᠤ ᠵᠣᠭᠣᠰ ᠮᠦᠡᠭᠬᠦ ᠠᠰᠢᠭ ᠲᠣᠰᠠ ᠶ᠋ᠢ ᠱᠠᠮᠰᠢᠨ ᠪᠦᠷᠢᠯᠬᠡᠭᠰᠡᠨ ᠡᠳᠡᠭᠡᠳ ‍ᠢ ᠴᠢᠡᠭᠭ᠎ᠠ ᠰᠢᠢᠳᠪᠣᠷᠢᠯᠡᠵᠣ ᠪᠠᠶᠢᠨ᠎ᠠ ᠃ ᠵᠢᠯ ‍ᠤᠨ ᠡᠬᠢᠨ ᠡᠴᠠ ᠨᠠᠰᠢ  34 ᠬᠣᠪᠢ ᠬᠡᠷᠡᠭ ‍ᠢ ᠢᠯᠡᠷᠡᠬᠦᠯᠣᠨ ᠂ 2  ᠬᠣᠪᠢ ᠬᠡᠷᠡᠭ  ‍ᠢ ᠨᠢ ᠰᠢᠢᠳᠪᠣᠷᠢᠯᠡᠵᠣ ᠂ 3 ᠬᠦᠮᠣᠨ ᠳ᠋ᠣ ᠨᠠᠮ ‍ᠤᠨ ᠰᠠᠬᠢᠯᠭ᠎ᠠ ᠪᠠᠳᠣ ᠶ᠋ᠢᠨ  ᠰᠢᠢᠳᠭᠡᠯ  ᠦᠭᠬᠦᠭᠰᠡᠨ ᠪᠠᠶᠢᠨ᠎ᠠ ᠃ ᠡᠵᠡᠷᠭᠡᠭᠴᠢ  ᠬᠠᠷᠬᠢᠰᠴᠤᠳ ‍ᠢ ᠲᠠᠷᠣᠡᠭᠭᠣᠶᠢᠯᠠᠬᠣ ᠲᠣᠰᠬᠠᠢ ᠲᠡᠮᠡᠴᠡᠯ ᠦᠷᠨᠢᠬᠦᠯᠵᠣ ᠂  ᠳᠤᠰ ᠲᠠᠯ᠎ᠠ ᠶ᠋ᠢᠨ  ᠲᠦᠰᠣᠪ ᠢ ᠲᠣᠭᠳᠠᠭᠠᠵᠣ ᠂ ᠭᠣᠣᠯᠳᠠᠯᠭ᠎ᠠ ᠲᠠᠢ ᠣᠷᠣᠨ ᠂  ᠭᠣᠣᠯᠳᠠᠯᠭ᠎ᠠ ᠲᠠᠢ ᠬᠦᠮᠣᠰ ᠂  ᠭᠣᠣᠯᠳᠠᠯᠭ᠎ᠠ ᠲᠠᠢ ᠠᠰᠠᠭᠣᠳᠠᠯ ‍ᠢ ᠴᠢᠡᠭᠭ᠎ᠠ ᠬᠠᠷᠠᠵᠣ ᠂ ᠬᠢᠨᠠᠨ ᠪᠠᠶᠢᠴᠠᠭᠠᠬᠣ ᠪᠠᠨ ᠴᠢᠡᠭᠭᠠᠳᠬᠠᠵᠣ ᠂ ᠨᠢᠭᠣᠷ ᠲᠠᠯ᠎ᠠ ᠬᠠᠷᠠᠬᠣ ᠦᠬᠡᠢ ᠂ ᠭᠣᠣᠯᠴᠢ ᠪᠡᠷ ᠬᠠᠷᠢᠭᠣᠴᠠᠯᠭ᠎ᠠ ᠶ᠋ᠢ  ᠨᠠᠭᠡᠮᠵᠢᠯᠠᠨ ᠂ ᠡᠵᠡᠷᠭᠡᠭᠴᠢ  ᠬᠠᠷᠬᠢᠰᠴᠤᠳ ‍ᠤᠨ ᠢᠯᠵᠠᠷᠠᠯ ‍ᠤᠨ ᠠᠰᠠᠭᠣᠳᠠᠯ ᠢ ᠡᠷᠡᠰ ᠪᠠᠶᠢᠴᠠᠭᠠᠨ ᠭᠠᠷᠭᠠᠵᠣ ᠂ ᠡᠵᠡᠷᠭᠡᠭᠴᠢ ᠬᠠᠷᠬᠢᠰᠴᠤᠳ ᠲᠣ ᠬᠠᠮᠠᠭᠠᠯᠠᠯᠳᠠ ᠶ᠋ᠢᠨ ᠰᠢᠬᠦᠷ ᠪᠣᠯᠵᠣ ᠪᠠᠶᠢᠭ᠎ᠠ ᠺᠠᠳ᠋ᠷᠴᠣᠳ ‍ᠢ ᠪᠠᠶᠢᠴᠠᠭᠠᠨ ᠭᠠᠷᠭᠠᠵᠣ ᠪᠠᠶᠢᠨ᠎ᠠ ᠃ 26 ᠬᠦᠮᠣᠰ ‍ᠢ ᠰᠢᠢᠳᠪᠣᠷᠢᠯᠡᠵᠣ ᠂ ᠡᠳᠡᠭᠡᠷ ᠬᠦᠮᠣᠰ ᠲᠠᠢ ᠬᠣᠯᠪᠣᠭᠳᠠᠭᠰᠠᠨ ᠨᠠᠮ ‍ᠤᠨ ᠬᠡᠰᠢᠬᠦᠨ ᠺᠠᠳ᠋ᠷᠴᠣᠳ ‍ᠢ ᠦᠷᠬᠦᠯᠵᠢᠯᠡᠨ ᠪᠠᠶᠢᠴᠠᠭᠠᠵᠣ ᠪᠠᠶᠢᠨ᠎ᠠ ᠃ 《 ᠭᠣᠷᠪᠠᠨ ᠶᠠᠪᠣᠳᠠᠯ 》  ‍ᠢ ᠢᠯᠡ ᠪᠣᠯᠭᠠᠬᠣ ᠠᠵᠢᠯ ‍ᠢ ᠲᠦᠯᠬᠢᠨ ᠠᠬᠢᠭᠣᠯᠵᠣ  ᠂ ᠡᠯ᠎ᠡ ᠱᠠᠳᠣᠨ ‍ᠤ ᠨᠠᠮ ‍ᠤᠨ ᠵᠣᠬᠢᠶᠠᠨ ᠪᠠᠶᠢᠭᠣᠯᠣᠯᠳᠠ ᠶ᠋ᠢᠨ 《  ᠭᠣᠷᠪᠠᠨ ᠶᠠᠪᠣᠳᠠᠯ  》  ‍ᠢ ᠢᠯᠡ ᠪᠣᠯᠭᠠᠬᠣ ᠭᠣᠣᠯ ᠴᠣᠭᠴᠠᠳᠣ ᠬᠠᠷᠢᠭᠣᠴᠠᠯᠭ᠎ᠠ ᠶ᠋ᠢ ᠨᠠᠶᠢᠳᠠᠪᠣᠷᠢᠵᠢᠭᠣᠯᠵᠣ ᠂  ᠢᠯᠡ ᠪᠣᠯᠭᠠᠬᠣ ᠲᠣᠭᠳᠠᠴᠠ ᠪᠠᠨ ᠲᠡᠬᠦᠯᠳᠡᠷᠬᠦᠯᠵᠣ ᠪᠠᠶᠢᠨ᠎ᠠ ᠃ 《 ᠭᠣᠷᠪᠠᠨ ᠶᠠᠪᠣᠳᠠᠯ 》  ‍ᠢ ᠢᠯᠡ ᠪᠣᠯᠭᠠᠬᠣ  ᠲᠠᠯ᠎ᠠ ᠳ᠋ᠣ ᠢᠯᠡ ᠪᠢᠰᠢ ᠂  ᠢᠯᠡ ᠪᠣᠯᠭᠠᠬᠣ ᠶ᠋ᠢᠨ ᠬᠣᠳᠠᠯ ᠬᠠᠭᠣᠷᠮᠠᠭ ᠂ ᠢᠯᠡ ᠪᠣᠯᠭᠠᠬᠣ ᠪᠠᠨ ᠬᠦᠷᠣᠯᠴᠠᠬᠦᠯᠵᠣ ᠦᠬᠡᠢ ᠦᠵᠡᠭᠳᠡᠯ ‍ᠢ ᠴᠢᠡᠭᠭ᠎ᠠ ᠠᠳᠬᠣᠵᠣ ᠪᠠᠶᠢᠨ᠎ᠠ ᠃  ( ᠮᠠᠡᠭᠭᠣᠳ ᠪᠦᠬᠡ  ᠮᠡᠳᠡᠭᠡᠯᠡᠪᠡ )

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ