ᠨᠠᠢᠮᠠᠨ ᠬᠤᠰᠢᠭᠤᠨ ᠤ ᠤᠯᠠᠭᠠᠨᠮᠦ᠋ᠴᠢᠷ ᠦᠨᠳᠤᠰᠤᠨ ᠱᠠᠳᠤᠨ ᠳ᠋ᠤ ᠬᠦᠨᠵᠡᠭᠡᠶᠢᠷᠠᠨ ᠤᠯᠠᠨ ᠳᠦᠮᠡᠨ ᠦ ᠬᠠᠯᠠᠭᠤᠨ ᠬᠦᠷᠢᠶᠠᠯᠠᠯ ᠢ ᠤᠯᠵᠦ ᠪᠤᠢ

ᠣᠩᠰᠢᠭᠰᠠᠨ ᠤᠳᠠᠭ᠎ᠠ ᠄ 4715     ᠨᠡᠶᠢᠳᠡᠯᠡᠭᠰᠡᠨ ᠴᠠᠭ ᠄ 2018/4/25 17:25:02


         ᠤᠷᠢᠬᠠᠨ ᠬᠠᠪᠤᠷ ᠤᠨ ᠴᠠᠭ ᠲᠤ ᠂ ᠤᠰᠤᠨ ᠤ ᠦᠩᠭᠡ ᠬᠦᠭᠡᠷᠡᠨ ᠂ ᠤᠭᠤᠷᠠᠭ ᠰᠦ ᠶ᠋ᠢᠨ ᠠᠩᠬᠢᠯᠤᠭᠠᠨ ᠳ᠋ᠤ ᠂ ᠤᠨᠠᠭ᠎ᠠ ᠲᠤᠭᠤᠯ ᠢᠨᠴᠠᠭᠠᠨ ᠮᠦᠭᠡᠷᠡᠯᠳᠤᠨ᠎ᠠ ᠃ ᠠᠶᠢᠯ ᠳᠤᠰᠬᠳ ᠤ ᠰᠤᠶᠤᠯ ᠤᠨ ᠳᠠᠯᠠᠪᠠᠢ  ᠪᠤᠯᠭᠠᠨ ᠢᠶᠠᠷ  ᠤᠯᠠᠭᠠᠨᠮᠦ᠋ᠴᠢᠷ ᠤᠨ ᠳᠤᠭᠯᠠᠭᠴᠢᠳ ᠤᠨ ᠤᠶᠠᠬᠠᠨ ᠭᠤᠶᠤᠬᠠᠨ ᠪᠦᠵᠢᠭᠯᠡᠯᠳᠡ ᠂  ᠬᠠᠩᠬᠢᠨᠠᠮ᠎ᠠ ᠬᠦᠩᠬᠢᠨᠠᠮ᠎ᠠ ᠳᠠᠭᠤᠯᠠᠯᠳᠠ ᠂ ᠡᠯᠢᠭᠡ  ᠬᠦᠰᠢᠶᠡᠯᠭᠡᠮ᠎ᠠ ᠵᠦᠴᠦᠭᠡ ᠂   ᠠᠴᠢᠳᠤ ᠨᠠᠮ ᠢᠶᠡᠨ ᠳᠠᠭᠤᠯᠠᠭᠰᠠᠨ ᠬᠤᠯᠪᠤᠭ᠎ᠠ …… ᠬᠠᠷᠠᠭ᠎ᠠ ᠳᠦᠬᠦᠷᠡᠩ ᠰᠡᠳᠬᠢᠯ ᠪᠠᠶᠠᠰᠬᠠᠮ᠎ᠠ ᠃
      ᠦᠨᠦᠳᠤᠷ ᠨᠠᠢᠮᠠᠨ ᠬᠤᠰᠢᠭᠤᠨ ᠤ ᠪᠠᠶᠢᠰᠢᠩᠳᠤ ᠪᠠᠯᠭᠠᠰᠤᠨ ᠤ ᠬᠤᠶᠢᠳᠤ ᠳᠦᠯᠡᠭᠡᠨᠳᠠᠯ᠎ᠠ ᠭᠠᠴᠠᠭᠠᠨ ᠤ ᠰᠤᠶᠤᠯ ᠤᠨ ᠳᠠᠯᠠᠪᠠᠢ ᠳ᠋ᠤ ᠤᠯᠠᠭᠠᠨᠮᠦ᠋ᠴᠢᠷ ᠤᠨ ᠳᠤᠭᠯᠠᠯᠳᠠ ᠪᠤᠯᠤᠯ᠎ᠠ ᠃  ᠳᠤᠭᠯᠠᠯᠳᠠ ᠭᠠᠷᠬᠤ ᠴᠢᠮᠠᠭᠡ ᠳᠤᠭᠤᠯᠤᠮᠠᠭᠴᠠ ᠂ ᠠᠶᠢᠯ ᠤᠨ ᠤᠯᠠᠨ ᠰᠤᠶᠤᠯ ᠤᠨ ᠳᠠᠯᠠᠪᠠᠢ ᠵᠦᠭ ᠮᠤᠲ᠋ᠤᠷ ᠨᠢᠰᠬᠡᠬᠦ ᠨᠢ ᠨᠢᠰᠬᠡᠵᠦ ᠂ ᠲᠷᠠᠺᠲ᠋ᠣᠷ ᠵᠢᠯᠤᠭᠤᠳᠬᠤ ᠨᠢ ᠵᠢᠯᠤᠭᠤᠳᠴᠤ ᠂ ᠮᠠᠰᠢᠨ ᠳᠡᠷᠭᠡ ᠪᠠᠷᠢᠬᠤ ᠨᠢ ᠪᠠᠷᠢᠵᠦ  ᠂ ᠤᠪᠤᠨ ᠴᠤᠪᠤᠨ ᠬᠦᠷᠤᠯᠴᠠᠨ ᠢᠷᠡᠵᠡᠭᠡᠨ᠎ᠠ ᠃ ᠤᠶᠢᠷ᠎ᠠ ᠤᠷᠴᠢᠨ ᠤ ᠬᠢᠨᠢ ᠠᠷᠤᠭ ᠰᠠᠭᠰᠤ ᠪᠠᠨ ᠠᠪᠠᠴᠢᠵᠦ ᠬᠤᠷᠢᠶᠠᠯ ᠦᠭᠡᠢ ᠠᠶᠠᠳᠠᠭᠤᠬᠠᠨ ᠳᠣᠬᠤᠶᠢᠯᠠᠭᠠᠳ ᠴᠤ ᠦᠵᠡᠵᠦ ᠪᠠᠶᠢᠭ᠎ᠠ ᠪᠤᠢ ᠂  ᠠᠩᠭ᠎ᠠ ᠬᠡᠤᠭᠡᠳ ᠢᠶᠡᠨ ᠡᠬᠦᠷᠴᠤ ᠳᠡᠬᠦᠷᠤᠭᠡᠳ ᠠᠩᠬᠠᠷᠴᠦ ᠰᠤᠨᠢᠷᠬᠠᠵᠦ ᠪᠠᠶᠢᠭ᠎ᠠ ᠴᠤ ᠪᠤᠢ  ᠃ ᠠᠬᠠᠮᠠᠳ ᠳᠤᠮᠤᠭᠠᠳᠠᠳ ᠠᠷᠠᠳ ᠤᠨ ᠤᠯᠠᠭᠠᠨᠮᠦ᠋ᠴᠢᠷ ᠢᠶᠡᠨ ᠦᠵᠡᠭᠡ ᠦᠬᠡᠢ ᠬᠠᠨᠢ ᠦᠭᠡᠢ ᠤᠳᠠᠵᠦ ᠪᠠᠶᠢᠨ᠎ᠠ ᠬᠡᠳ ᠡᠷᠡᠭᠡᠢ ᠬᠤᠷᠤᠭᠤ ᠪᠠᠨ ᠭᠠᠷᠭᠠᠯᠴᠠᠨ  ᠪᠠᠶᠢᠨ ᠪᠠᠶᠢᠨ ᠱᠠᠭᠰᠢᠯᠴᠠᠵᠤ ᠂  ᠪᠠᠶᠢᠨ  ᠭᠡᠬᠢᠨ ᠠᠶ᠎ᠠ ᠶ᠋ᠢ ᠨᠢ ᠳᠠᠭᠠᠭᠤᠯᠤᠨ ᠬᠡᠩᠰᠢᠵᠦ  ᠭᠠᠷᠤᠨ᠎ᠠ ᠃
     《ᠡᠮᠤᠨ᠎ᠠ ᠬᠤᠶᠠᠷ ᠵᠢᠯ ᠂ ᠠᠶᠢᠯ ᠳᠤᠰᠬᠤᠨ ᠳ᠋ᠤ ᠰᠢᠨ᠎ᠠ ᠵᠠᠰᠠᠮᠠᠯ ᠵᠠᠮ ᠨᠠᠪᠳᠠᠷᠠᠨ ᠂ ᠠᠭᠤᠳᠠᠮ ᠰᠠᠷᠠᠭᠤᠯ ᠰᠤᠶᠤᠯ ᠤᠨ ᠳᠠᠯᠠᠪᠠᠢ ᠪᠠᠶᠢᠭᠤᠯᠤᠭᠳᠠᠭᠠᠳ ᠂ ᠬᠤᠯᠠ ᠬᠤᠯᠠ ᠰᠠᠭᠤᠯᠴᠠᠵᠦ ᠪᠠᠶᠢᠭ᠎ᠠ ᠴᠤ ᠬᠤᠶᠢᠨ᠎ᠠ ᠡᠮᠤᠨ᠎ᠠ ᠬᠦᠷᠤᠯᠴᠡᠨ ᠢᠷᠡᠵᠦ ᠳᠠᠯᠠᠪᠠᠢ  ᠶ᠋ᠢᠨ ᠪᠦᠵᠢᠭ ᠂  ᠮᠤᠩᠭᠤᠯ ᠪᠦᠵᠢᠭ ᠂ ᠤᠳᠤ ᠦᠶ᠎ᠡ ᠶ᠋ᠢᠨ ᠪᠦᠵᠢᠭ ᠪᠦᠵᠢᠭᠯᠡᠳᠡᠭ ᠵᠠᠯᠠᠭᠤᠴᠤᠳ  ᠢᠶᠡᠨ ᠬᠠᠷᠠᠭᠠᠳ ᠪᠠᠶᠠᠰᠤᠯᠴᠠᠳᠠᠭ ᠴᠤ ᠰᠡᠳᠬᠢᠯ ᠳ᠋ᠦ ᠵᠢᠭᠠᠬᠠᠨ ᠶᠡᠭᠤ ᠨᠢᠭᠡ ᠳᠤᠳᠠᠬᠤ ᠰᠢᠭ᠋ ᠪᠤᠳᠤᠭᠳᠠᠭᠠᠳ ᠪᠠᠶᠢᠭᠰᠠᠨ ᠃  ᠬᠤᠰᠢᠭᠤᠨ ᠤ ᠤᠯᠠᠭᠠᠨᠮᠦ᠋ᠴᠢᠷ ᠤᠨ ᠬᠢᠨ  ᠬᠦᠷᠴᠤ ᠢᠷᠡᠭᠡᠳ ᠳᠤᠭᠯᠠᠯᠳᠠ  ᠭᠠᠷᠭᠠᠭᠠᠳ ᠡᠨᠡᠬᠦ ᠰᠡᠳᠬᠢᠯ  ᠢ ᠮᠢᠨᠢ ᠬᠠᠩᠭᠠᠯ᠎ᠠ  ᠃ ᠤᠴᠢᠷ ᠨᠢ ᠪᠢ ᠵᠠᠯᠠᠭᠤ ᠳ᠋ᠤ ᠪᠠᠨ ᠤᠯᠠᠭᠠᠨᠮᠦ᠋ᠴᠢᠷ  ᠲᠤ ᠰᠤᠩᠭᠤᠭᠳᠠᠭᠰᠠᠨ ᠬᠦᠮᠦᠨ ᠂ ᠬᠡᠬᠦ ᠳ᠋ᠦ ᠬᠡᠷ ᠦᠨ ᠨᠦᠬᠦᠴᠡᠯ ᠡᠴᠡ ᠪᠤᠯᠵᠦ ᠳᠡᠨᠳᠠ ᠠᠵᠢᠯᠯᠠᠵᠦ ᠳᠡᠶᠢᠯᠤᠭᠰᠡᠨ ᠦᠭᠡᠢ 》 ᠬᠡᠵᠦ  ᠳᠠᠯᠠ ᠨᠠᠰᠤ ᠶ᠋ᠢ ᠬᠦᠬᠡᠬᠡᠵᠦ ᠶᠠᠪᠤᠭ᠎ᠠ  ᠨᠢᠮᠠᠨᠢᠩᠪᠤ᠋ ᠭᠤᠸᠠᠢ  ᠰᠡᠳᠬᠢᠯ ᠳᠤᠭᠳᠤᠯᠤᠩᠭᠤᠢ ᠬᠤᠭᠤᠯᠠᠢ ᠡᠷᠢᠶᠠᠨᠳᠤᠨ ᠶᠠᠷᠢᠨ᠎ᠠ ᠃
      《 ᠠᠷᠪᠠᠭᠠᠳ ᠵᠢᠯ ᠤᠨ ᠡᠮᠤᠨ᠎ᠠ  ᠂ ᠮᠠᠨ ᠤ ᠠᠶᠢᠯ ᠳ᠋ᠤ ᠴᠡᠬᠢᠯᠭᠠᠨ ᠴᠤ ᠨᠠᠪᠳᠠᠷᠠᠬᠡ ᠦᠭᠡᠢ ᠪᠠᠶᠢᠭᠰᠠᠨ ᠂ ᠤᠳᠤ ᠵᠢᠭᠠᠬᠠᠨ ᠴᠢᠯᠤᠭᠡ ᠪᠠᠶᠢᠪᠠᠯ ᠲᠸᠯᠸᠢᠰ ᠢᠶ᠋ᠡᠨ ᠨᠡᠭᠡᠭᠡᠮᠡᠭᠴᠡ ᠲᠦᠷᠦ ᠶ᠋ᠢᠨ ᠶᠠᠪᠤᠳᠠᠯ ᠂ ᠤᠷᠤᠨ ᠤ ᠪᠠᠶᠢᠳᠠᠯ ᠢᠶᠡᠨ ᠴᠠᠭ ᠳᠤᠬᠠᠢ ᠳ᠋ᠤ ᠨᠢ ᠤᠶᠢᠯᠠᠭᠠᠴᠢᠬᠠᠨ᠎ᠠ ᠃ ᠨᠢᠳᠤᠨᠤᠨ ᠰᠢ ᠵᠢᠨ ᠫᠢᠩ ᠶᠠᠷᠤᠩᠬᠡᠢ ᠱᠦᠵᠢ ᠶ᠋ᠢᠨ  ᠨᠢᠭᠡᠨ ᠬᠤᠪᠢ ᠵᠡᠬᠢᠳᠠᠯ ᠮᠠᠨ ᠤ ᠡᠨᠳᠠ ᠬᠤᠭᠤᠯᠠ ᠪᠤᠯᠭᠠᠨ ᠤ ᠵᠤᠭᠤᠭ ᠪᠤᠯᠵᠦ ᠂ ᠬᠤᠰᠢᠭᠤᠨ ᠤ ᠤᠯᠠᠭᠠᠨᠮᠦ᠋ᠴᠢᠷ  ᠴᠤ  ᠢᠳᠠ ᠠᠪᠤᠨ ᠠᠶᠢᠯ ᠪᠤᠯᠭᠠᠨ ᠢᠶᠠᠷ ᠠᠷᠠᠳ ᠤᠯᠠᠨ ᠳ᠋ᠤ ᠪᠠᠨ ᠳᠤᠭᠯᠠᠯᠳᠠ ᠪᠠᠨ ᠡᠷᠬᠦᠵᠦ ᠶᠠᠪᠤᠭ᠎ᠠ ᠃ ᠦᠨᠤᠳᠤᠷ ᠮᠠᠨ ᠤ ᠠᠶᠢᠯ ᠳ᠋ᠤ ᠳᠤᠭᠯᠠᠵᠤ ᠦᠨᠠᠭᠡᠷ ᠨᠢᠭᠡᠨ ᠴᠠᠭ ᠤᠨ〈 ᠤᠳᠬ᠎ᠠ ᠤᠷᠠᠯᠢᠭ ᠤᠨ ᠠᠮᠳᠠᠳᠤ ᠬᠤᠭᠤᠯᠠ〉 ᠪᠤᠯᠤᠯ᠎ᠠ》 ᠭᠡᠵᠦ   ᠤᠳᠠᠭᠠᠨ ᠵᠢᠯ ᠤᠨ ᠨᠠᠮ ᠤᠨ ᠬᠡᠰᠢᠬᠦᠨ  ᠶᠠᠪᠤᠭ᠎ᠠ ᠨᠠᠶᠠ ᠭᠠᠷᠤᠭᠰᠠᠨ  ᠰᠦᠭᠡᠵᠢ ᠭᠤᠸᠠᠢ ᠠᠮᠳᠠᠷᠬᠠᠨ ᠶᠠᠷᠢᠨ᠎ᠠ ᠃
           ᠨᠠᠢᠮᠠᠨ ᠬᠤᠰᠢᠭᠤᠨ ᠤ ᠤᠯᠠᠭᠠᠨᠮᠦ᠋ᠴᠢᠷ ᠦ᠋ᠨ ᠬᠢᠨ ᠦ ᠵᠣᠬᠢᠶᠠᠠ ᠪᠦᠳᠦᠭᠡᠭᠰᠡᠨ《  ᠰᠠᠬᠢᠨ  ᠪᠠᠷᠠᠯᠠᠵᠦ ᠬᠠᠷᠢᠯᠴᠠᠨ ᠬᠠᠪᠰᠤᠷᠤᠯᠴᠠᠬᠤ》 ᠪᠦᠵᠢᠭ  ᠂ 《 ᠤᠭ ᠰᠠᠨᠠᠭ᠎ᠠ ᠪᠠᠨ ᠮᠠᠷᠳᠠᠯ ᠦᠭᠡᠢ ᠂ ᠨᠠᠮ ᠢᠶᠡᠨ ᠡᠬᠦᠷᠢᠳᠠ ᠳᠠᠭᠠᠨᠨ᠎ᠠ》 ᠬᠡᠬᠦ ᠴᠠᠷᠭᠢᠯ ᠬᠣᠯᠪᠣᠭ᠎ᠠ  ᠂ 《 ᠨᠠᠢᠮᠠᠨ ᠤ ᠨᠠᠶᠢᠷ ᠤᠨ ᠳᠠᠭᠤᠤ 》《 ᠨᠠᠢᠮᠠᠨ ᠤ ᠳᠠᠯ᠎ᠠ ᠨᠤᠳᠤᠭ 》 ᠵᠡᠷᠭᠡ ᠳᠠᠭᠤᠤ ᠂ 《 ᠪᠠᠢ ᠬᠡᠤ  ᠭᠡ ᠭᠡ 》 ᠭᠡᠬᠦ ᠮᠤᠩᠭᠤᠯ  ᠵᠦᠴᠦᠭᠡ ᠂ 《 ᠪᠠᠷ ᠵᠢᠷᠤᠭ ᠤᠨ ᠵᠠᠬᠦᠳᠤ 》 ᠬᠡᠬᠦ ᠡᠮᠡᠭᠳᠡᠢ ᠶ᠋ᠢᠨ  ᠬᠠᠮᠳᠤ ᠶ᠋ᠢᠨ ᠪᠦᠵᠢᠭ ᠵᠡᠷᠭᠡ ᠤᠯᠠᠨ  ᠤᠯᠠᠨ ᠳᠤᠭᠯᠠᠯᠳᠠ ᠨᠢ  ᠪᠦᠬᠦ ᠬᠤᠰᠢᠭᠤᠨ ᠤ ᠠᠷᠠᠳ ᠤᠯᠠᠨ  ᠤ ᠰᠡᠳᠬᠢᠯ ᠳ᠋ᠦ ᠨᠠᠮ ᠤᠨ  ᠳᠠᠭᠤᠨ  ᠪᠠ  ᠠᠷᠠᠳ ᠲᠦ ᠠᠰᠢᠭ ᠬᠦᠷᠭᠡᠬᠦ  ᠲᠦᠷᠦ ᠶ᠋ᠢᠨ ᠪᠤᠳᠤᠯᠭ᠎ᠠ ᠶ᠋ᠢ  ᠳᠠᠮᠵᠢᠭᠤᠯᠤᠨ ᠠᠷᠠᠳ ᠤᠨ ᠰᠡᠳᠬᠢᠯ ᠳ᠋ᠦ ᠬᠠᠳᠠᠩᠰᠢᠭᠤᠯᠵᠤ ᠂ ᠦᠨᠳᠤᠰᠤᠳᠠᠨ ᠤ ᠤᠯᠠᠮᠵᠢᠯᠠᠯᠳᠤ ᠤᠭᠢ ᠰᠤᠳᠤᠨ ᠪᠦᠳᠦᠬᠡᠯ ᠢᠶ᠋ᠡᠷ ᠢᠶ᠋ᠡᠨ ᠤᠯᠠᠨ ᠦ  ᠪᠠᠨ ᠪᠠᠬᠠᠳᠤᠯ  ᠬᠦᠷᠢᠶᠠᠯᠠᠯ ᠢ ᠤᠯᠵᠦ ᠪᠤᠢ ᠃

         ᠵᠢᠯ ᠦᠨ ᠡᠬᠢᠨ ᠡᠴᠡ ᠤᠳᠤ ᠪᠤᠯᠳᠠᠯ᠎ᠠ ᠂  ᠨᠠᠢᠮᠠᠨ ᠬᠤᠰᠢᠭᠤᠨ ᠤ ᠤᠯᠠᠭᠠᠨᠮᠦ᠋ᠴᠢᠷ ᠦᠨᠳᠤᠰᠤᠨ ᠱᠠᠳᠤᠨ ᠳ᠋ᠤ ᠬᠦᠨᠵᠡᠭᠡᠶᠢᠷᠠᠨ ᠂ ᠨᠠᠶᠢᠳᠠ 60  ᠭᠠᠷᠤᠢ ᠠᠶᠢᠯ ᠳᠤᠰᠬᠤᠨ ᠳ᠋ᠤ ᠬᠦᠷᠴᠦ ᠳᠤᠭᠯᠠᠯᠳᠠ ᠭᠠᠷᠭᠠᠵᠦ ᠂ ᠳᠤᠭᠯᠠᠯᠳᠠ ᠶ᠋ᠢ ᠬᠦᠯᠢᠶᠠᠨ ᠦᠵᠡᠭᠰᠡᠳ ᠦᠨ ᠳᠤᠭ᠎ᠠ 3 ᠳᠦᠮᠠ ᠢᠯᠡᠬᠦᠦ ᠳ᠋ᠦ ᠬᠦᠷᠴᠠᠢ ᠃ ᠠᠮᠢᠳᠤᠷᠠᠯ ᠤᠨ ᠦᠩᠬᠡᠰᠢᠭ ᠬᠦᠷᠤᠰᠤᠨ  ᠳ᠋ᠤ ᠬᠦᠨ ᠦᠨᠳᠤᠰᠤ ᠬᠠᠳᠬᠤᠨ ᠂ ᠠᠷᠠᠳ ᠳᠦᠮᠡᠨ ᠳ᠋ᠦ ᠦᠢᠯᠡᠴᠢᠯᠡᠵᠦ  ᠂ ᠦᠨᠢ ᠡᠬᠦᠷᠢᠳᠠ ᠳᠠᠯ᠎ᠠ ᠨᠤᠳᠤᠭ ᠤᠨ《 ᠬᠤᠪᠢᠰᠬᠠᠯᠳᠤ ᠤᠳᠬ᠎ᠠ ᠤᠷᠠᠯᠢᠭ ᠤᠨ ᠬᠦᠩᠭᠡᠨ ᠮᠤᠷᠢᠳᠤ ᠴᠡᠷᠢᠭ 》 ᠪᠤᠯᠵᠦ ᠶᠠᠪᠤᠭ᠎ᠠ ᠤᠯᠠᠭᠠᠨᠮᠦ᠋ᠴᠢᠷ ᠤᠨ ᠳᠤᠭᠯᠠᠯᠳᠠ ᠨᠢ ᠬᠦᠳᠡᠭᠡ ᠳᠤᠰᠬᠤᠨ ᠤ ᠰᠤᠶᠤᠯ ᠤᠨ ᠠᠮᠢᠳᠤᠷᠠᠯ ᠢ  ᠪᠠᠶᠠᠯᠢᠭᠵᠢᠭᠤᠯᠵᠤ  ᠂ ᠦᠷᠭᠡᠨ ᠤᠯᠠᠨ ᠳᠦᠮᠡᠨ ᠦ ᠡᠳᠤᠷ ᠡᠴᠡ ᠢᠷᠡᠬᠦᠶ᠎ᠠ ᠱᠠᠭᠠᠷᠳᠠᠵᠦ ᠪᠠᠶᠢᠭ᠎ᠠ ᠤᠶᠤᠨ ᠤᠬᠠᠭᠠᠨ ᠰᠤᠶᠤᠯ ᠤᠨ ᠭᠡᠷᠡᠭᠴᠡᠭᠡ ᠶ᠋ᠢ ᠬᠠᠩᠭᠠᠵᠦ ᠪᠤᠢ   ᠃  

                                                              ᠪᠤᠤ ᠵᠢᠨ ᠯᠢᠶᠠᠨ ᠮᠠᠳᠠᠭᠡᠯᠡᠪᠠ













ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ