ᠨᠠᠢᠮᠠᠨ ᠬᠤᠰᠢᠭᠤ ᠄ ᠬᠠᠤᠯᠢ ᠪᠤᠰᠤ ᠪᠠᠷ ᠤᠯᠠᠡ ᠨᠠᠶᠢᠳᠠ ᠶ᠋ᠢᠨ ᠮᠦᠩᠬᠦ 10 ᠳ᠋ᠦᠩᠰᠢᠭᠤᠷ ᠳᠦᠭᠦᠷᠢᠭ ᠢ ᠠᠮᠢᠨ ᠳ᠋ᠤ ᠪᠠᠨ ᠰᠢᠩᠭᠡᠭᠡᠭᠰᠡᠨ ᠶᠠᠯᠠᠳᠠᠨ ᠢ ᠪᠠᠷᠢᠪᠴᠢᠯᠠᠪᠠ

ᠣᠩᠰᠢᠭᠰᠠᠨ ᠤᠳᠠᠭ᠎ᠠ ᠄ 2516     ᠨᠡᠶᠢᠳᠡᠯᠡᠭᠰᠡᠨ ᠴᠠᠭ ᠄ 2018/4/13 17:27:57



        11 ᠤ  ᠡᠳᠤᠷ ᠂ ᠰᠤᠷᠪᠤᠯᠵᠢᠯᠠᠭᠴᠢ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠳᠦᠩᠯᠢᠶᠤᠤ ᠬᠤᠳᠠ ᠶ᠋ᠢᠨ ᠨᠠᠢᠮᠠᠨ ᠬᠤᠰᠢᠭᠤᠨ ᠤ ᠳᠤᠳᠤᠭᠠᠤ ᠶ᠋ᠢ ᠬᠠᠮᠠᠭᠠᠯᠠᠬᠤ ᠳᠤᠪᠴᠢᠶᠠᠡ ᠡᠴᠡ ᠤᠶᠢᠯᠠᠭᠠᠭᠰᠠᠨ ᠢᠶᠠᠷ ᠂ ᠳᠤᠰ ᠳᠤᠪᠴᠢᠶ᠎ᠠ 9 ᠤ ᠡᠳᠤᠷ ᠂ ᠬᠠᠤᠯᠢ ᠪᠤᠰᠤ ᠪᠠᠷ ᠤᠯᠠᠡ ᠨᠠᠶᠢᠳᠠ ᠶ᠋ᠢᠨ ᠮᠦᠩᠬᠦ 10 ᠳ᠋ᠦᠩᠰᠢᠭᠤᠷ ᠳᠦᠭᠦᠷᠢᠭ ᠢ ᠠᠮᠢᠨ ᠳ᠋ᠤ ᠪᠠᠨ ᠰᠢᠩᠭᠡᠭᠡᠳ ᠳᠤᠳᠠᠭᠠᠵᠦ ᠪᠠᠶᠢᠭᠰᠠᠨ 1 ᠨᠠᠷᠡᠰ ᠰᠡᠵᠢᠭᠯᠡᠭᠳᠡᠭᠴᠢ ᠶ᠋ᠢ ᠪᠠᠷᠢᠪᠴᠢᠯᠠᠪᠠ ᠃
       ᠤᠶᠢᠯᠠᠭᠠᠭᠰᠠᠨ ᠢᠶᠠᠷ ᠂ 2017 ᠤᠨ ᠤ 11 ᠰᠠᠷ᠎ᠠ ᠶ᠋ᠢᠨ 30 ᠦ ᠡᠳᠤᠷ ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠦᠭᠡᠬᠤᠳᠠ ᠬᠤᠳᠠ ᠶ᠋ᠢᠨ ᠳᠤᠳᠤᠭᠠᠤ ᠶ᠋ᠢ ᠬᠠᠮᠠᠭᠠᠯᠠᠬᠤ ᠳᠤᠪᠴᠢᠶᠠᠡ ᠦ  ᠰᠠᠶᠢᠬᠠᠨ ᠰᠠᠯᠪᠤᠷᠢ ᠳᠤᠪᠴᠢᠶ᠎ᠠ ᠤᠯᠠᠨ  ᠠᠷᠠᠳ ᠤᠨ ᠬᠡᠷᠡᠭ ᠮᠡᠳᠡᠭᠦᠯᠤᠭᠰᠡᠨ ᠢᠶᠠᠷ ᠄
       ᠬᠦᠭᠡᠬᠤᠳᠠ ᠬᠤᠳᠠ ᠶ᠋ᠢᠨ ᠨᠢᠭᠡᠨ ᠰᠤᠶᠤᠯ ᠵᠠᠭᠤᠴᠢ ᠶ᠋ᠢᠨ ᠬᠢᠵᠠᠭᠠᠷᠳᠤ ᠺᠤᠮᠫᠠᠨᠢ  ᠂ ᠺᠤᠮᠫᠠᠨᠢ ᠶ᠋ᠢᠨ ᠪᠠᠶᠠᠷ ᠪᠠᠯᠭᠡᠯᠡᠬᠦ ᠬᠦᠳᠡᠯᠭᠡᠭᠡᠨ ᠳᠤᠮᠳᠠ ᠳᠤᠷᠠᠰᠬᠠᠯ ᠤᠨ ᠪᠤᠳᠠᠰ ᠬᠦᠷᠭᠡᠬᠦ ᠪᠠᠷ ᠰᠢᠯᠳᠠᠭ ᠪᠤᠯᠭᠠᠨ ᠂ ᠰᠠᠷ᠎ᠠ ᠶ᠋ᠢᠨ ᠬᠦᠦ ᠵᠠᠭᠠᠤᠨ ᠤ ᠳᠠᠪᠢ ᠤᠷᠴᠢᠮ ᠢᠶᠠᠷ ᠡᠠᠰᠵᠭ ᠬᠤᠠᠵᠵᠪᠤᠷᠢ ᠤᠯᠬᠤ ᠦᠳᠦᠭᠡᠯᠭᠡ ᠪᠠᠷ ᠂ ᠤᠯᠠᠨ ᠬᠦᠮᠤᠰ ᠲᠦ ᠤᠳᠠᠰᠤ ᠠᠪᠴᠤ ᠺᠤᠮᠫᠠᠨᠢ ᠳ᠋ᠤ ᠪᠠᠨ ᠢᠷᠡᠬᠦᠯᠵᠦ  ᠂ ᠶᠢᠤᠫᠢᠶᠤᠤ ᠂ ᠦᠰᠦᠭ ᠵᠢᠷᠤᠭ ᠵᠡᠷᠭᠡ ᠶ᠋ᠢ ᠬᠤᠳᠠᠯᠳᠤᠵᠡᠢ ᠃ ᠡᠬᠦᠨ ᠳ᠋ᠦ ᠤᠯᠠᠨ ᠳᠤᠭᠠᠨ ᠤ ᠬᠦᠮᠦᠨ ᠦᠨᠠᠨ ᠪᠤᠳᠠᠳᠠᠢ ᠪᠤᠳᠠᠰ ᠢ ᠨᠢ ᠤᠯᠵᠦ ᠬᠠᠷᠠᠭᠰᠠᠨ ᠦᠭᠡᠢ ᠂  ᠳᠤᠰ ᠺᠤᠮᠫᠠᠨᠢ ᠳ᠋ᠤ ᠬᠦᠷᠦᠭᠰᠡᠨ ᠳ᠋ᠦ ᠬᠠᠷᠢᠨ ᠶᠠᠭᠤ ᠴᠤ ᠦᠭᠡᠢ ᠪᠠᠶᠢᠯ᠎ᠠ ᠃
      ᠴᠠᠭᠳᠠᠭᠠᠨ ᠳᠠᠯ᠎ᠠ ᠶ᠋ᠢᠨ ᠪᠠᠶᠢᠴᠠᠭᠠᠯᠳᠠ ᠪᠠᠷ ᠂ ᠳᠤᠰ ᠭᠡᠷᠡᠭ ᠲᠦ ᠬᠤᠯᠪᠤᠭᠳᠠᠭᠰᠠᠨ ᠬᠣᠬᠢᠷᠠᠯ ᠠᠮᠰᠠᠭᠴᠢ 2000 ᠤᠷᠴᠢᠮ ᠬᠦᠮᠦᠨ  ᠂  ᠬᠤᠯᠪᠤᠭᠳᠠᠭᠰᠠᠨ ᠵᠤᠭᠤᠰ ᠮᠦᠩᠬᠦ 10 ᠳ᠋ᠦᠩᠰᠢᠭᠤᠷ ᠳᠦᠭᠦᠷᠢᠭ ᠲᠦ ᠬᠦᠷᠴᠡᠢ ᠃ ᠤᠳᠤᠬᠠᠨ ᠳ᠋ᠤ ᠳᠤᠰ ᠶᠠᠯᠠᠲᠤ ᠪᠦᠯᠬᠦᠮ ᠤᠨ ᠶᠡᠭᠡᠩᠬᠡᠢ ᠭᠡᠰᠢᠬᠦᠨ ᠨᠢ ᠪᠦᠷ ᠪᠠᠷᠢᠪᠴᠢᠯᠠᠭᠳᠠᠭᠰᠠᠨ ᠪᠤᠯᠪᠠᠴᠤ ᠂  ᠭᠤᠤᠯ ᠶᠠᠯ᠎ᠠ ᠬᠢᠭᠰᠡᠨ ᠰᠡᠵᠢᠭᠯᠡᠭᠳᠡᠭᠴᠢ  ᠰᠤ᠋ ×××ᠶᠠᠯ᠎ᠠ ᠡᠴᠠ ᠪᠠᠨ ᠠᠶᠤᠵᠤ ᠤᠷᠭᠤᠨ ᠳᠤᠲᠠᠭᠠᠵᠡᠢ ᠃ ᠳᠠᠷᠡ ᠳᠠᠷᠤᠢ ᠬᠦᠭᠡᠬᠤᠳᠠ ᠬᠤᠳᠠ ᠶ᠋ᠢᠨᠳᠤᠳᠤᠭᠠᠤ ᠶ᠋ᠢ ᠬᠠᠮᠠᠭᠠᠯᠠᠬᠤ ᠳᠤᠪᠴᠢᠶᠠᠡ ᠦ ᠰᠠᠶᠢᠬᠠᠨ ᠰᠠᠯᠪᠤᠷᠢ ᠳᠤᠪᠴᠢᠶ᠎ᠠ ᠳᠤᠤᠷ ᠰᠦᠯᠵᠢᠶᠠᠨ ᠳᠡᠭᠡᠷ᠎ᠡ  ᠨᠡᠭᠡᠮᠵᠢᠯᠡᠨ ᠪᠠᠷᠢᠪᠴᠢᠯᠠᠯ᠎ᠠ  ᠭᠡᠰᠠᠨ ᠪᠠᠶᠢᠨ᠎ᠠ ᠃
2018 ᠤᠨ ᠤ 4 ᠰᠠᠷ᠎ᠠ ᠶ᠋ᠢᠨ 9 ᠦ ᠡᠳᠤᠷ ᠂ ᠨᠠᠢᠮᠠᠨ ᠬᠤᠰᠢᠭᠤᠨ ᠤ ᠳᠤᠳᠤᠭᠠᠤ ᠶ᠋ᠢ ᠬᠠᠮᠠᠭᠠᠯᠠᠬᠤ ᠳᠤᠪᠴᠢᠶᠠᠡ ᠤ ᠳᠦᠴᠸᠩᠽᠢ ᠳᠣᠮᠢᠯᠠᠬᠰᠠᠠ ᠰᠠᠯᠪᠤᠷᠢ ᠶ᠋ᠢᠨ ᠡᠠᠷᠠᠣᠠ ᠤᠠ ᠴᠠᠬᠳᠠᠭ᠎ᠠ ᠡᠳᠦᠷ ᠳᠤᠳᠤᠮ ᠤᠨ  ᠬᠢᠨᠠᠨ ᠪᠠᠶᠢᠴᠠᠭᠠᠬᠤ ᠠᠵᠢᠯ ᠢᠶᠡᠨ ᠪᠠᠶᠠᠯᠠᠬᠦᠯᠵᠦ  ᠪᠠᠶᠢᠭᠠᠳ ᠂  ᠰᠤ᠋ ××× ᠶ᠋ᠢᠨ ᠪᠠᠷ᠎ᠡ ᠲᠤᠷᠤ ᠶ᠋ᠢ ᠠᠩᠬᠠᠷᠤᠨ  ᠮᠠᠳᠠᠬᠦ ᠶ᠋ᠢᠨ ᠬᠠᠮᠳᠤ ᠪᠠᠰᠠ ᠠᠮᠵᠢᠯᠳᠠ ᠲᠠᠢ  ᠪᠠᠷ ᠪᠠᠷᠢᠪᠴᠢᠯᠠᠨ ᠠᠪᠤᠪᠠ ᠃  ᠰᠤ᠋ ×××  ᠦᠪᠠᠷ ᠤᠨ ᠬᠢᠭᠰᠡᠨ  ᠶᠠᠯᠠᠳᠤ ᠭᠡᠷᠡᠭ ᠢᠶᠡᠨ ᠨᠢᠭᠤᠯᠲᠠ ᠦᠭᠡᠢ  ᠪᠦᠷᠢᠮᠦᠰᠦᠨ  ᠵᠥᠪᠰᠢᠶᠡᠷᠡᠵᠡᠢ ᠃ ᠤᠳᠤᠬᠠᠨ ᠳ᠋ᠤ ᠂ ᠶᠠᠯ᠎ᠠ ᠬᠢᠭᠰᠡᠨ ᠰᠡᠵᠢᠭᠯᠡᠭᠳᠡᠭᠴᠢ  ᠰᠤ᠋ ××× ᠴᠠᠭᠳᠠᠭᠠᠨ ᠳᠠᠯ᠎ᠠ ᠳ᠋ᠤ ᠬᠠᠤᠯᠢ ᠶᠤᠰᠤᠭᠠᠷ ᠡᠷᠠᠬᠦᠤ ᠵᠢᠠ ᠬᠡᠷᠡᠭ ᠵᠢᠠᠷ ᠳᠣᠢᠷ  ᠬᠤᠷᠢᠭᠳᠠᠭᠰᠠᠨ ᠪᠠᠶᠢᠨ᠎ᠠ ᠃ (  ᠪᠤᠤ ᠵᠢᠨ ᠯᠢᠶᠠᠨ)
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ