ᠮᠤᠩᠭᠤᠯᠴᠤᠳ ᠠᠩᠬᠠᠷᠤᠯ ᠳ᠋ᠦ ᠪᠠᠨ ᠠᠪᠬᠤ ᠬᠤᠶᠠᠷ ᠰᠢᠨ᠎ᠠ ᠸᠢᠴᠡᠲ ᠳᠡᠪᠴᠠᠩ ᠲᠠᠢ ᠪᠤᠯᠤᠯ᠎ᠠ

ᠣᠩᠰᠢᠭᠰᠠᠨ ᠤᠳᠠᠭ᠎ᠠ ᠄ 2967     ᠨᠡᠶᠢᠳᠡᠯᠡᠭᠰᠡᠨ ᠴᠠᠭ ᠄ 2018/4/10 15:11:40         3 ᠰᠠᠷ᠎ᠠ 13  ᠦ ᠡᠳᠤᠷ ᠡᠴᠡ ᠡᠬᠢᠯᠡᠨ ᠂ ᠲᠦᠩᠯᠢᠶᠣᠣ ᠡᠳᠤᠷ ᠤᠨ ᠰᠤᠨᠢᠨ ᠤ ᠮᠤᠩᠭᠤᠯ ᠬᠡᠪᠯᠡᠯ ᠦᠨ《  ᠦᠳᠡᠰᠢ ᠶ᠋ᠢᠨ ᠵᠤᠭᠤᠭ》《 ᠠᠯᠳᠠᠨ ᠵᠢᠷᠢᠮ ᠪᠤᠯᠵᠤᠭ᠎ᠠ》 ᠬᠤᠶᠠᠷ  ᠸᠢᠴᠡᠲ  ᠳᠡᠪᠴᠠᠩ   ᠪᠦᠬᠦ ᠮᠤᠩᠭᠤᠯᠴᠤᠳ ᠲᠠᠢ ᠪᠠᠨ ᠵᠤᠯᠭᠠᠯ᠎ᠠ ᠃ ᠳᠤᠰ ᠬᠤᠶᠠᠷ ᠸᠢᠴᠡᠲ ᠳᠡᠪᠴᠠᠩ ᠴᠤᠯᠤ ᠮᠤᠩᠭᠤᠯ ᠦᠭᠡ ᠬᠡᠯᠡ ᠦᠰᠦᠭ ᠪᠢᠴᠢᠭ ᠢᠶ᠋ᠡᠷ ᠮᠤᠩᠭᠤᠯ ᠤᠯᠠᠨ ᠳᠦᠮᠡᠨ ᠳ᠋ᠦ ᠪᠠᠨ ᠰᠤᠨᠢᠨ ᠮᠠᠳᠡᠭᠡ ᠂ ᠰᠤᠶᠤᠯ ᠮᠠᠳᠡᠯᠭᠡ ᠬᠠᠩᠭᠠᠵᠦ ᠂ ᠬᠤᠷᠴᠢᠨ ‍ᠤ  ᠰᠤᠶᠤᠯ ᠢ ᠤᠯᠠᠮᠵᠢᠯᠠᠨ ᠪᠠᠳᠠᠷᠠᠭᠤᠯᠬᠤ ᠪᠠᠷ ᠵᠤᠷᠢᠯᠭ᠎ᠠ ᠪᠤᠯᠭᠠᠭᠰᠠᠨ ᠪᠠᠶᠢᠨ᠎ᠠ ᠃
         ᠡᠷᠬᠢᠮ ᠤᠯᠠᠨ ᠮᠤᠩᠭᠤᠯᠴᠤᠳ ᠮᠢᠨᠢ ᠂ ᠳᠤᠰ ᠬᠤᠶᠠᠷ ᠸᠢᠴᠡᠲ ᠳᠡᠪᠴᠠᠩ ᠢᠶ᠋ᠡᠨ ᠠᠩᠬᠠᠷᠤᠯ ᠳ᠋ᠤ ᠪᠠᠨ
 ᠠᠪᠴᠦ ᠂  ᠰᠤᠨᠤᠷᠳᠠᠨ ᠳᠠᠭᠠᠯᠠᠬᠤ ᠶ᠋ᠢᠨ ᠬᠠᠮᠳᠤ ᠂  ᠮᠤᠩᠭᠤᠯ ᠳᠦᠮᠡᠨ ᠳ᠋ᠦ ᠪᠠᠨ ᠤᠬᠠᠭᠤᠯᠵᠦ ᠪᠠᠶᠢᠭᠠᠷᠠᠢ ︕ ᠪᠠᠰᠠ ᠳᠠᠪᠴᠡᠩ ᠳ᠋ᠤ  ᠪᠠᠨ  ᠨᠠᠶᠢᠴᠠᠬᠦ  ᠡᠬᠡ  ᠨᠤᠤᠷᠠᠭ  ᠢᠶᠡᠨ ᠬᠠᠷᠠᠭᠠᠯᠵᠠᠭᠰᠠᠨ ᠰᠢᠤᠳᠠᠨ ᠬᠠᠶᠢᠷᠴᠠᠭ
 ᠢᠯᠡᠬᠡᠵᠦ ᠪᠤᠯᠤᠨ᠎ᠠ ᠃

         ᠡᠬᠦᠨ ᠦ ᠬᠠᠮᠳᠤ ᠂ ᠨᠠᠢᠮᠠᠨ  ᠬᠤᠰᠢᠭᠤᠨ ᠤ  ᠪᠠᠨ ᠵᠠᠰᠠᠭ ᠤᠨ ᠶᠠᠪᠤᠳᠠᠯ ᠂ ᠰᠤᠨᠢᠨ ᠮᠠᠳᠡᠭᠡ ᠂ ᠰᠤᠶᠤᠯ ᠤᠷᠠᠯᠢᠭ ᠵᠡᠷᠭᠡ ᠠᠭᠤᠯᠭ᠎ᠠ ᠶ᠋ᠢ ᠮᠤᠩᠭᠤᠯ ᠬᠡᠯᠡᠨ ᠪᠡᠷ  ᠤᠩᠰᠢᠶ᠎ᠠ  ᠭᠡᠪᠡᠯ ᠂ ᠨᠠᠢᠮᠠᠨ  ᠰᠦᠯᠵᠢᠶ᠎ᠠ ᠮᠤᠩᠭᠤᠯ ᠬᠡᠪᠯᠡᠯ ᠳ᠋ᠦ ᠪᠠᠨ  (  ᠰᠦᠯᠵᠢᠶᠠᠨ  ᠬᠠᠶᠢᠭ  ᠄  http://www.nmmgyw.com/    

 ᠡᠬᠡ  ᠨᠤᠤᠷᠠᠭ  ᠢᠯᠡᠬᠡᠬᠦ  ᠰᠢᠤᠳᠠᠨ  ᠬᠠᠶᠢᠷᠴᠠᠭ  ᠄       nmmgyw@126.com )
 ᠠᠩᠬᠠᠷᠤᠯ ᠢᠶᠡᠨ ᠬᠠᠨᠳᠤᠭᠤᠯᠤᠭᠠᠷᠠᠢ ︕  ᠰᠦᠯᠵᠢᠶᠠᠨ  ᠬᠠᠶᠢᠭ  ᠢᠶᠠᠷ  ᠡᠷᠢᠵᠦ ᠤᠩᠰᠢᠬᠤ ᠡᠴᠡ ᠭᠠᠳᠠᠨ᠎ᠠ ᠂
 《 ᠠᠮᠢᠵᠢᠷᠠᠯ ᠪᠢᠯᠬᠠᠭᠰᠠᠨ ᠨᠠᠢᠮᠠᠨ》ᠸᠢᠴᠡᠲ ᠳᠡᠪᠴᠠᠩ  ᠤᠨ ᠳᠤᠤᠷ᠎ᠠ ᠳᠠᠯ᠎ᠠ ᠳ᠋ᠡᠬᠢ《ᠠᠯᠪᠠᠨ ᠳᠤᠤᠷ
 ᠰᠦᠯᠵᠢᠶ᠎ᠠ》 ᠪᠠᠷ ᠤᠩᠰᠢᠯᠭ᠎ᠠ ᠬᠢᠵᠦ ᠪᠤᠯᠤᠨ᠎ᠠ ᠃ ᠭᠠᠷ ᠤᠳᠠᠰᠤ ᠪᠠᠷ ᠤᠩᠰᠢᠯᠭ᠎ᠠ ᠬᠢᠪᠡᠯ ᠵᠣᠢᠬᠡᠯᠠᠠ
ᠳᠣᠨᠣᠭ ᠤᠨ ᠤᠷᠰᠢᠭ ᠡᠴᠡ ᠵᠠᠷᠢᠮ ᠦᠰᠦᠭ ᠨᠢ ᠪᠤᠷᠤᠭᠤ ᠢᠯᠡᠷᠡᠳᠡᠭ ᠪᠠᠶᠢᠭ᠎ᠠ ᠶ᠋ᠢ ᠠᠭᠤᠴᠢᠯᠠᠬᠤ ᠪᠤᠯᠪᠠᠤ ︕

                                                                ᠪᠤᠤ ᠵᠢᠨ ᠯᠢᠶᠠᠨ

        
         
      


 
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ