ᠨᠠᠢᠮᠠᠨ ᠬᠤᠰᠢᠭᠤᠨ ᠤ ᠠᠷᠠᠯᠵᠢᠶᠠᠴᠢᠨ ᠤᠷᠢᠵᠤ ᠭᠡᠷ᠎ᠡ ᠳᠣᠬᠲᠠᠬᠰᠠᠨ ᠮᠦᠩᠬᠦ 91.7 ᠳ᠋ᠦᠩᠰᠢᠭᠤᠷ ᠲᠥᠭᠦᠷᠢᠭ ᠲᠦ ᠬᠦᠷᠴᠦ ᠪᠠᠶᠢᠨ᠎ᠠ

ᠣᠩᠰᠢᠭᠰᠠᠨ ᠤᠳᠠᠭ᠎ᠠ ᠄ 2650     ᠨᠡᠶᠢᠳᠡᠯᠡᠭᠰᠡᠨ ᠴᠠᠭ ᠄ 2018/4/10 14:47:56


       ᠵᠢᠯ ᠦᠨ ᠡᠬᠢᠨ ᠡᠴᠡ ᠨᠠᠰᠢ ᠂ ᠨᠠᠢᠮᠠᠨ ᠬᠤᠰᠢᠭᠤᠨ ᠤ  ᠠᠷᠠᠯᠵᠢᠶᠠᠴᠢᠨ ᠤᠷᠢᠬᠤ 5 ᠲᠤᠰᠬᠠᠢ ᠬᠣᠪᠢᠶᠠᠷᠢ ᠳᠣᠪᠴᠢᠶ᠎ᠠ ᠪᠣᠯᠣᠨ  ᠬᠦᠳᠡᠭᠡ ᠲᠣᠰᠬᠤᠨ ᠤ ᠠᠵᠤ ᠠᠬᠤᠢ ᠶ᠋ᠢᠨ ᠭᠠᠳᠠᠬᠰᠢ ᠭᠠᠷᠴᠤ ᠠᠷᠠᠯᠵᠢᠶᠠᠴᠢᠨ ᠤᠷᠢᠬᠤ 10 ᠳᠤᠭᠤᠶᠢᠯᠠᠩ ᠦ᠋ᠨ 100 ᠭᠠᠷᠤᠢ ᠠᠵᠢᠯᠳᠠᠳ ᠠᠷᠠᠯᠵᠢᠶᠠᠴᠢᠨ  ᠤᠷᠢᠬᠤ ᠠᠶᠠᠨ ᠵᠠᠮ ᠳ᠋ᠦ ᠪᠠᠨ ᠮᠣᠷᠳᠠᠨ  ᠂ ᠡᠬᠡ ᠭᠠᠵᠠᠷ ᠤᠨ ᠡᠮᠦᠨ᠎ᠡ ᠣᠮᠠᠷ᠎ᠠ ᠂ ᠴᠠᠭᠠᠨ ᠬᠡᠷᠡᠮ ᠦᠨ ᠳᠣᠲᠤᠨ᠎ᠠ ᠭᠠᠳᠠᠨ᠎ᠠ ᠬᠦᠷᠴᠦ ᠂  ᠡᠮ ᠡᠮᠨᠡᠯᠭᠡ ᠂ ᠢᠳᠡᠭᠡᠨ ᠦ ᠲᠥᠷᠥᠯ ᠂ ᠰᠢᠨ᠎ᠡ ᠮᠠᠲ᠋ᠸᠷᠢᠶᠠᠯ ᠂ ᠰᠢᠨ᠎ᠡ ᠡᠨ᠋ᠸᠷᠭᠢ ᠵᠡᠷᠭᠡ ᠨᠢᠭᠡᠨ ᠪᠦᠯᠦᠭ ᠠᠷᠠᠯᠵᠢᠶᠠᠴᠢᠳ ᠢ ᠤᠷᠢᠨ ᠠᠪᠴᠢᠷᠠᠵᠤ ᠂ ᠪᠦᠬᠦ ᠬᠤᠰᠢᠭᠤᠨ ᠤ ᠭᠡᠷ᠎ᠡ ᠳᠣᠬᠲᠠᠬᠰᠠᠨ ᠲᠥᠷᠥᠯ ᠵᠦᠢᠯ ᠣᠳᠣᠬᠠᠨ ᠳ᠋ᠦ  ᠨᠢᠭᠡᠨᠳᠠ 18 ᠪᠣᠯᠵᠤ ᠂ ᠭᠡᠷ᠎ᠡ ᠶ᠋ᠢᠨ  ᠮᠦᠩᠬᠦ 91.7 ᠳ᠋ᠦᠩᠰᠢᠭᠤᠷ ᠲᠥᠭᠦᠷᠢᠭ ᠲᠦ ᠬᠦᠷᠴᠦ ᠂ ᠪᠦᠬᠦ ᠬᠤᠰᠢᠭᠤᠨ ᠤ ᠠᠵᠤ ᠤᠶᠢᠯᠡᠰ ᠤᠨ ᠪᠦᠳᠦᠴᠡ ᠶ᠋ᠢᠨ ᠳᠡᠰ ᠳᠠᠪᠰᠢᠯᠲᠠ ᠳ᠋ᠦ ᠠᠮᠢᠳᠤ ᠬᠦᠴᠦᠨ ᠢ ᠣᠯᠭᠤᠵᠠᠢ ᠃   ( ᠪᠤᠶᠠᠨᠴᠤᠬᠯᠠ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ