ᠰᠤᠷᠤᠬᠴᠢᠤᠨ ᠤᠨ ᠥᠪᠡᠷ ᠢ ᠪᠡᠨ ᠢᠲᠡᠭᠡᠬᠦ ᠵᠣᠷᠢᠭ ᠢ ᠡᠷᠴᠢᠯᠡᠪᠡᠯ ᠵᠣᠬᠢᠨ᠎ᠠ

ᠣᠩᠰᠢᠭᠰᠠᠨ ᠤᠳᠠᠭ᠎ᠠ ᠄ 2572     ᠨᠡᠶᠢᠳᠡᠯᠡᠭᠰᠡᠨ ᠴᠠᠭ ᠄ 2018/3/22 8:59:52


     ᠳᠣᠮᠳᠠᠳᠤ ᠪᠠᠭ᠎ᠠ ᠰᠤᠷᠭᠠᠭᠤᠯᠢ ᠶ᠋ᠢᠨ ᠵᠢᠭᠠᠨ ᠰᠤᠷᠭᠠᠬᠤ ᠠᠵᠢᠯ ᠳ᠋ᠦ ᠡᠷᠬᠡᠪᠰᠢ ᠰᠤᠷᠤᠬᠴᠢᠤᠨ ᠤᠨ ᠰᠤᠷᠤᠯᠴᠠᠬᠤ ᠢᠳᠡᠪᠬᠢᠵᠢᠯ ᠢ ᠭᠦᠢᠴᠡᠳ ᠪᠠᠳᠠᠷᠠᠭᠤᠯᠬᠤ ᠬᠡᠷᠡᠭᠲᠡᠢ ᠃ ᠰᠤᠷᠤᠬᠴᠢᠤᠨ ᠤᠨ ᠰᠤᠷᠤᠯᠴᠠᠬᠤ ᠢᠳᠡᠪᠬᠢᠵᠢᠯ ᠢ ᠪᠠᠳᠠᠷᠠᠭᠤᠯᠬᠤ ᠳ᠋ᠦ ᠵᠠᠪᠠᠯ ᠲᠡᠳᠡᠨ ᠦ ᠥᠪᠡᠷ ᠢ ᠪᠡᠨ ᠢᠲᠡᠭᠡᠬᠦ ᠵᠣᠷᠢᠭ ᠢ ᠬᠦᠭᠵᠢᠭᠡᠵᠦ ᠣᠷᠮ᠎ᠠ ᠪᠠᠬᠠᠲᠠᠢ ᠰᠤᠷᠤᠯᠴᠠᠭᠤᠯᠬᠤ ᠬᠡᠷᠡᠭᠲᠡᠢ ᠃
     ᠭᠡᠲᠡᠯ᠎ᠡ ᠬᠠᠶᠠ ᠵᠠᠷᠢᠮ ᠪᠠᠭᠰᠢ ᠡᠨᠡ ᠲᠠᠯ᠎ᠠ ᠪᠠᠷ ᠠᠩᠬᠠᠷᠤᠮᠵᠢ ᠪᠠᠷ ᠲᠤᠲᠠᠮᠠᠭ ᠪᠠᠶᠢᠵᠤ ᠂ ᠠᠷᠭ᠎ᠠ ᠮᠠᠶᠢᠭ ᠨᠢ ᠵᠣᠬᠢᠰ ᠦᠭᠡᠢ ᠬᠡᠳᠦᠷᠬᠡᠢ ᠪᠦᠳᠦᠭᠦᠯᠢᠭ ᠪᠠᠶᠢᠵᠤ ᠂ ᠰᠤᠷᠤᠬᠴᠢᠤᠨ ᠤᠨ ᠥᠪᠡᠷ ᠢ ᠪᠡᠨ ᠢᠲᠡᠭᠡᠬᠦ ᠵᠣᠷᠢᠭ ᠢ ᠠᠮᠠᠷᠬᠠᠨ ᠮᠢᠲᠠᠷᠠᠭᠤᠯᠳᠠᠭ ᠪᠠᠶᠢᠨ᠎ᠠ ᠃ ᠡᠭᠦᠨ ᠳ᠋ᠦ ᠵᠠᠷᠢᠮ ᠪᠠᠭᠰᠢ ᠰᠤᠷᠤᠬᠴᠢᠤᠨ ᠤᠨ ᠬᠦᠷᠦᠯᠴᠡᠬᠦ ᠦᠭᠡᠢ ᠳᠣᠲᠠᠬᠳᠠᠯ ᠲᠠᠢ ᠲᠠᠯ᠎ᠠ ᠶ᠋ᠢ ᠯᠠ ᠣᠯᠵᠤ ᠦᠵᠡᠭᠡᠦᠨ ᠰᠠᠶᠢᠨ ᠲᠠᠯ᠎ᠠ ᠶ᠋ᠢ ᠨᠢ ᠦᠨᠡᠯᠡᠬᠦ ᠦᠭᠡᠢ ᠪᠠᠶᠢᠳᠠᠭ ᠃ ᠰᠤᠷᠤᠬᠴᠢᠤᠨ ᠤᠨ ᠳᠠᠰᠬᠠᠯ ᠳᠠᠭᠠᠭᠠᠯᠭᠠᠪᠤᠷᠢ ᠶ᠋ᠢᠨ ᠲᠠᠰᠢᠶ᠎ᠠ ᠪᠤᠷᠤᠭᠤ ᠶ᠋ᠢ ᠨᠢ ᠪᠣᠰᠣᠤᠨ ᠤᠨ ᠡᠮᠦᠨ᠎ᠡ ᠨᠡᠷ᠎ᠡ ᠳᠤᠷᠠᠳᠤᠨ ᠰᠢᠭᠦᠮᠵᠢᠯᠡᠵᠦ ᠂ ᠲᠡᠳᠡᠨ ᠦ ᠪᠠᠷᠤᠬᠲᠠᠢ ᠪᠢᠴᠢᠭᠰᠡᠨ ᠵᠣᠬᠢᠶᠠᠯ ᠢ ᠣᠯᠠᠨ ᠤ ᠡᠮᠦᠨ᠎ᠡ ᠤᠩᠰᠢᠨ ᠨᠡᠶᠢᠲᠡᠯᠡᠬᠦ ᠪᠤᠶᠤ ᠴᠢᠨᠠᠬᠰᠢᠯᠠᠨ ᠵᠠᠷᠢᠮ ᠰᠤᠷᠤᠬᠴᠢ ᠶ᠋ᠢ ︿ ︿ ᠦᠬᠦᠮᠡᠯ ᠳᠠᠷᠢᠬᠢ ﹀ ﹀ ᠂ ︿ ︿ ᠰᠤᠷᠬᠤ ᠤᠳᠤᠮ ᠪᠢᠰᠢ ﹀ ﹀ ᠭᠡᠬᠦ ᠮᠡᠳᠥ ᠪᠡᠷ ᠣᠯᠠᠨ ᠤ ᠡᠮᠦᠨ᠎ᠡ ᠤᠯᠠᠶᠢᠵᠤ ᠴᠠᠶᠢᠲᠠᠯ᠎ᠠ ᠰᠢᠭᠦᠮᠵᠢᠯᠡᠨ ᠳᠣᠩᠭᠣᠤᠨᠳᠠᠭ ᠃ ᠪᠠᠰᠠ ᠰᠤᠷᠭᠠᠭᠤᠯᠢ ᠲᠠᠷᠬᠠᠬᠰᠠᠨ ᠴᠤ ᠳᠠᠩᠳᠠ ᠦᠯᠡᠳᠡᠭᠡᠨ ᠠᠪᠴᠤ ᠳᠠᠰᠬᠠᠯ ᠬᠢᠯᠭᠡᠨ ᠪᠢᠴᠢᠭᠦᠯᠵᠦ ᠂ ᠤᠩᠰᠢᠭᠣᠯᠬᠤ  ᠪᠤᠶᠤ ︿ ︿ ᠰᠤᠷᠭᠠᠯ ﹀ ﹀ ᠬᠠᠶᠢᠷᠠᠯᠠᠳᠠᠭ ᠃ ᠡᠨᠡ ᠪᠣᠯ ᠰᠤᠷᠤᠬᠴᠢᠤᠨ ᠤᠨ ᠥᠪᠡᠷ ᠢ ᠪᠡᠨ ᠢᠲᠡᠭᠡᠬᠦ ᠵᠣᠷᠢᠭ ᠢ  ᠰᠤᠯᠠᠷᠠᠭᠤᠯᠵᠤ ᠂ ᠰᠤᠷᠤᠯᠴᠠᠬᠤ ᠣᠷᠮ᠎ᠠ ᠵᠣᠷᠢᠭ ᠢ ᠨᠢ ᠮᠣᠬᠤᠭᠠᠳᠠᠭ ᠲᠤᠶᠢᠯ ᠤᠨ ᠪᠣᠷᠤᠭᠤ ᠬᠢᠳᠡᠯ ᠶᠤᠮ ᠃ ᠢᠩᠭᠢᠬᠦ ᠨᠢ ᠪᠠᠭᠰᠢ ᠶ᠋ᠢᠨ ᠪᠣᠳᠤᠬᠰᠠᠨ ᠰᠤᠷᠭᠠᠶ᠎ᠠ ᠭᠡᠰᠡᠨ ᠰᠠᠶᠢᠨ ᠰᠠᠨᠠᠭᠠᠨ ᠳ᠋ᠦ ᠬᠦᠷᠬᠦ ᠳ᠋ᠦ ᠬᠦᠴᠢᠷᠲᠡᠢ ᠪᠠᠶᠢᠳᠠᠭ ᠃
       ᠪᠠᠭᠰᠢ ᠪᠣᠯᠤᠬᠰᠠᠤᠨ ᠰᠤᠷᠤᠬᠴᠢᠤᠨ ᠤᠨ ᠢᠶᠡᠨ ᠥᠪᠡᠷᠮᠢᠴᠡ ᠰᠡᠦᠨᠬᠢᠯᠭᠡ ᠶ᠋ᠢᠨ ᠣᠨᠴᠠᠯᠢᠭ ᠢ ᠰᠠᠶᠢᠳᠤᠷ ᠤᠶᠢᠯᠠᠭᠠᠵᠤ ᠂ ᠪᠠᠶᠢᠳᠠᠯ ᠳ᠋ᠦ᠋ᠨᠢ ᠲᠣᠬᠢᠷᠠᠭᠤᠯᠤᠨ ᠠᠳᠠᠯᠢ ᠪᠣᠰᠤ ᠪᠠᠷ ᠱᠠᠭᠠᠷᠳᠠᠵᠤ ᠂ ᠲᠡᠳᠡᠨ ᠢ ᠦᠨᠡᠨᠬᠦ ᠬᠠᠶᠢᠷᠠᠯᠠᠨ ᠬᠦᠨᠳᠦᠦᠨᠬᠡᠵᠦ ᠂ ᠥᠪᠡᠷ ᠢ ᠪᠡᠨ ᠢᠳᠡᠭᠡᠬᠦ ᠪᠠᠲᠤ ᠵᠣᠷᠢᠭ ᠲᠠᠢ ᠪᠣᠯᠭᠠᠬᠤ ᠬᠡᠷᠡᠭᠲᠡᠢ ᠃ ᠭᠡᠪᠡᠴᠦ ᠰᠤᠷᠤᠬᠴᠢᠤᠨ ᠢ ᠬᠠᠶᠢᠷᠠᠯᠠᠨ ᠬᠦᠨᠳᠦᠦᠨᠬᠡᠬᠦ ᠭᠡᠦᠨ ᠠᠯᠳᠠᠭ᠎ᠠ ᠪᠣᠷᠤᠭᠤ ᠶ᠋ᠢ ᠨᠢ ᠥᠯᠥ ᠬᠠᠶᠢᠬᠤᠷᠤᠨ ᠥᠩᠭᠡᠷᠡᠭᠦᠯᠵᠦ ᠰᠢᠭᠦᠮᠵᠢᠯᠡᠨ ᠰᠤᠷᠭᠠᠬᠤ ᠦᠭᠡᠢ ᠪᠠᠶᠢᠵᠤ ᠪᠠᠰᠠ ᠪᠣᠯᠬᠤ ᠦᠭᠡᠢ ᠃ ᠰᠢᠭᠦᠮᠵᠢᠯᠡᠨ ᠰᠤᠷᠭᠠᠬᠤ ᠳ᠋ᠠᠭᠠᠨ ᠵᠠᠪᠠᠯ ᠶᠣᠰᠣ ᠤᠴᠢᠷ ᠢ ᠭᠦᠢᠴᠡᠳ ᠬᠡᠯᠡᠵᠦ ᠂ ᠢᠲᠡᠭᠡᠵᠦ ᠪᠢᠰᠢᠷᠡᠲᠡᠯ᠎ᠡ ᠰᠤᠷᠭᠠᠬᠤ ᠬᠡᠷᠡᠭᠲᠡᠢ ᠃
                                                                          ᠯᠢ ᠪᠤᠶᠠᠨᠴᠤᠬᠯᠠ
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ