ᠬᠤᠰᠢᠭᠤᠨ ᠳᠠᠷᠤᠭ᠎ᠠ ᠪᠦᠷᠢᠨ ᠨᠦᠬᠦᠷ ᠦᠪᠡᠷᠳᠡᠭᠡᠨ ᠵᠠᠰᠠᠬᠤ ᠤᠷᠤᠨ ᠤ《 ᠬᠤᠶᠠᠷ ᠬᠤᠷᠠᠯ》 ᠤᠨ ᠬᠤᠭᠤᠴᠠᠭᠠᠨ ᠳ᠋ᠤ ᠰᠤᠷᠪᠤᠯᠵᠢᠯᠠᠭ᠎ᠠ ᠬᠦᠯᠢᠶᠡᠭᠰᠡᠨ ᠨᠢ

ᠣᠩᠰᠢᠭᠰᠠᠨ ᠤᠳᠠᠭ᠎ᠠ ᠄ 3113     ᠨᠡᠶᠢᠳᠡᠯᠡᠭᠰᠡᠨ ᠴᠠᠭ ᠄ 2018/1/30 15:21:15


       ᠦᠪᠠᠷᠳᠡᠭᠡᠨ ᠵᠠᠰᠠᠬᠤ ᠤᠷᠤᠨ ᠤ ᠠᠷᠠᠳ ᠤᠨ ᠳᠦᠯᠦᠭᠡᠯᠡᠭᠴᠢ ᠂ ᠬᠤᠰᠢᠭᠤᠨ  ᠳᠠᠷᠤᠭ᠎ᠠ  ᠪᠦᠷᠢᠨ ᠨᠦᠬᠦᠷ  ᠦᠪᠡᠷᠳᠡᠭᠡᠨ  ᠵᠠᠰᠠᠬᠤ ᠤᠷᠤᠨ ᠤ《 ᠬᠤᠶᠠᠷ ᠬᠤᠷᠠᠯ》 ᠤᠨ ᠬᠤᠭᠤᠴᠠᠭᠠᠨ ᠳ᠋ᠤ ᠰᠤᠷᠪᠤᠯᠵᠢᠯᠠᠭ᠎ᠠ ᠬᠦᠯᠢᠶᠠᠬᠦ ᠳ᠋ᠤ ᠪᠠᠨ  ᠄《  ᠪᠦ᠋ ᠰᠢᠶᠤᠤ ᠯᠢᠨ ᠳᠠᠷᠢᠬᠦᠯᠡᠭᠴᠢ ᠠᠵᠢᠯ ᠤᠨ ᠢᠯᠡᠳᠬᠡᠯ ᠳ᠋ᠤ ᠪᠠᠨ ᠂ ᠮᠤᠩᠭᠤᠯ ᠡᠮ ᠡᠮᠨᠠᠯᠭᠡ ᠶ᠋ᠢᠨ ᠦᠢᠯᠡᠰ ‍ᠢ  ᠶᠠᠭᠡ ᠪᠠᠷ ᠬᠦᠭᠵᠢᠬᠦᠯᠬᠦ  ᠳᠤᠷᠠᠳᠤᠯᠭ᠎ᠠ ᠭᠠᠷᠭᠠᠭᠰᠠᠨ ᠪᠠᠶᠢᠨ᠎ᠠ ᠃ ᠮᠢᠨᠦ ᠦᠵᠡᠬᠦ ᠪᠠᠷ ᠂ ᠮᠤᠩᠭᠤᠯ ᠡᠮ ᠡᠮᠨᠡᠯᠭᠡ  ᠪᠤᠯ ᠮᠠᠨ ᠤ ᠦᠨᠳᠤᠰᠤᠳᠠᠨ ᠤ ᠦᠪᠯᠡᠵᠦ ᠦᠯᠡᠳᠡᠭᠡᠭᠰᠡᠨ ᠬᠡᠳᠤᠨ ᠮᠢᠩᠭᠠᠨ ᠵᠢᠯ ᠦᠨ ᠳᠡᠤᠭᠡ ᠲᠠᠢ ᠮᠤᠨᠳᠤᠭ ᠶᠠᠭᠡ ᠰᠤᠶᠤᠯ  ᠪᠤᠯᠤᠨ᠎ᠠ ᠃  ᠪᠢᠳᠡ ᠡᠨᠡᠬᠦ ᠰᠤᠶᠤᠯ ᠢᠶᠡᠨ ᠵᠠᠯᠭᠠᠮᠵᠢᠯᠠᠨ ᠬᠦᠭᠵᠢᠬᠦᠯᠬᠦ ᠪᠤᠯ ᠮᠠᠨ ᠤ ᠦᠪᠤᠷ ᠮᠤᠩᠭᠤᠯ ᠤᠷᠤᠨ ᠂ᠢᠯᠡᠩᠭᠤᠶ᠎ᠠ ᠪᠦᠬᠦ ᠮᠤᠩᠭᠤᠯ ᠦᠨᠳᠤᠰᠤᠳᠠᠨ ᠳ᠋ᠤ ᠠᠪᠴᠤ  ᠬᠡᠯᠡᠪᠠᠯ ᠨᠢᠭᠡ  ᠠᠭᠤᠤ ᠶᠠᠭᠡᠦᠢᠯᠡᠰ ᠮᠦᠨ ᠃ ᠤᠶᠢᠷ᠎ᠠ ᠶ᠋ᠢᠨ ᠭᠡᠳᠤᠨ ᠵᠢᠯ ᠂  ᠨᠠᠢᠮᠠᠨ ᠬᠤᠰᠢᠭᠤ ᠮᠤᠩᠭᠤᠯ ᠡᠮ  ᠡᠮᠨᠡᠯᠭᠡ ᠢᠶ᠋ᠡᠷ  ᠰᠤᠶᠤᠯ  ᠪᠤᠯᠭᠠᠨ  ᠂  ᠨᠤᠳᠤᠭ ᠤᠷᠤᠨ ᠤ ᠪᠠᠶᠢᠳᠠᠯ ᠳ᠋ᠤ ᠪᠠᠨ ᠵᠤᠬᠢᠴᠠᠭᠤᠯᠤᠨ ᠪᠠᠶᠢᠭᠠᠯᠢ ᠶ᠋ᠢᠨ ᠡᠪᠠᠰᠤᠨ ᠡᠮ ᠪᠠ  ᠳᠠᠷᠢᠮᠠᠯ ‍ᠤᠨ ᠡᠪᠠᠰᠤᠨ ᠡᠮ  ‍ᠢ  ᠤᠶᠠᠯᠳᠤᠭᠤᠯᠤᠨ ᠬᠦᠭᠵᠢᠬᠦᠯᠵᠦ ᠂  ᠤᠳᠤᠬᠠᠨ ᠳ᠋ᠥ ᠪᠠᠷᠤᠭ 10  ᠲᠦᠷᠦᠯ ᠦᠨ ᠡᠪᠡᠰᠤᠨ ᠡᠮ ᠦᠨ ᠳᠠᠷᠢᠮᠡᠯ ‍ᠢ ᠳᠠᠷᠢᠵᠦ ᠬᠦᠭᠵᠢᠬᠦᠯᠦᠨ ᠂ ᠠᠷᠠᠳ ᠤᠨ ᠠᠰᠢᠭ  ᠤᠷᠤᠯᠭ᠎ᠠ ᠶ᠋ᠢ ᠶᠠᠭᠡ ᠪᠠᠷ ᠳᠠᠭᠡᠭᠰᠢᠯᠡᠬᠦᠯᠦᠭᠰᠡᠨ  ᠢᠶᠠᠷ  ᠪᠠᠷᠠᠬᠤ ᠦᠬᠡᠢ ᠂  ᠡᠨᠡ  ᠨᠢ  ᠪᠠᠰᠠ ᠴᠦ  ᠨᠢᠭᠡᠨ  ᠶᠠᠳᠠᠭᠤ  ᠡᠴᠡ ᠳᠡᠳᠬᠦᠬᠦ  ᠰᠢᠪᠳᠤᠯᠤᠯᠳᠠ ᠶ᠋ᠢᠨ ᠠᠵᠢᠯ ᠢᠶᠡᠨ ᠰᠠᠶᠢᠳᠤᠷ ᠬᠢᠬᠦ ᠂  ᠳᠠᠷᠢᠶᠠᠯᠠᠩ  ‍ᠤᠨ  ᠬᠠᠩᠭᠠᠯᠭ᠎ᠠ  ᠶ᠋ᠢᠨ ᠪᠦᠳᠦᠴᠠ  ᠶ᠋ᠢᠨ  ᠴᠢᠨᠠᠷᠳᠠᠢ ᠦᠭᠡᠷᠡᠴᠢᠯᠠᠯᠳᠠ ᠬᠢᠬᠦ  ᠪᠦᠳᠦᠮᠵᠢᠳᠠᠢ ᠠᠷᠭ᠎ᠠ ᠬᠡᠮᠵᠢᠶ᠎ᠠ ᠪᠤᠯᠤᠭᠰᠠᠨ ᠪᠠᠶᠢᠨ᠎ᠠ᠃ ᠤᠳᠤᠬᠠᠨ ᠳ᠋ᠤ ᠪᠦᠬᠦ ᠬᠤᠰᠢᠭᠤᠨ ᠤ ᠡᠪᠠᠰᠤᠨ ᠡᠮ ᠤᠨ ᠳᠠᠷᠢᠮᠠᠯ  ᠤᠨ ᠳᠠᠯᠠᠪᠠᠢ  8 ᠳᠦᠮᠡᠨ ᠮᠤ ᠳ᠋ᠤ ᠬᠦᠷᠴᠤ ᠂ ᠪᠦᠬᠦ ᠳᠦᠩᠯᠢᠶᠤᠤ ᠬᠤᠳᠠ ᠶ᠋ᠢᠨ ᠡᠪᠠᠰᠤᠨ ᠡᠮ ᠦᠨ ᠳᠠᠷᠢᠮᠡᠯ ᠤᠨ ᠳᠠᠯᠠᠪᠠᠢ ᠶ᠋ᠢᠨ 50 % ᠡᠴᠡ ᠳᠡᠭᠡᠭᠰᠢ ᠶ᠋ᠢ ᠡᠵᠡᠯᠡᠵᠠᠢ ᠃ ᠳᠠᠷᠠᠭᠠᠴᠢ ᠪᠠᠷ ᠮᠤᠩᠭᠤᠯ ᠡᠮ ᠡᠮᠨᠡᠯᠭᠡ ᠂ ᠡᠪᠡᠰᠤᠨ ᠡᠮ ᠦᠨ ᠳᠡᠷᠢᠮᠡᠯ ᠂ ᠦᠢᠯᠡᠳᠪᠤᠷᠢᠯᠡᠯ ᠪᠠ ᠡᠷᠳᠡᠮ ᠰᠢᠨᠵᠢᠯᠡᠭᠡ ᠶ᠋ᠢ ᠨᠢᠭᠡ ᠴᠤᠭᠴᠠᠵᠢᠭᠤᠯᠤᠭᠰᠠᠨ ᠠᠵᠦ ᠠᠬᠤᠶᠢᠯᠡᠯ ᠢ ᠬᠦᠭᠵᠢᠬᠦᠯᠬᠦ ᠳ᠋ᠥ ᠪᠠᠨ ᠂ ᠡᠪᠠᠰᠤᠨ ᠡᠮ ᠢ  ᠶᠠᠭᠡ ᠬᠡᠪᠴᠢᠶ᠎ᠠ  ᠪᠠᠷ ᠳᠠᠷᠢᠵᠦ  ᠪᠤᠶᠢᠵᠢᠭᠤᠯᠤᠨ ᠂  ᠨᠠᠷᠠᠳᠤ  ᠰᠢᠨᠵᠢᠯᠡᠭᠡᠳᠡᠳ ᠢ ᠨᠤᠳᠤᠭ ᠲᠣ ᠪᠠᠨ ᠤᠷᠢᠵᠦ ᠂  ᠡᠳ᠋ᠰᠢᠬᠦᠯᠵᠦ ᠪᠣᠯᠪᠠᠰᠤᠷᠠᠭᠤᠯᠬᠤ ᠳᠤᠮᠤ ᠬᠦᠷᠢᠶᠠᠯᠠᠩ ᠪᠠᠶᠢᠭᠤᠯᠤᠨ ᠂ ᠶᠠᠭᠡ ᠬᠡᠮᠵᠢᠶ᠎ᠠ ᠪᠠᠷ ᠦᠢᠯᠡᠳᠪᠤᠷᠢᠯᠡᠵᠦ  ᠪᠤᠯᠪᠠᠰᠤᠷᠠᠭᠤᠯᠤᠭᠠᠳ ᠂  ᠪᠦᠬᠦ  ᠤᠯᠤᠰ  ᠴᠢᠨᠠᠭᠰᠢᠯᠠᠭᠠᠳ  ᠪᠦᠬᠦ  ᠳᠠᠯᠡᠭᠡᠢ  ᠳ᠋ᠤ ᠪᠤᠷᠤᠯᠠᠭᠤᠯᠵᠦ ᠂ ᠦᠨᠳᠤᠷ ᠬᠡᠮᠵᠢᠶᠠᠨ ᠤ ᠦᠷ᠎ᠡ ᠪᠦᠳᠦᠭᠡᠯ ᠭᠠᠷᠭᠠᠨ᠎ᠠ ᠃  ᠮᠤᠩᠭᠤᠯ ᠡᠮ ᠡᠮᠨᠡᠯᠭᠡ ᠶ᠋ᠢᠨ ᠡᠷᠡᠬᠦᠯ ᠢᠶ᠋ᠡᠷ ᠬᠦᠭᠵᠢᠬᠦ ᠶ᠋ᠢ ᠠᠷᠠᠳᠳᠦᠮᠡᠨ ᠦ ᠪᠠᠶ᠎ᠠ ᠶ᠋ᠢᠨ ᠡᠷᠡᠬᠦᠯ ᠴᠢᠭᠢᠷᠠᠭ  ᠲᠠᠢ ᠬᠠᠮᠳᠤ  ᠤᠶᠠᠯᠳᠤᠭᠤᠯᠤᠨ ᠂  ᠮᠤᠩᠭᠤᠯ  ᠡᠮ  ᠡᠮᠨᠡᠯᠭᠡ ᠶ᠋ᠢᠨ  ᠦᠢᠯᠡᠰ ᠢ  ᠶᠠᠭᠡ  ᠪᠠᠷ ᠳᠡᠯᠭᠡᠷᠡᠬᠦᠯᠦᠨ ᠬᠦᠭᠵᠢᠬᠦᠯᠦᠨ᠎ᠡ ᠃ ᠢᠯᠠᠩᠭᠤᠶ᠎ᠠ ᠨᠠᠢᠮᠠᠨ ᠬᠤᠰᠢᠭᠤᠨ ᠳ᠋ᠤ ᠯᠡ ᠭᠠᠭᠴᠠ ᠪᠠᠶᠢᠳᠠᠭ ᠮᠤᠩᠭᠤᠯ ᠦᠨᠳᠤᠰᠤᠳᠠᠨ ᠤ ᠮᠤᠩᠭᠤᠯ ᠡᠮ ᠡᠮᠨᠡᠯᠭᠡ ᠶ᠋ᠢᠨ ᠤᠬᠠᠭᠠᠨᠳᠠᠨ ᠵᠠᠮᠪᠠᠯᠳᠤᠷᠵᠢ ᠶ᠋ᠢᠨ ᠰᠤᠶᠤᠯ ᠤᠬᠠᠭᠠᠨ ᠢᠶ᠋ᠡᠷ ᠭᠤᠯᠤᠮᠳᠠ ᠪᠤᠯᠭᠠᠨ ᠂ ᠬᠦᠮᠦᠨ ᠳᠦᠷᠦᠯᠬᠢᠳᠡᠨ ‍ᠤ ᠮᠤᠩᠭᠤᠯ ᠡᠮ ᠡᠮᠨᠠᠯᠭᠡ ᠶ᠋ᠢᠨ ᠳᠠᠯ᠎ᠠ ᠳ᠋ᠤ ᠢᠳᠡᠪᠬᠢᠳᠠᠢ ᠬᠤᠪᠢ ᠨᠠᠮᠠᠷᠢ  ᠦᠵᠡᠬᠦᠯᠦᠨ᠎ᠠ》 ᠬᠡᠵᠦ ᠶᠠᠷᠢᠭᠰᠠᠨ ᠪᠠᠶᠢᠨ᠎ᠠ ᠃

                                             ᠪᠤᠤ ᠵᠢᠨ ᠯᠢᠶᠠᠨ ᠮᠠᠳᠡᠭᠡᠯᠡᠪᠠ
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ