ᠨᠠᠢᠮᠠᠨ ᠬᠤᠰᠢᠭᠤᠨ ᠤ ᠡᠬᠦᠰᠤᠯ ᠭᠠᠷᠤᠯ ᠬᠢᠭᠡᠳ ᠰᠤᠶᠤᠯ ᠳᠡᠤᠭᠡ ᠶ᠋ᠢᠨ ᠳᠤᠬᠠᠢ ᠰᠤᠳᠤᠯᠤᠨ ᠶᠠᠷᠢᠯᠴᠠᠬᠤ ᠬᠤᠷᠠᠯ ᠬᠦᠭᠡᠬᠤᠳᠠ ᠳ᠋ᠦ ᠶᠠᠪᠤᠭᠳᠠᠪᠠ

ᠣᠩᠰᠢᠭᠰᠠᠨ ᠤᠳᠠᠭ᠎ᠠ ᠄ 9454     ᠨᠡᠶᠢᠳᠡᠯᠡᠭᠰᠡᠨ ᠴᠠᠭ ᠄ 2018/3/6 10:45:25


      3 ᠰᠠᠷ᠎ᠠ ᠶ᠋ᠢᠨ 3 ‍ᠦ ᠡᠳᠤᠷ ᠂ ᠳᠦᠩᠯᠢᠶᠤᠤ ᠬᠤᠳᠠ ᠶ᠋ᠢᠨ ᠨᠠᠢᠮᠠᠨ ᠬᠤᠰᠢᠭᠤᠨ ᠤ ᠵᠠᠰᠠᠭ ᠤᠨ ᠤᠷᠳᠤᠨ ᠪᠠ ᠦᠪᠤᠷ ᠮᠤᠩᠭᠤᠯ ᠤᠨ ᠤᠮᠠᠷᠠᠳᠤ ᠶ᠋ᠢᠨ ᠰᠤᠶᠤᠯ ᠤᠨ ᠦᠪ ᠦᠨ ᠰᠤᠳᠤᠯᠭᠠᠨ ᠤ ᠨᠠᠶᠢᠭᠡᠮᠯᠢᠭ ᠡᠴᠡ ᠭᠤᠤᠯᠯᠠᠨ ᠡᠷᠬᠢᠯᠡᠭᠰᠡᠨ《ᠨᠠᠢᠮᠠᠨ ᠬᠤᠰᠢᠭᠤᠨ ᠤ ᠡᠬᠦᠰᠤᠯ ᠭᠠᠷᠤᠯ ᠬᠢᠭᠡᠳ ᠰᠤᠶᠤᠯ ᠳᠡᠤᠭᠡ ᠶ᠋ᠢᠨ ᠳᠤᠬᠠᠢ ᠰᠤᠳᠤᠯᠤᠨ ᠶᠠᠷᠢᠯᠴᠠᠬᠤ ᠬᠤᠷᠠᠯ 》ᠦᠪᠤᠷ ᠮᠤᠩᠭᠤᠯ ᠤᠨ ᠶᠡᠭᠡ ᠰᠤᠷᠭᠠᠭᠤᠯᠢ ᠶ᠋ᠢᠨ ᠡᠷᠳᠠᠮ ᠰᠢᠨᠵᠢᠯᠠᠭᠡᠨ ᠤ ᠳᠦᠪ ᠲᠦ ᠶᠠᠪᠤᠭᠳᠠᠪᠠ ᠃ ᠦᠪᠤᠷ ᠮᠤᠩᠭᠤᠯ ᠤᠨ ᠶᠡᠭᠡ ᠰᠤᠷᠭᠠᠭᠤᠯᠢ ᠂ ᠦᠪᠤᠷ ᠮᠤᠩᠭᠤᠯ ᠤᠨ ᠪᠠᠭᠰᠢ ᠶ᠋ᠢᠨ ᠶᠡᠭᠡ ᠰᠤᠷᠭᠠᠭᠤᠯᠢ ᠂ ᠦᠪᠤᠷ ᠮᠤᠩᠭᠤᠯ ᠤᠨ ᠨᠠᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠠᠯᠠᠩ ᠂ ᠦᠪᠤᠷ ᠮᠤᠩᠭᠤᠯ ᠤᠨ  ᠦᠨᠳᠤᠰᠤᠳᠠᠨ ᠤ ᠶᠡᠭᠡ ᠰᠤᠷᠭᠠᠭᠤᠯᠢ ᠵᠡᠷᠭᠡ ᠳᠠᠭᠡᠳᠤ ᠰᠤᠷᠭᠠᠭᠤᠯᠢ ᠪᠠ ᠰᠢᠨᠵᠢᠯᠡᠬᠦ ᠤᠬᠠᠭᠠᠨ ᠤ ᠰᠤᠳᠤᠯᠤᠯ ᠤᠨ ᠪᠠᠶᠢᠭᠤᠯᠤᠮᠵᠢ ᠶ᠋ᠢᠨ ᠳᠤᠰᠬᠠᠢ ᠮᠠᠷᠭᠡᠵᠢᠯᠳᠠᠨ ᠢ  ᠪᠠᠭᠳᠠᠭᠠᠭᠰᠠᠨ 50 ᠭᠠᠷᠤᠢ ᠬᠦᠮᠦᠨ ᠬᠤᠷᠠᠯ ᠳ᠋ᠦ ᠤᠷᠤᠯᠴᠠᠵᠠᠢ ᠃

      ᠳᠤᠰ ᠤᠳᠠᠭᠠᠨ ᠤ ᠬᠤᠷᠠᠯ ᠳ᠋ᠦ ᠂  ᠨᠠᠢᠮᠠᠨ ᠬᠤᠰᠢᠭᠤᠨ ‍ᠤ ᠡᠬᠦᠰᠤᠯ ᠭᠠᠷᠤᠯ  ᠂ ᠨᠠᠢᠮᠠᠨ ᠬᠤᠰᠢᠭᠤ ᠪᠠ ᠨᠠᠢᠮᠠᠨ ᠠᠶᠢᠮᠠᠭ ᠤᠨ ᠬᠠᠷᠢᠴᠠᠭ᠎ᠠ ᠂ ᠨᠠᠢᠮᠠᠨ ᠠᠶᠢᠮᠠᠭ ᠤᠨ ᠮᠤᠩᠭᠤᠯ ᠦᠨᠳᠤᠰᠤᠳᠠᠨ ᠤ  ᠳᠡᠤᠭᠡ ᠰᠤᠶᠤᠯ ᠳ᠋ᠦ ᠦᠵᠡᠬᠦᠯᠦᠭᠰᠡᠨ ᠭᠠᠪᠢᠶ᠎ᠠ ᠵᠢᠳᠬᠦᠯ ᠵᠡᠷᠭᠡ ᠰᠤᠳᠤᠯᠭᠠᠨ ᠤ ᠰᠡᠳᠤᠪ ᠤᠨ ᠳᠤᠭᠤᠷᠢᠨ ᠳ᠋ᠦ ᠬᠦᠨᠵᠡᠭᠡᠢ ᠶᠠᠷᠢᠯᠴᠠᠪᠠ ᠃ ᠰᠤᠳᠤᠯᠤᠨ ᠶᠠᠷᠢᠯᠴᠠᠭᠰᠠᠨ  ‍ᠤ ᠳ᠋ᠦᠩ ᠳ᠋ᠦ ᠂ ᠬᠤᠷᠠᠯ ᠳ᠋ᠦ ᠤᠷᠤᠯᠴᠠᠭᠰᠠᠨ ᠡᠷᠳᠡᠮᠳᠡᠳ ᠦᠨ ᠦᠵᠡᠬᠦ ᠪᠠᠷ ᠄ ᠮᠤᠩᠭᠤᠯ ᠦᠨᠳᠤᠰᠤᠳᠠᠨ ᠤ  ᠳᠡᠭᠡᠳᠤᠰ ᠂ ᠡᠷᠳᠡᠨ ᠦ ᠨᠠᠢᠮᠠᠨ ᠠᠶᠢᠮᠠᠭ ᠤᠨ ᠳᠡᠳᠡᠳᠤᠩᠭ᠎ᠠ ᠪᠤᠯ ᠤᠳᠤᠬᠠᠨ ᠤ ᠭᠡᠷᠡᠭᠯᠡᠵᠦ ᠪᠠᠶᠢᠭ᠎ᠠ  ᠤᠶᠢᠭᠤᠷᠵᠢᠨ ᠮᠤᠩᠭᠤᠯ ᠦᠰᠦᠭ ᠦᠨ ᠡᠬᠦᠳᠦᠭᠴᠢ ᠮᠦᠷᠳᠡᠭᠡᠨ ᠭᠤᠤᠯ ᠤᠯᠠᠮᠵᠢᠯᠠᠭᠴᠢ ᠮᠦᠨ ᠃ ᠤᠳᠤ ᠶ᠋ᠢᠨ ᠨᠠᠢᠮᠠᠨ ᠬᠤᠰᠢᠭᠤᠨ ᠤ ᠮᠤᠩᠭᠤᠯ ᠦᠨᠳᠤᠰᠤᠳᠠᠨ ᠪᠤᠯ 13 ᠳ᠋ᠤᠭᠠᠷ ᠵᠠᠭᠤᠨ  ᠳ᠋ᠦ ᠴᠢᠩᠬᠢᠰ ᠬᠠᠭᠠᠨ ᠤ ᠡᠷᠬᠡᠰᠢᠶᠠᠯ ᠳ᠋ᠦ ᠪᠠᠨ ᠤᠷᠤᠭᠤᠯᠤᠭᠰᠠᠨ ᠨᠠᠢᠮᠠᠨ ᠠᠶᠢᠮᠠᠭ ᠤᠨ ᠨᠢᠭᠡᠨ  ᠰᠠᠯᠠᠭ᠎ᠠ ᠂ ᠡᠨᠡ ᠪᠦᠯᠦᠭ ᠨᠠᠢᠮᠠᠨ ᠠᠶᠢᠮᠠᠭ ᠨᠢ ᠴᠢᠩᠭᠢᠰ ᠬᠠᠭᠠᠨ  ᠵᠢᠴᠢ ᠳᠡᠬᠦᠨ ᠡᠴᠡ ᠳᠠᠷᠠᠭᠠᠴᠢ ᠶ᠋ᠢᠨ ᠬᠠᠭᠠᠳ ᠤᠨ ᠳᠦᠪ ᠴᠡᠷᠢᠭ ᠠᠩᠬᠢ ᠶ᠋ᠢ ᠳᠠᠭᠠᠵᠦ ᠂ ᠤᠨ ᠳᠤᠭᠠᠯᠠᠯ ᠤᠨ 1550 ᠤᠨ ᠤ  ᠦᠶ᠎ᠠ ᠪᠠᠷ ᠤᠮᠠᠷᠠᠳᠤ ᠶᠤᠸᠠᠨ ᠤ  ᠳᠠᠷᠡᠶᠢᠰᠤᠨ ᠬᠦᠳᠡᠩ ᠬᠠᠭᠠᠨ ᠤ ᠴᠠᠬᠠᠷ ᠠᠶᠢᠮᠠᠭ ᠢ ᠳᠠᠭᠠᠵᠦ ᠤᠳᠤᠬᠠᠨ ᠤ ᠨᠠᠢᠮᠠᠨ ᠬᠤᠰᠢᠭᠤᠨ ᠳ᠋ᠦ ᠨᠠᠬᠦᠨ  ᠢᠷᠡᠵᠦ ᠂ ᠤᠨ ᠳᠤᠭᠠᠯᠠᠯ ᠤᠨ 1636 ᠤᠨ ᠳ᠋ᠦ ᠵᠢᠩᠬᠢᠨᠢ ᠪᠠᠷ ᠨᠠᠢᠮᠠᠨ ᠬᠤᠰᠢᠭᠤ ᠶ᠋ᠢ ᠪᠠᠶᠢᠭᠤᠯᠪᠠ ᠃  ᠳᠤᠰ 1000 ᠭᠠᠷᠤᠢ ᠵᠢᠯ ᠤᠨ ᠳᠡᠤᠭᠡ ᠶ᠋ᠢᠨ ᠬᠦᠭᠵᠢᠯᠳᠡ ᠳᠤᠮᠳᠠ ᠂ ᠨᠠᠢᠮᠠᠨ ᠬᠤᠰᠢᠭᠤᠨ ᠡᠴᠡ ᠮᠤᠩᠭᠤᠯ ᠡᠮ ᠡᠮᠨᠡᠯᠭᠡ ᠶ᠋ᠢᠨ ᠨᠠᠷᠡᠳᠤ ᠡᠷᠳᠡᠮᠳᠠᠨ ᠂ ᠮᠤᠩᠭᠤᠯ ᠦᠨᠳᠤᠰᠤᠳᠠᠨ ᠤ ᠠᠷᠪᠠᠨ ᠰᠢᠨᠵᠢᠯᠡᠬᠦ ᠤᠬᠠᠭᠠᠨᠳᠠᠨ ᠤ ᠨᠢᠭᠡ ᠪᠤᠯᠬᠤ ᠵᠠᠮᠪᠠᠯᠳᠤᠷᠵᠢ ᠂ ᠨᠠᠷᠡᠳᠤ ᠰᠤᠷᠭᠠᠨ ᠬᠦᠮᠦᠵᠢᠯᠳᠠᠨ ᠪᠦᠬᠡᠬᠡᠰᠢᠭ (  ᠯᠢᠶᠠᠩ ᠢᠤᠢ ᠯᠠᠨ ᠂ ᠨᠠᠷᠡᠳᠤ ᠮᠤᠩᠭᠤᠯ ᠤᠳᠬ᠎ᠠ ᠵᠤᠬᠢᠶᠠᠯᠴᠢ ᠤᠷᠴᠢᠭᠤᠯᠤᠭᠴᠢ ᠭᠠᠸᠠ (  ᠳᠤᠷᠤᠨᠠᠳᠢᠪ ᠵᠡᠷᠭᠡ  ᠠᠯᠢ ᠤᠯᠠᠨ ᠡᠷᠳᠡᠮᠳᠠᠨ ᠴᠤᠯᠭᠤᠷᠠᠨ  ᠭᠠᠷᠴᠤ ᠂ ᠮᠤᠩᠭᠤᠯ ᠦᠨᠳᠤᠰᠤᠳᠠᠨ ᠤ ᠰᠤᠶᠤᠯ ᠂ ᠰᠤᠷᠭᠠᠨ ᠬᠦᠮᠦᠵᠢᠯ ᠂ ᠰᠢᠨᠵᠢᠯᠡᠬᠦ ᠤᠬᠠᠭᠠᠨ ᠤ ᠬᠦᠭᠵᠢᠯᠳᠡ ᠳ᠋ᠦ ᠰᠢᠪᠳᠤᠯᠤᠯᠳᠠ ᠶ᠋ᠢᠨ ᠴᠢᠨᠠᠷᠳᠠᠢ ᠬᠤᠪᠢ ᠨᠠᠮᠠᠷᠢ ᠦᠵᠡᠬᠦᠯᠦᠭᠰᠡᠨ ᠪᠠᠶᠢᠨ᠎ᠠ ᠬᠡᠬᠦ ᠬᠠᠮᠳᠤ ᠶ᠋ᠢᠨ ᠳᠠᠨᠢᠯᠳᠠ ᠲᠠᠢ ᠪᠤᠯᠤᠭᠰᠠᠨ ᠪᠠᠶᠢᠨ᠎ᠠ ᠃  ᠬᠤᠷᠠᠯ ᠳᠠᠭᠡᠷ᠎ᠡ ᠪᠠᠰᠠ ᠨᠠᠢᠮᠠᠨ ᠬᠤᠰᠢᠭᠤᠨ ᠳ᠋ᠦ ᠳᠠᠳᠠᠳᠤᠩᠭ᠎ᠠ ᠮᠤᠩᠭᠤᠯ ᠦᠰᠦᠭ ᠦᠨ ᠮᠦᠽᠧᠢ ᠬᠢᠭᠡᠳ ᠵᠠᠮᠪᠠᠯᠳᠤᠷᠵᠢ ᠮᠤᠩᠭᠤᠯ ᠡᠮ ᠡᠮᠨᠡᠯᠭᠡ ᠶ᠋ᠢᠨ ᠮᠦᠽᠧᠢ ᠪᠠᠶᠢᠭᠤᠯᠬᠤ ᠪᠠᠷ ᠳᠤᠭᠳᠠᠵᠤ ᠂ ᠳᠤᠰ ᠬᠤᠶᠠᠷ ᠪᠦᠳᠦᠭᠡᠨ ᠪᠠᠶᠢᠭᠤᠯᠤᠯᠳᠠ ᠨᠢ ᠭᠡᠷᠡᠭᠵᠢᠬᠦᠯᠦᠭᠳᠡᠭᠰᠡᠨ ᠦ ᠰᠡᠬᠦᠯᠡᠷ ᠂ ᠪᠦᠷ ᠤᠯᠤᠰ ᠤᠨ ᠳᠡᠷᠢᠬᠦᠨ ᠡᠬᠦᠳᠤᠯᠳᠠ ᠪᠤᠯᠬᠤ ᠮᠦᠷᠳᠡᠭᠡᠨ ᠡᠷᠳᠠᠮ ᠰᠢᠨᠵᠢᠯᠠᠭᠡᠨ ᠤ ᠳᠠᠯ᠎ᠠ  ᠳ᠋ᠦ ᠰᠢᠨ᠎ᠠ ᠬᠠᠭᠤᠳᠠᠰᠤ ᠶ᠋ᠢ ᠳᠡᠮᠳᠠᠭᠯᠡᠵᠦ ᠂ ᠦᠨᠳᠤᠰᠤᠳᠠᠨ ᠤ ᠰᠤᠶᠤᠯ ᠢ ᠤᠯᠠᠮᠵᠢᠯᠠᠨ ᠪᠠᠳᠠᠷᠠᠭᠤᠯᠵᠤ ᠂ ᠰᠤᠶᠤᠯ ‍ᠤᠨ ᠠᠵᠤ ᠤᠵᠵᠯᠠᠰ ‍ᠤᠨ ᠬᠦᠭᠵᠢᠭᠦᠯᠦᠯᠲᠠ ᠶ᠋ᠢ ᠬᠦᠴᠦᠳᠠᠢ ᠳᠦᠯᠬᠢᠨ ᠠᠬᠢᠭᠤᠯᠬᠤ ᠪᠤᠯᠤᠨ᠎ᠠ ᠃ 

                                             ᠪᠤᠤ ᠵᠢᠨ ᠯᠢᠶᠠᠨ ᠮᠠᠳᠡᠭᠡᠯᠡᠪᠠ 

  

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ