ᠦᠰᠦᠭ ‍ᠢᠶ᠋ᠡᠷ ᠮᠢᠷᠠᠯᠵᠠᠬᠤ ᠬᠠᠪᠤᠷ ‍ᠤᠨ ᠤᠶᠠᠩᠭ᠎ᠠ ᠪᠠᠷ ᠡᠭᠦᠳᠡ ᠡᠷᠦᠭᠡ ᠶ᠋ᠢ ᠬᠡᠷᠡᠯᠳᠤᠬᠦᠯᠦᠨ᠎ᠠ

ᠣᠩᠰᠢᠭᠰᠠᠨ ᠤᠳᠠᠭ᠎ᠠ ᠄ 8839     ᠨᠡᠶᠢᠳᠡᠯᠡᠭᠰᠡᠨ ᠴᠠᠭ ᠄ 2018/1/12 16:54:07

       
      ᠡᠯᠡᠰᠤᠨ ᠳ᠋ᠡᠬᠢ ᠭᠡᠷᠡᠯᠳᠤ ᠰᠤᠪᠤᠳ  ᠂ ᠬᠠᠴᠢᠨ ᠰᠠᠶᠢᠬᠠᠨ ᠨᠠᠢᠮᠠᠨ ᠳ᠋ᠥ ᠰᠢᠨ᠎ᠠ ᠤᠨ ᠤ ᠠᠭᠤᠷ ᠠᠮᠢᠰᠬᠤᠯ ᠪᠢᠯᠬᠠᠮ᠎ᠠ  ᠂ ᠰᠤᠤᠳᠤ ᠠᠷᠠᠳ ᠤᠨ ᠰᠡᠳᠬᠢᠯ ᠴᠦ ᠬᠦᠭᠵᠢᠩᠬᠦᠢ ᠃ 1 ᠰᠠᠷ᠎ᠠ ᠶ᠋ᠢᠨ 12 ᠦ ᠡᠳᠤᠷ ᠂  ᠨᠠᠢᠮᠠᠨ ᠬᠤᠰᠢᠭᠤᠨ ᠤ ᠨᠠᠮ ᠤᠨ ᠬᠤᠷᠢᠶ᠎ᠠ ᠶ᠋ᠢᠨ ᠤᠬᠠᠭᠤᠯᠬᠤ ᠭᠡᠯᠳᠡᠰ ᠂  ᠨᠠᠢᠮᠠᠨ ᠬᠤᠰᠢᠭᠤᠨ ᠤ ᠤᠳᠬ᠎ᠠ ᠤᠷᠠᠯᠢᠭ ᠤᠨ ᠬᠢᠨ ᠦ ᠬᠤᠯᠪᠤᠭ᠎ᠠ ᠪᠠ ᠨᠠᠢᠮᠠᠨ ᠬᠤᠰᠢᠭᠤᠨ ᠤ ᠮᠤᠩᠭᠤᠯ ᠬᠡᠯᠡᠨ ᠦ ᠤᠷᠠᠨ ᠪᠢᠴᠢᠯᠭᠡᠳᠠᠳ ᠤᠨ ᠨᠠᠶᠢᠭᠡᠮᠯᠢᠭ ᠤᠨ ᠬᠢᠨ ᠬᠠᠮᠳᠤᠷᠠᠵᠦ ᠂ 《 ᠦᠰᠦᠭ ‍ᠢᠶ᠋ᠡᠷ ᠮᠢᠷᠠᠯᠵᠠᠬᠤ ᠬᠠᠪᠤᠷ ‍ᠤᠨ ᠤᠶᠠᠩᠭ᠎ᠠ ᠶ᠋ᠢ ᠡᠷᠦᠬᠡ ᠭᠡᠷ ᠲᠤᠷ ᠬᠦᠷᠭᠡᠬᠦᠶ᠎ᠡ  ᠤᠶᠤᠨ ᠢᠶᠠᠷ ᠳᠡᠳᠭᠦᠬᠦ ᠲᠦᠷᠦ ᠶ᠋ᠢᠨ ᠪᠤᠳᠤᠯᠭ᠎ᠠ ᠤᠮᠤᠭ ᠵᠤᠷᠢᠭ ‍ᠢ ᠬᠦᠪᠴᠢᠯᠡᠨᠡᠮ 》 ᠬᠡᠮᠡᠬᠦᠢ ᠰᠤᠶᠤᠯ ᠤᠷᠠᠯᠢᠭ ‍ᠢ ᠬᠦᠳᠡᠭᠡ ᠲᠤᠰᠬᠤᠨ ᠳ᠋ᠥ ᠬᠦᠷᠭᠡᠬᠦ ᠬᠦᠳᠡᠯᠭᠡᠭᠡᠨ ᠦᠷᠨᠢᠬᠦᠯᠪᠠ ᠃  ᠬᠠᠮᠢᠶ᠎ᠠ ᠪᠦᠬᠦᠢ ᠠᠵᠢᠯᠳᠠᠳ ᠪᠠ ᠤᠷᠠᠨ ᠪᠢᠴᠢᠯᠭᠡᠳᠠᠳ ᠠᠷᠪᠠᠭᠠᠳᠤᠭᠤᠯᠠ ᠬᠠᠷ᠎ᠠ ᠡᠷᠳᠠ ᠪᠠᠷ  ᠵᠤᠷᠢᠭᠰᠠᠨ  ᠭᠠᠵᠠᠷ —— ᠨᠠᠢᠮᠠᠨ ᠬᠤᠰᠢᠭᠤᠨ ᠤ ᠮᠤᠩᠭᠤᠯ ᠦᠨᠳᠤᠰᠤᠳᠠᠨ ᠤ ᠬᠦᠮᠦᠨ ᠠᠮᠠ ᠬᠠᠮᠤᠭ ᠤᠯᠠᠨ ᠳᠦᠪᠯᠡᠷᠡᠭᠰᠡᠨ ᠭᠤᠷᠪᠠᠨᠬᠤᠸᠠ ᠰᠤᠮᠤᠨ ᠤ ᠪᠠᠶᠠᠨᠳᠠᠯ᠎ᠠ ᠭᠠᠴᠠᠭᠠᠨ ᠵᠦᠭ ᠮᠤᠷᠳᠠᠯ᠎ᠠ ᠃
      ᠭᠤᠷᠪᠠ ᠶᠢᠰᠤ ᠶ᠋ᠢᠨ ᠬᠦᠢᠳᠠᠨ ᠳ᠋ᠥ ᠭᠤᠨᠠᠨ ᠦᠭᠡᠷ ᠦ᠋ᠨ ᠡᠪᠠᠷ ᠭᠠᠭ᠎ᠠ ᠬᠦᠯᠳᠠᠨ᠎ᠠ ᠭᠡᠯᠴᠡᠳᠡᠭ ᠃  ᠭᠡᠳᠡᠯ᠎ᠡ ᠡᠨᠡ ᠡᠳᠤᠷ ᠬᠠᠷᠢᠨ ᠬᠤᠪᠢ ᠶ᠋ᠢᠨ ᠭᠠᠳᠠᠨ᠎ᠠ ᠳᠤᠯᠠᠭᠠᠬᠠᠨ ᠃ ᠬᠦᠷᠬᠦ ᠳ᠋ᠥ ᠪᠠᠶᠠᠨᠳᠠᠯ᠎ᠠ ᠭᠠᠴᠠᠭᠠᠨ ᠤ ᠳᠦᠴᠢ ᠳᠠᠪᠢᠭᠠᠳ ᠠᠷᠠᠳ ᠮᠠᠨᠢ ᠳᠤᠰᠬᠤᠨ ᠤ ᠪᠠᠨ ᠠᠭᠤᠳᠠᠮ ᠰᠠᠶᠢᠬᠠᠨ ᠰᠤᠶᠤᠯ ᠤᠨ ᠭᠡᠷ ᠲᠦ ᠪᠠᠨ ᠶᠠᠷᠢᠶ᠎ᠠ ᠬᠦᠭᠡᠷᠦᠭᠡ ᠡᠬᠦᠰᠬᠡᠵᠦ ᠂  ᠶᠠᠳᠠᠭᠤ ᠡᠴᠡ ᠶᠠᠭᠠᠬᠢᠵᠦ ᠠᠩᠬᠢᠵᠢᠷᠠᠭᠰᠠᠨ ᠢᠶᠡᠨ  ᠶᠠᠷᠢᠨ᠎ᠠ ᠂  ᠰᠢᠨᠵᠢᠯᠡᠬᠦ ᠤᠬᠠᠭᠠᠨᠴᠢ ᠪᠠᠷ ᠰᠦᠷᠦᠭ ᠮᠠᠯ ᠢᠶᠡᠨ ᠶᠠᠭᠠᠬᠢᠵᠦ ᠮᠠᠯᠵᠢᠬᠤ ᠳᠤᠬᠠᠢ ᠮᠠᠷᠭᠤᠯᠳᠤᠨ᠎ᠠ ᠂   ᠪᠡᠯᠡᠭ ᠳᠠᠯ᠎ᠠ ᠬᠦᠷᠭᠡᠬᠦ ᠪᠠᠨ ᠵᠤᠭᠰᠤᠭᠠᠳ ᠨᠢᠭᠡ ᠵᠢᠯ ᠳ᠋ᠥ ᠬᠡᠳᠤᠢ ᠵᠤᠭᠤᠰ ᠠᠷᠪᠢᠯᠠᠭᠰᠠᠨ ᠢᠶᠡᠨ ᠴᠦ ᠪᠤᠳᠤᠵᠠᠭᠠᠨ᠎ᠠ  ᠃ ᠢᠩᠬᠢᠵᠦ ᠪᠠᠶᠢᠳᠠᠯ᠎ᠠ ᠂ ᠤᠷᠠᠨ ᠪᠢᠴᠢᠯᠭᠡᠳᠠᠳ ᠢᠷᠡᠭᠰᠡᠨ ᠢ ᠤᠯᠵᠦ ᠬᠠᠷᠠᠭᠰᠠᠨ ᠡᠴᠡᠩᠭᠡᠢ ᠦᠨᠳᠤᠷᠭᠡᠨ ᠪᠠᠶ᠎ᠠ ᠲᠠᠢ  ᠨᠢᠭᠡ ᠨᠢ ᠄《 ᠬᠦᠢ ᠂ ᠪᠠᠶᠢᠵᠠ ᠂  ᠶᠠᠮᠠᠷ ᠰᠠᠶᠢᠬᠠᠨ ᠮᠤᠩᠭᠤᠯ  ᠬᠤᠤᠰ ᠤᠶᠠᠩᠭ᠎ᠠ ᠪᠢᠴᠢᠬᠦᠯᠵᠦ ᠰᠢᠨ᠎ᠠ ᠵᠢᠯ ᠢᠶ᠋ᠡᠨ ᠤᠭᠳᠤᠬᠤ ᠪᠢᠯᠡ ︖ ᠡᠬᠦᠨ ᠢᠶ᠋ᠡᠨ ᠤᠷᠢᠳᠠᠪᠡᠷ ᠳᠤᠭᠳᠠᠭᠠᠴᠢᠬᠠᠭᠠᠳ ᠦᠭᠡᠷ᠎ᠡ ᠵᠤᠭᠤᠭ ᠢᠶᠡᠨ ᠳᠡᠯᠬᠡᠬᠦ ᠳ᠋ᠥ ᠤᠷᠤᠶᠢᠳᠠᠬᠤ ᠪᠠᠷ ᠦᠭᠡᠢ 》 ᠬᠡᠵᠦ  ᠱᠤᠭᠯᠢᠭ ᠶᠠᠷᠢᠵᠦ ᠤᠯᠠᠨ ‍ᠢ ᠪᠠᠨ ᠰᠠᠨᠠᠭᠤᠯᠵᠦ ᠭᠠᠷᠤᠯ᠎ᠠ ᠃
       ᠨᠠᠢᠮᠠᠨ ᠵᠢᠯ ᠠᠯᠳᠠᠭ᠎ᠠ ᠦᠭᠡᠢ  ᠬᠦᠳᠡᠭᠡ ᠳᠤᠰᠬᠤᠨ ᠳ᠋ᠥ ᠰᠢᠨ᠎ᠠ ᠵᠢᠯ ᠦᠨ ᠮᠤᠩᠭᠤᠯ ᠬᠤᠤᠰ ᠤᠶᠠᠩᠭ᠎ᠠ ᠬᠦᠷᠭᠡᠵᠦ ᠪᠠᠶᠢᠭ᠎ᠠ ᠨᠠᠢᠮᠠᠨ ᠬᠤᠰᠢᠭᠤᠨ ᠤ ᠮᠤᠩᠭᠤᠯ ᠬᠡᠯᠡᠨ ᠦ ᠤᠷᠠᠨ ᠪᠢᠴᠢᠯᠭᠡᠳᠠᠳ ᠮᠠᠨᠢ ᠪᠤᠯᠪᠠᠰᠤᠷᠠᠩᠭᠤᠢ ᠭᠡᠳᠡᠭ ᠨᠢ ᠬᠡᠴᠡᠬᠦᠦ  ᠃  ᠠᠷᠠᠳ ᠤᠨ ᠠᠪᠤᠶ᠎ᠠ ᠬᠡᠵᠦ ᠰᠠᠨᠠᠭᠰᠠᠨ ᠬᠤᠤᠰ ᠤᠶᠠᠩᠭ᠎ᠠ ᠶ᠋ᠢ ᠨᠢ ᠠᠪᠤᠨ ᠳᠤᠤᠷ᠎ᠠ ᠨᠢ ᠪᠢᠴᠢᠭᠡᠳ ᠯᠡ ᠭᠠᠷᠤᠨ᠎ᠠ ᠃  ᠨᠠᠢᠮᠠᠨ ᠬᠤᠰᠢᠭᠤᠨ ᠤ《ᠪᠤᠵᠷᠠᠭᠡ ᠬᠤᠷᠤᠭ᠋ᠠᠢ ᠶ᠋ᠢᠨ ᠨᠤᠮ ᠤᠩᠰᠢᠬᠤ ᠪᠦᠯᠬᠦᠮ》 ᠳ᠋ᠥ ᠪᠠᠶᠢᠭ᠎ᠠ ᠪᠠᠳᠦ  ᠂ ᠴᠤᠭᠯᠠ ᠬᠤᠶᠠᠷ ᠡᠪᠤᠭᠡᠵᠢᠶᠠᠷ ᠨᠠᠰᠤᠳᠠᠨ ᠨᠢᠳᠤᠨ ᠰᠢᠯ ᠢᠶ᠋ᠡᠨ ᠨᠢᠭᠡ ᠡᠷᠬᠦᠰᠬᠢᠪᠠᠯ ᠨᠢᠭᠡ ᠬᠤᠤᠰ ᠤᠶᠠᠩᠭ᠎ᠠ ᠵᠤᠬᠢᠶᠠᠴᠢᠬᠠᠭᠠᠳ ᠂ ᠤᠷᠠᠨ ᠪᠢᠴᠢᠯᠭᠡᠳᠠᠨ ᠨᠠᠷ ᠢᠶᠠᠷ ᠤᠷᠮ᠎ᠠ ᠬᠠᠶᠢᠷᠠᠯᠠᠭᠤᠯᠤᠨ ᠂ ᠬᠦᠦ ᠳ᠋ᠥ ᠪᠠᠨ ᠨᠢᠭᠡ ᠬᠤᠤᠰ ᠤᠶᠠᠩᠭ᠎ᠠ ᠂ ᠬᠦᠷᠭᠡᠨ ᠳ᠋ᠥ  ᠪᠠᠨ ᠨᠢᠭᠡ ᠬᠤᠤᠰ ᠤᠶᠠᠩᠭ᠎ᠠ ᠂ ᠬᠦᠨᠳᠠᠯᠠᠨ ᠭᠠᠵᠠᠷ ᠪᠠᠶᠢᠭ᠎ᠠ ᠬᠡᠤᠬᠡᠨ ᠳᠠᠬᠦᠤ ᠳ᠋ᠥ ᠪᠠᠨ  ᠪᠠᠰᠠ ᠨᠢᠭᠡ ᠬᠤᠤᠰ ᠤᠶᠠᠩᠭ᠎ᠠ ᠬᠡᠳ ᠤᠷᠤᠰᠤᠭᠤᠯᠤᠨ ᠪᠢᠴᠢᠬᠦᠯᠵᠦ ᠭᠠᠷᠤᠨ᠎ᠠ ᠃
       ᠬᠠᠭᠠᠰ ᠡᠳᠤᠷ ᠤᠨ ᠴᠠᠭ ᠭᠡᠳᠡᠭ ᠶᠠᠪᠤᠳᠠᠯ ᠪᠦᠳᠦᠭᠡᠳᠡᠭ ᠬᠦᠮᠦᠨ ᠳ᠋ᠥ ᠶᠠᠭᠤ ᠴᠦ ᠪᠤᠯᠬᠤ ᠦᠭᠡᠢ ᠳᠦᠷᠭᠡᠨ ᠦᠩᠭᠡᠷᠡᠭᠡᠳ ᠭᠠᠷᠴᠢᠬᠠᠳᠠᠭ ᠤᠴᠢᠷᠳᠠᠢ ᠃ ᠳᠦᠯᠦᠪᠯᠡᠭᠡ ᠪᠠᠷ ᠢᠶᠡᠨ ᠬᠠᠭᠠᠰ ᠡᠳᠤᠷ ᠂ ᠨᠢᠷᠤᠭᠤ ᠬᠡᠳᠡᠶᠢᠯ ᠦᠭᠡᠢ ᠪᠢᠴᠢᠵᠦ ᠭᠠᠷᠤᠯ᠎ᠠ ᠴᠦ ᠰᠠᠨᠠᠭ᠎ᠠ ᠨᠢ ᠬᠠᠨᠤᠭᠰᠠᠨ ᠦᠭᠡᠢ ᠰᠢᠤᠬᠠᠨ ᠤᠷᠠᠨ ᠪᠢᠴᠢᠯᠭᠡᠴᠢᠳ ᠮᠠᠨᠢ ᠠᠭᠤᠳᠠᠮ ᠦᠷᠦᠭᠠᠨ ᠳ᠋ᠥ ᠳᠦᠬᠦᠷᠡᠳᠠᠯ᠎ᠠ ᠳᠡᠯᠭᠡᠭᠳᠡᠭᠰᠡᠨ ᠤᠯᠠᠭᠠᠨ ᠦᠩᠭᠡ ᠶ᠋ᠢᠨ ᠬᠤᠤᠰ ᠤᠶᠠᠩᠭ᠎ᠠ ᠪᠠᠨ ᠬᠠᠷᠠᠭᠠᠳ ᠤᠮᠤᠭ ᠳᠡᠬᠦᠯᠳᠡᠷ ᠃ 《 ᠨᠤᠮ ᠵᠠᠯᠠᠬᠤ》 ᠪᠠᠷ ᠢᠷᠡᠭᠰᠡᠨ ᠰᠢᠨ᠎ᠠ ᠴᠠᠭ  ᠦᠶ᠎ᠠ ᠶ᠋ᠢᠨ ᠠᠷᠠᠳ ᠤᠨ ᠰᠡᠳᠬᠢᠯ ᠨᠠᠩ ᠳᠦᠬᠦᠷᠠᠩ ᠃
        ᠦᠰᠦᠭ ‍ᠢᠶ᠋ᠡᠷ ᠮᠢᠷᠠᠯᠵᠠᠬᠤ ᠬᠠᠪᠤᠷ ‍ᠤᠨ ᠤᠶᠠᠩᠭ᠎ᠠ ᠡᠭᠦᠳᠡ ᠡᠷᠦᠭᠡ ᠶ᠋ᠢ ᠬᠡᠷᠡᠯᠳᠤᠬᠦᠯᠦᠨ᠎ᠠ  ᠂ 
        ᠤᠶᠤᠨ ᠢᠶᠠᠷ ᠳᠡᠳᠭᠦᠬᠦ ᠤᠬᠠᠭᠠᠨᠳᠤ  ᠪᠤᠳᠤᠯᠭ᠎ᠠ ᠠᠶᠢᠯ ᠨᠤᠳᠤᠭ ᠢ ᠪᠤᠯᠪᠠᠰᠤᠵᠢᠭᠤᠯᠤᠨ᠎ᠠ ᠂

        ᠶᠠᠳᠠᠭᠤ ᠪᠠᠷ ᠳᠡᠳᠬᠦᠬᠦ ᠲᠦᠷᠦ ᠶ᠋ᠢᠨ ᠪᠤᠳᠤᠯᠭ᠎ᠠ ᠤᠯᠤᠰ ᠤᠷᠤᠨ ᠢ ᠴᠢᠨᠠᠭᠡᠯᠢᠭᠵᠢᠬᠦᠯᠦᠨ᠎ᠡ ᠳ᠋ᠠ︕


ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ