ᠮᠣᠡᠭᠭᠣᠯ ᠮᠤᠷᠢᠨ ᠤ ᠵᠣᠷᠢᠭ ᠰᠠᠨᠠᠭ᠎ᠠ ᠪᠡᠷ ᠮᠣᠬᠣᠰᠢ ᠦᠬᠡᠢ ᠲᠡᠮᠡᠴᠡᠳᠡᠭ ᠵᠢᠷ ‍ᠤᠨ ᠮᠣᠡᠭᠭᠣᠯ ᠪᠦᠰᠡᠬᠦᠢ

ᠣᠩᠰᠢᠭᠰᠠᠨ ᠤᠳᠠᠭ᠎ᠠ ᠄ 3350     ᠨᠡᠶᠢᠳᠡᠯᠡᠭᠰᠡᠨ ᠴᠠᠭ ᠄ 2017/12/7 16:38:51


    ᠰᠢ ᠵᠢᠨ ᠫᠢᠡᠭ ᠲᠡᠷᠢᠬᠦᠯᠡᠭᠴᠢ ᠦᠪᠣᠷ ᠮᠣᠡᠭᠭᠣᠯ  ᠳ᠋ᠦ ᠠᠵᠢᠯ ᠪᠠᠶᠢᠴᠠᠭᠠᠬᠣ ᠳ᠋ᠠᠭᠠᠨ 《 ᠮᠣᠡᠭᠭᠣᠯ ᠮᠣᠷᠢᠨ ‍ᠤ ᠵᠣᠷᠢᠭ ᠰᠠᠨᠠᠭ᠎ᠠ  》 ᠶ᠋ᠢ ᠲᠣᠷᠠᠳᠣᠭᠰᠠᠨ ᠪᠠᠶᠢᠨ᠎ᠠ ᠃ ᠡᠬᠦᠨ ᠡᠴᠠ ᠨᠠᠰᠢ ᠦᠪᠣᠷ ᠮᠣᠡᠭᠭᠣᠯ  ᠤᠷᠤᠨ ᠰᠢ ᠲᠡᠷᠢᠬᠦᠯᠡᠭᠴᠢ ᠶ᠋ᠢᠨ ᠵᠢᠭᠠᠪᠣᠷᠢ ᠶᠣᠰᠣᠭᠠᠷ ᠰᠢᠨᠳᠠᠷᠠᠰᠢ ᠦᠬᠡᠢ ᠡᠷᠢᠯᠬᠢᠯᠡᠨ ᠲᠡᠮᠡᠴᠡᠵᠣ ᠦᠵᠡᠰᠬᠦᠯᠠᠡᠭᠳᠣ ᠰᠠᠶᠢᠬᠠᠨ ᠦᠪᠣᠷ ᠮᠣᠡᠭᠭᠣᠯ ᠣᠷᠣᠨ ᠢᠶᠡᠨ ᠪᠦᠳᠣᠭᠡᠨ ᠪᠠᠶᠢᠭᠣᠯᠵᠣ ᠬᠦᠰᠡᠯ ᠵᠡᠬᠦᠳᠣ ᠪᠠᠨ ᠲᠡᠷᠭᠡᠯᠰᠢᠬᠦᠯᠵᠣ ᠪᠠᠶᠢᠨ᠎ᠠ ᠃ ᠡᠳᠡᠭᠡᠷ ᠲᠦᠭ ᠲᠦᠮᠡᠨ ᠬᠦᠮᠣᠰ ‍ᠤᠨ ᠲᠣᠳᠣᠷ᠎ᠠ  ᠡᠯᠡᠰᠣᠨ ᠨᠣᠳᠣᠭ ‍ᠤᠨ ᠵᠢᠷ ‍ᠤᠨ ᠨᠢᠬᠡᠨ ᠮᠣᠡᠭᠭᠣᠯ ᠪᠦᠰᠡᠬᠦᠢ ᠰᠢ ᠶᠢᠡᠭ ‍ᠢ ᠲᠣᠷᠠᠳᠣᠭᠣᠰᠢᠲᠠᠢ ᠪᠠᠶᠢᠨ᠎ᠠ ᠃ ᠰᠢ ᠶᠢᠡᠭ ᠪᠣᠯ ᠠᠵᠢᠯᠴᠢ ᠠᠷᠪᠢᠴᠢ ᠪᠡᠷ ᠭᠡᠷ ᠡᠷᠣᠭᠡ ᠪᠠᠨ ᠲᠣᠳᠣᠮᠳᠠᠵᠣ ᠠᠬᠠᠮᠠᠳ ᠨᠠᠰᠣᠳᠠᠶᠢᠴᠣᠳ ᠢᠶᠡᠨ ᠬᠦᠨᠳᠣᠳᠭᠡᠨ ᠠᠰᠠᠷᠠᠵᠣ ᠠᠴᠢᠯᠠᠯ ᠡᠯᠪᠡᠷᠢᠯ ᠲᠠᠢ ᠪᠦᠰᠡᠬᠦᠢ ᠬᠡᠳᠡᠭ ‍ᠢ ᠨᠠᠢᠮᠠᠨ ᠬᠣᠰᠢᠭᠣᠨ ‍ᠤ ᠪᠠᠶᠠᠨᠳᠠᠯ᠎ᠠ ᠰᠣᠮᠣ ᠶ᠋ᠢᠨ ᠬᠢᠨᠢ ᠬᠦᠮᠣᠨ ᠪᠦᠬᠦᠨ ᠮᠡᠳᠡᠵᠣ ᠪᠠᠶᠢᠳᠠᠭ ᠃ ᠰᠢ ᠶᠢᠡᠭ ᠤᠨ ᠬᠡᠷ ᠣᠣᠯ ᠳ᠋ᠠᠭᠠᠨ ᠠᠮᠢᠳᠣᠷᠠᠯ ᠨᠢ ᠲᠣᠶᠢᠯ ‍ᠤᠨ ᠬᠦᠴᠢᠷᠳᠡᠯ ᠲᠠᠢ ᠪᠠᠶᠢᠳᠠᠭ ᠶᠣᠮ ᠃ ᠬᠡᠪᠡᠴᠣ ᠲᠡᠷᠡ ᠠᠮᠢᠳᠣᠷᠠᠯ ᠨᠢ ᠵᠦᠳᠡᠬᠦᠣ ᠬᠡᠳ ᠣᠬᠣᠷᠢᠵᠣ ᠰᠠᠭᠣᠭᠰᠠᠨ ᠦᠬᠡᠢ ᠂ ᠬᠣᠴᠣᠷᠣᠡᠭᠭᠣᠢ ᠪᠠᠶᠢᠭ᠎ᠠ ᠠᠮᠢᠳᠣᠷᠠᠯ ᠢᠶᠡᠨ ᠵᠠᠪᠠᠯ ᠦᠬᠡᠷᠡᠴᠢᠯᠡᠨ᠎ᠡ ᠬᠡᠵᠣ ᠨᠢᠬᠡ ᠲᠠᠯ᠎ᠠ ᠪᠡᠷ 85 ᠨᠠᠰᠣᠳᠠᠢ ᠲᠠᠮᠪᠠᠷᠠᠭᠰᠠᠨ ᠬᠠᠳᠠᠮ ᠡᠵᠢ ᠪᠠᠨ ᠨᠠᠷᠢᠨ ᠨᠢᠮᠪᠠᠢ ᠠᠰᠠᠷᠠᠨ ᠡᠳ᠋ᠯᠡᠵᠣ ᠂ ᠨᠦᠬᠦᠬᠡ ᠲᠠᠯ᠎ᠠ ᠪᠡᠷ ᠠᠷᠭ᠎ᠠ ᠣᠬᠠᠭᠠᠨ ᠪᠣᠳᠣᠵᠣ ᠬᠦᠴᠣ ᠬᠦᠯᠣᠰᠣ ᠪᠠᠨ ᠣᠷᠣᠰᠬᠠᠨ ᠠᠮᠢᠳᠣᠷᠠᠯ ᠢᠶᠡᠨ ᠦᠬᠡᠳᠡ ᠲᠠᠳᠠᠵᠣ ᠴᠢᠨᠡᠬᠡᠯᠢᠭ ᠪᠣᠯᠭᠠᠶ᠎ᠠ ᠬᠡᠮᠡᠨ ᠰᠦᠰᠣ ᠭᠠᠷᠭᠠᠨ ᠴᠢᠷᠮᠠᠶᠢᠨ ᠢᠷᠡᠯ᠎ᠡ ᠃ ᠣᠳᠣᠬᠠᠨ  ᠳ᠋ᠦ ᠂ ᠣᠨᠴᠠᠯᠢᠭᠳᠣ ᠲᠠᠷᠢᠮᠠᠯ ᠣᠯᠠᠭᠠᠨ ᠯᠠᠵᠣᠣ ᠲᠠᠷᠢᠵᠣ ᠂ ᠣᠯᠠᠭᠠᠨ ᠦᠬᠡᠷ ᠲᠡᠵᠢᠬᠡᠨ ᠶᠠᠳᠠᠭᠣ ᠡᠴᠠ ᠠᠡᠭᠬᠢᠵᠢᠷᠠᠵᠣ ᠠᠮᠢᠳᠣᠷᠠᠯ ᠢᠶᠡᠨ ᠡᠳᠣᠷ ᠢᠷᠡᠬᠦᠶ᠎ᠡ ᠦᠬᠡᠳᠡ  ᠳᠠᠳᠠᠵᠦ  ᠪᠠᠶᠢᠨ᠎ᠠ ᠃
     ᠰᠢ ᠶᠢᠡᠭ ᠲᠡᠭᠡᠷ᠎ᠡ ᠵᠠᠭᠣᠨ ‍ᠤ ᠶᠡᠷᠡᠭᠡᠳ ᠣᠨ ‍ᠤ ᠦᠶ᠎ᠡ  ᠳ᠋ᠦ ᠨᠠᠷᠢᠨᠬᠣᠭᠣᠯᠠᠢ ᠲᠣᠰᠬᠣᠨ ‍ᠤ ᠯᠢ ᠾᠸ ᠲᠠᠢ  ᠣᠷᠣᠭᠯᠠᠵᠡᠢ ᠃ ᠲᠣᠬᠠᠢ ᠶ᠋ᠢᠨ ᠦᠶ᠎ᠡ ᠳ᠋ᠣ ᠡᠷᠡᠭᠲᠠᠢ ᠶ᠋ᠢᠨ ᠬᠡᠷ ᠡᠷᠣᠭᠡ ᠨᠢ  ᠲᠣᠶᠢᠯ ‍ᠤᠨ ᠶᠠᠳᠠᠭᠣ ᠵᠦᠳᠡᠬᠦᠣ ᠂ ᠭᠠᠵᠠᠷ ᠰᠢᠷᠣᠢ ᠨᠢ ᠭᠡᠳ ᠨᠢᠬᠡ ᠮᠣ ᠬᠠᠭᠠᠰ  ᠪᠠᠶᠢᠵᠣ ᠂ ᠲᠠᠷᠢᠶᠠᠯᠠᠡᠭ ‍ᠤᠨ ᠬᠡᠷᠡᠭᠰᠡᠯ ᠵᠠᠷᠣᠳᠠᠯ ᠢᠶᠡᠨ ᠭᠠᠷᠭᠠᠪᠠᠯ ᠨᠢᠬᠡ ᠵᠢᠯ  ᠳ᠋ᠡᠭᠡᠨ ᠶᠠᠭᠠᠷᠠᠭᠠᠳ ᠲᠡᠳᠣᠢ ᠶᠠᠭᠣᠮ᠎ᠠ ᠦᠯᠡᠳᠡᠬᠦ ᠦᠬᠡᠢ ᠃ ᠠᠮᠢᠳᠣᠷᠠᠯ ᠣᠨᠳᠣᠷᠣᠯᠭ᠎ᠠ ᠬᠦᠴᠢᠷᠳᠡᠯ ᠲᠠᠢ ᠦᠶᠡᠰ ᠲᠡᠭᠡᠨ ᠂ ᠠᠮᠣ ᠪᠣᠳᠠᠭ᠎ᠠ ᠵᠢᠬᠡᠯᠡᠵᠣ ᠪᠠᠶᠢᠭᠠᠳ ᠴᠣ ᠡᠳᠣᠷ ᠬᠣᠨᠣᠭ ‍ᠢ ᠦᠡᠭᠭᠡᠷᠡᠬᠡᠬᠦ ᠦᠬᠡᠢ ᠪᠣᠯᠬᠣ ᠦᠬᠡᠢ ᠳ᠋ᠠ ᠭᠡᠵᠣ ᠰᠢ ᠶᠢᠡᠭ ᠵᠣᠪᠠᠭᠣᠷᠢ ᠰᠠᠨᠠᠭᠠᠰᠢᠷᠠᠯ ‍ᠤᠨ ᠲᠣᠮᠳᠠ ᠪᠠᠶᠢᠵᠡᠢ ᠃ ᠲᠡᠷᠡ ᠪᠡᠷ ᠡᠷᠡᠭᠲᠠᠢ  ᠲᠠᠢ ᠪᠠᠨ ᠠᠮᠢᠳᠣᠷᠠᠯ ‍ᠤᠨ ᠬᠦᠴᠢᠷᠳᠡᠯ ᠢ ᠲᠡᠰᠪᠣᠷᠢᠯᠡᠬᠦᠶ᠎ᠡ  ᠪᠠᠷᠭᠡ ᠪᠠᠶᠢᠭᠰᠠᠨ ᠪᠣᠯᠪᠠᠴᠣ ᠂ ᠶᠠᠳᠠᠭᠣ ᠡᠴᠠ  ᠠᠡᠭᠬᠢᠵᠢᠷᠠᠵᠣ ᠪᠠᠶᠠᠵᠢᠨ ᠴᠢᠨᠡᠭᠡᠯᠢᠭᠵᠢᠶ᠎ᠡ ᠬᠡᠰᠡᠨ ᠢᠳᠡᠭᠡᠯ ᠵᠣᠷᠢᠭ ᠡᠷᠡᠯᠬᠡᠭ ᠰᠠᠨᠠᠭ᠎ᠠ ᠲᠡᠬᠦᠯᠳᠡᠷ ᠪᠠᠶᠢᠯ᠎ᠠ ᠃ 《 ᠨᠠᠢᠮᠠᠨ ᠬᠣᠰᠢᠭᠣᠨ ‍ᠤ ᠡᠯᠡᠰᠣᠨ ᠭᠠᠵᠠᠷ ᠶᠠᠭᠣ ᠲᠠᠷᠢᠪᠠᠴᠣ ᠣᠷᠭᠣᠬᠣ ᠦᠬᠡᠢ  ᠳ᠋ᠡ 》 ᠃ ᠡᠨᠡ ᠪᠣᠯ ᠡᠨᠳᠡ ᠠᠮᠢᠳᠣᠷᠠᠵᠣ ᠪᠠᠶᠢᠭ᠎ᠠ ᠮᠠᠯᠴᠢᠨ ᠲᠠᠷᠢᠶᠠᠴᠢᠳ ‍ᠤᠨ ᠦᠶ᠎ᠡ ᠶ᠋ᠢᠨ ᠦᠶ᠎ᠡ  ᠰᠠᠨᠠᠭᠠᠰᠢᠷᠠᠵᠣ ᠪᠠᠶᠢᠭᠰᠠᠨ ᠶᠠᠪᠣᠳᠠᠯ ᠪᠣᠯᠣᠨ᠎ᠠ ᠃ 2015 ᠣᠨ ‍ᠤ ᠡᠬᠢ ᠪᠡᠷ ᠂ ᠪᠠᠶᠠᠨᠳᠠᠯ᠎ᠠ  ᠰᠣᠮᠣ ᠶ᠋ᠢᠨ ᠵᠠᠰᠠᠭ ‍ᠤᠨ ᠣᠷᠳᠣᠨ ᠨᠢ ᠮᠠᠯᠴᠢᠨ ᠲᠠᠷᠢᠶᠠᠴᠢᠨ ‍ᠤ ᠣᠷᠣᠯᠭ᠎ᠠ ᠶ᠋ᠢ ᠨᠡᠮᠡᠭᠳᠡᠬᠦᠯᠬᠦ ᠶ᠋ᠢᠨ ᠲᠦᠯᠣᠭᠡ ᠠᠮᠢ ᠠᠬᠣᠢ ᠶ᠋ᠢ ᠬᠠᠮᠠᠭᠠᠯᠠᠬᠣ ᠰᠠᠭᠣᠷᠢᠨ ᠲᠡᠭᠡᠷ᠎ᠡ ᠂ ᠡᠯᠡᠰᠣᠨ ᠭᠠᠵᠠᠷ ‍ᠤᠨ ᠡᠬᠢ ᠪᠠᠶᠠᠯᠢᠭ ᠢᠶᠡᠨ ᠬᠦᠢᠴᠡᠳ ᠠᠰᠢᠭᠯᠠᠵᠣ  ᠣᠨᠴᠠᠯᠢᠭᠳᠣ ᠲᠠᠷᠢᠮᠠᠯ ‍ᠤᠨ ᠠᠵᠣ ᠣᠶᠢᠯᠡᠰ ‍ᠢ ᠬᠦᠭᠵᠢᠬᠦᠯᠬᠦ ᠰᠡᠳᠬᠢᠴᠡ ᠶ᠋ᠢ ᠲᠣᠷᠠᠳᠴᠣ ᠂ ᠨᠠᠷᠢᠨᠬᠣᠭᠣᠯᠠᠢ ᠲᠣᠰᠬᠣᠨ ᠳ᠋ᠣ ᠡᠯᠡᠰᠣᠨ ᠲᠠᠷᠪᠣᠰ  ᠲᠠᠷᠢᠬᠣ  ᠲᠦᠷᠣᠯ ᠵᠣᠶᠢᠯ ‍ᠢ ᠬᠡᠷᠡᠭᠵᠢᠬᠦᠯᠵᠣ ᠂ ᠲᠦᠷᠣᠯ ᠵᠣᠶᠢᠯ  ‍ᠢ ᠨᠢ ᠵᠠᠰᠠᠭ ‍ᠤᠨ ᠣᠷᠳᠣᠨ  ᠵᠢᠯᠤᠭᠤᠳᠴᠤ ᠂  ᠵᠠᠬ᠎ᠠ ᠲᠡᠯᠬᠡᠬᠦᠷ ᠢᠵᠢ ᠪᠦᠷᠢᠳᠣᠬᠦᠯᠵᠣ ᠂ ᠲᠠᠷᠢᠶᠠᠴᠢᠨ ᠡᠷᠣᠭᠡ ᠲᠠᠭᠠᠭᠠᠴᠢᠯᠠᠬᠣ ᠬᠡᠯᠪᠡᠷᠢ ᠪᠡᠷ ᠶᠠᠪᠣᠭᠳᠠᠭᠣᠯᠣᠭᠰᠠᠨ ᠪᠠᠶᠢᠨ᠎ᠠ ᠃ ᠰᠢ ᠶᠢᠡᠭ ᠡᠷᠡᠭᠲᠠᠢ ᠲᠠᠢ ᠪᠠᠨ ᠡᠨᠡᠬᠦ ᠠᠵᠠ ᠵᠠᠪᠰᠢᠶᠠᠨ ‍ᠢ  ᠳᠠᠯᠢᠮᠳᠠᠭᠤᠯᠤᠨ ᠂ ᠬᠦᠰᠡᠯ ᠢᠶᠡᠨ ᠪᠡᠶᠡᠯᠡᠬᠦᠯᠬᠦ   《ᠰᠢᠨ᠎ᠡ ᠠᠶᠠᠨ ᠲᠠᠶᠢᠨ 》  ᠳ᠋ᠦ ᠮᠣᠷᠳᠠᠪᠠ ᠃ ᠲᠡᠳᠡ ᠬᠦᠷᠰᠢ ᠵᠡᠷᠭᠡᠯᠳᠡᠭᠡ ᠬᠡᠳᠣᠨ ᠬᠡᠷ  ᠢᠶᠡᠨ ᠲᠠᠶᠢᠴᠢᠯᠠᠵᠣ 100 ᠮᠣ ᠡᠵᠡᠬᠦᠢ ᠡᠯᠡᠰᠣ ᠶ᠋ᠢ ᠲᠠᠭᠠᠭᠠᠴᠢᠯᠠᠨ ᠠᠪᠴᠣ ᠂ ᠡᠯᠡᠰᠣᠨ ᠭᠠᠵᠠᠷ  ᠲᠦ ᠦᠷ᠎ᠡ ᠦᠬᠡᠢ ᠲᠠᠷᠪᠣᠰ ᠲᠠᠷᠢᠪᠠ ᠃ ᠨᠢᠬᠡ ᠵᠢᠯ  ᠬᠠᠳᠠᠭᠣᠵᠢᠯᠳᠠᠢ  ᠬᠦᠳᠡᠯᠮᠣᠷᠢᠯᠡᠭᠡᠳ ᠰᠢ ᠶᠢᠡᠭ ᠪᠠ ᠡᠷᠡᠭᠲᠠᠢ ᠨᠢ 5  ᠲᠦᠮᠡᠨ  ᠲᠦᠬᠦᠷᠢᠭ ᠬᠣᠪᠢᠶᠠᠨ ᠣᠯᠵᠣ ᠂ ᠪᠦᠬᠦ ᠬᠡᠷ ᠢᠶᠠᠷ ᠢᠶᠡᠨ  ᠶᠠᠳᠠᠭᠣ ᠡᠴᠠ ᠠᠡᠭᠬᠢᠵᠢᠷᠠᠵᠣ ᠪᠠᠶᠠᠨ ᠴᠢᠨᠡᠬᠡᠯᠢᠭ ᠪᠣᠯᠬᠣ ᠬᠦᠰᠡᠯ ᠡᠷᠡᠮᠡᠯᠵᠡᠯ  ‍ᠤᠨ ᠬᠡᠷᠡᠯ ᠭᠢᠯᠪᠠᠭ᠎ᠠ ᠪᠠᠨ ᠣᠯᠵᠣ  ᠬᠠᠷᠠᠪᠠ  ᠃   ᠰᠢ ᠶᠢᠡᠭ ᠠᠵᠣ ᠠᠮᠢᠳᠣᠷᠠᠯ ‍ᠤᠨ ᠦᠢᠯᠡᠳᠣᠯᠬᠡ ᠶ᠋ᠢᠨ ᠲᠣᠮᠳᠠ ᠪᠠᠨ ᠵᠣᠭᠣᠰ ᠣᠯᠪᠠᠯ ᠵᠦᠢ ᠵᠣᠬᠢᠰᠳᠠᠢ ᠬᠡᠷᠡᠭᠯᠡᠬᠦ ᠬᠡᠷᠡᠭᠲᠠᠢ ᠂ ᠬᠠᠮᠣᠭ  ᠴᠢᠬᠣᠯᠠ  ᠲᠠᠢ ᠦᠶᠡᠰ ᠲᠡᠭᠡᠨ ᠵᠣᠭᠣᠰ ᠮᠦᠡᠭᠬᠦ ᠪᠠᠨ ᠬᠡᠷᠡᠭᠯᠡᠬᠦ ᠬᠡᠷᠡᠭᠲᠠᠢ ᠬᠡᠰᠡᠨ ᠶᠣᠰᠣ ᠶ᠋ᠢ ᠮᠡᠳᠡᠪᠡ ᠃ ᠲᠡᠬᠦᠨ ‍ᠤ ᠬᠡᠷ ‍ᠤᠨ ᠬᠠᠨᠵᠣᠨ ‍ᠤ ᠢᠷᠮᠡᠭ ᠲᠡᠭᠡᠨ  ᠦᠷᠬᠦᠯᠵᠢ ᠵᠣᠪ ᠵᠣᠵᠠᠭᠠᠨ 《 ᠬᠡᠷ ᠪᠦᠯᠢ ᠶ᠋ᠢᠨ ᠣᠷᠣᠯᠭ᠎ᠠ ᠵᠠᠷᠣᠯᠭ᠎ᠠ ᠶ᠋ᠢᠨ ᠲᠠᠡᠭᠰᠠᠨ ᠲᠡᠪᠳᠡᠷ 》  ᠲᠠᠯᠪᠢᠵᠣ ᠪᠠᠶᠢᠳᠠᠭ ᠃ ᠡᠨᠡ ᠲᠡᠪᠳᠡᠷ ‍ᠢ ᠣᠷᠪᠠᠭᠣᠯᠵᠣ ᠦᠵᠡᠪᠡᠯ ᠂ ᠲᠡᠭᠡᠷ᠎ᠡ ᠨᠢ  ᠭᠡᠳᠣᠨ ᠵᠢᠯ ‍ᠤᠨ ᠦᠢᠯᠡᠳᠪᠣᠷᠢᠯᠠᠯ ᠠᠮᠢᠳᠣᠷᠠᠯ ‍ᠤᠨ ᠣᠷᠣᠯᠭ᠎ᠠ ᠵᠠᠷᠣᠯᠭ᠎ᠠ ᠲᠠᠡᠭᠰᠠ ᠲᠣᠳᠣᠷᠬᠠᠢ  ᠪᠠᠶᠢᠳᠠᠭ ᠃ ᠲᠡᠷᠡ ᠦᠷᠬᠦᠯᠵᠢ 《  ᠤᠤᠭᠤᠵᠦ ᠢᠳᠡᠭᠡᠳ ᠦᠬᠡᠶᠢᠷᠡᠬᠦ ᠦᠬᠡᠢ  ᠬᠡᠪᠠᠴᠤ  ᠪᠣᠳᠣᠵᠣ  ᠣᠯᠬᠣ ᠦᠬᠡᠢ  ᠪᠣᠯ ᠨᠢᠬᠡ ᠨᠠᠰᠣᠨ ᠲᠠᠭᠠᠨ ᠶᠠᠳᠠᠭᠣ 》 ᠬᠡᠰᠡᠨ ᠬᠠᠭᠣᠴᠢ ᠦᠬᠡ ᠶ᠋ᠢ ᠲᠠᠪᠳᠠᠨ ᠬᠡᠯᠡᠳᠡᠭ ᠬᠡᠨ᠎ᠡ ᠃ 2015 ᠣᠨ ‍ᠤ ᠰᠡᠬᠦᠯ  ᠳ᠋ᠦ ᠂ ᠡᠷ᠎ᠡ ᠡᠮ᠎ᠡ ᠬᠣᠶᠠᠭᠣᠯᠠ ᠪᠠᠨ 10 ᠮᠣ ᠭᠠᠵᠠᠷ ‍ᠢ ᠲᠠᠭᠠᠭᠠᠴᠢᠯᠠᠨ ᠠᠪᠴᠣ ᠂ ᠡᠨᠡᠬᠦ 10 ᠮᠣ ᠭᠠᠵᠠᠷ ᠲᠠᠭᠠᠨ ᠣᠯᠠᠭᠠᠨ ᠯᠠᠵᠣᠣ ᠲᠠᠷᠢᠶ᠎ᠠ ᠭᠡᠵᠣ ᠵᠣᠷᠢᠭ ᠰᠢᠭᠣᠳᠴᠡᠢ ᠃ ᠰᠢ ᠶᠢᠡᠭ ‍ᠤᠨ ᠦᠵᠡᠬᠦ ᠪᠡᠷ ᠮᠡᠳᠡᠯᠭᠡ ᠦᠬᠡᠢ ᠂ ᠮᠡᠷᠭᠡᠵᠢᠯ ᠦᠬᠡᠢ ᠪᠡᠷ ᠣᠯᠠᠭᠠᠨ ᠯᠠᠵᠣᠣ ᠲᠠᠷᠢᠵᠣ ᠲᠡᠶᠢᠯᠬᠦ ᠦᠬᠡᠢ ᠶᠣᠮ ᠃ ᠶᠠᠭᠠᠬᠢᠬᠣ ᠪᠣᠢ ? ᠬᠡᠷ ᠲᠣᠨᠢ ᠺᠣᠮᠪᠢᠣᠲ᠋ᠸᠷ ᠦᠬᠡᠢ ᠂ ᠦᠪᠡᠷ ‍ᠤᠨ ᠬᠢᠨᠢ ᠺᠣᠮᠫᠢᠣᠲ᠋ᠸᠷ ‍ᠤᠨ ᠮᠡᠷᠭᠡᠵᠢᠯ ᠠᠨᠠᠢ ᠪᠠᠶᠢᠳᠠᠭ ᠃   ᠡᠨᠡᠬᠦ ᠠᠰᠠᠭᠣᠳᠠᠯ ‍ᠢ ᠬᠡᠷᠬᠢᠨ ᠰᠢᠢᠳᠪᠣᠷᠢᠯᠡᠬᠦ ᠪᠣᠢ ? ᠲᠡᠷᠡ ᠪᠡᠷ ᠨᠢᠬᠡ ᠡᠪᠣᠯ ‍ᠤᠨ ᠴᠠᠭ ‍ᠢ ᠠᠰᠢᠭᠯᠠᠵᠣ ᠲᠣᠰᠬᠣᠨ ‍ᠤ ᠪᠠᠨ ᠺᠣᠮᠫᠢᠣᠲ᠋ᠸᠷ ‍ᠤᠨ ᠲᠠᠰᠣᠭ  ᠲᠦ ᠰᠠᠭᠣᠵᠣ ᠵᠠᠯᠠᠭᠣᠴᠣᠳ ᠢᠷᠡᠪᠡᠯ ᠯᠡ ᠵᠢᠭᠠᠯᠭᠠᠵᠣ ᠂ ᠦᠪᠡᠷ ᠢᠶᠡᠨ ᠲᠡᠰᠪᠣᠷᠢᠲᠠᠢ ᠣᠷᠣᠯᠳᠣᠵᠣ ᠂ ᠺᠣᠮᠪᠢᠣᠲ᠋ᠸᠷ  ‍ᠤᠨ ᠠᠡᠭᠬᠠᠨ ‍ᠤ ᠮᠡᠳᠡᠯᠭᠡ ᠶ᠋ᠢ ᠰᠣᠷᠴᠣ ᠴᠢᠳᠠᠪᠠ ᠃ ᠣᠯᠠᠭᠠᠨ ᠯᠠᠵᠣᠣ ᠲᠠᠷᠢᠬᠣ  ᠠᠡᠭᠬᠠᠨ ‍ᠤ ᠮᠡᠳᠡᠯᠭᠡ ᠶ᠋ᠢ ᠬᠠᠶᠢᠨ  ᠴᠢᠳᠠᠵᠣ ᠂ ᠬᠡᠷᠬᠢᠨ ᠲᠠᠷᠢᠬᠣ  ᠂  ᠪᠣᠷᠳᠣᠭᠣᠷ ‍ᠢ ᠬᠡᠷᠬᠢᠨ ᠵᠣᠬᠢᠴᠠᠭᠣᠯᠬᠣ ᠂ ᠪᠣᠷᠳᠣᠭᠣᠷ ᠬᠡᠷᠬᠢᠨ  ᠣᠷᠣᠭᠣᠯᠬᠣ  ᠂  ᠬᠣᠷᠣᠬᠠᠢ ᠰᠢᠪᠡᠵᠢ ᠶ᠋ᠢ ᠬᠡᠷᠬᠢᠨ ᠰᠡᠷᠭᠡᠶᠢᠯᠡᠬᠦ ᠵᠡᠷᠭᠡ  ᠮᠡᠳᠡᠯᠭᠡ ᠮᠡᠷᠭᠡᠵᠢᠯ ᠢᠶᠠᠷ 《 ᠴᠠᠬᠢᠯᠭᠠᠨ ᠢᠶᠡᠨ ᠴᠡᠨᠡᠭᠯᠡᠵᠣ 》 ᠣᠷᠢᠬᠠᠨ ᠬᠠᠪᠣᠷ ᠬᠦᠷᠴᠣ ᠢᠷᠡᠬᠦ ᠶ᠋ᠢ  ᠳᠠᠰᠤᠨ ᠶᠠᠳᠠᠨ ᠬᠦᠯᠢᠶᠡᠪᠡ  ᠃ 2016 ᠣᠨ ‍ᠤ ᠵᠢᠯ ‍ᠤᠨ ᠰᠡᠬᠦᠯᠴᠢ ᠳ᠋ᠣ ᠂ ᠰᠢ ᠶᠢᠡᠭ ‍ᠤᠨ ᠣᠯᠠᠭᠠᠨ ᠯᠠᠵᠣᠣ ᠡᠯᠪᠡᠭ ᠬᠣᠷᠢᠶᠠᠵᠣ ᠂ ᠨᠢᠬᠡ  ᠮᠤ᠋ ᠳ᠋ᠡᠭᠡᠨ 500 ᠺᠢᠯᠣᠺᠷᠠᠮ ᠣᠨᠠᠵᠣ ᠂ ᠮᠣ ᠪᠦᠷᠢ ᠶ᠋ᠢᠨ ᠴᠡᠪᠡᠷ ᠣᠷᠣᠯᠭ᠎ᠠ ᠨᠢ 4000 ᠬᠦᠷᠴᠣ ᠂ ᠠᠮᠢᠳᠣᠷᠠᠯ ᠨᠢ ᠶᠠᠭ  ᠣᠯᠠᠭᠠᠨ ᠯᠠᠵᠣᠣ ᠰᠢᠭ᠋ ᠶᠠᠪᠣᠬᠣ ᠲᠣᠳᠣᠮ ᠣᠯᠠᠭᠠᠨ ᠪᠣᠶᠠᠨ ‍ᠤ ᠬᠡᠰᠢᠭ ᠪᠠᠭᠣᠪᠠ ᠃
    ᠰᠢ ᠶᠢᠡᠭ ᠬᠡᠳᠣᠶᠢᠪᠡᠷ  ᠡᠴᠡᠡᠭᠭᠡᠷ ᠲᠣᠷᠠᠡᠭᠬᠠᠢ ᠪᠣᠯᠪᠠᠴᠣ ᠲᠣᠰᠬᠣᠨ ‍ᠤ ᠠᠷᠠᠳ ᠨᠢ ᠡᠨᠡᠬᠦ ᠲᠣᠳᠣᠷ᠎ᠠ ᠪᠠᠨ  《 ᠮᠣᠡᠭᠭᠣᠯ ᠮᠣᠷᠢᠨ  》 ‍ᠤ ᠢᠳᠡ ᠲᠠᠮᠢᠷ ᠲᠠᠢ ᠮᠣᠡᠭᠭᠣᠯ ᠪᠦᠰᠡᠬᠦᠢ ᠶ᠋ᠢ ᠪᠢᠰᠢᠷᠡᠳᠡᠭ ᠪᠠᠶᠢᠯ᠎ᠠ ᠃  ᠰᠢ ᠶᠢᠡᠭ ᠤᠨ ᠬᠠᠳᠠᠮ ᠡᠵᠢ ᠨᠢ 6 ᠵᠢᠯ ‍ᠤᠨ ᠡᠮᠣᠨ᠎ᠡ ᠬᠡᠨᠡᠳᠳᠡ ᠪᠡᠷ ᠲᠠᠷᠢᠬᠢᠨ ᠳ᠋ᠣᠨᠢ ᠴᠢᠰᠣ ᠬᠠᠷᠪᠣᠬᠣ ᠡᠪᠡᠳᠴᠢᠨ ᠣᠯᠵᠣ  ᠤᠷᠤᠨ ᠡᠴᠠ ᠪᠠᠨ ᠪᠣᠰᠴᠣ ᠲᠡᠶᠢᠯᠬᠦ ᠦᠬᠡᠢ  ᠳᠠᠮᠪᠠᠷᠠᠵᠦ ᠂ ᠠᠮᠳᠣᠷᠠᠯ ᠢᠶᠡᠨ ᠦᠪᠡᠷ ᠢᠶᠡᠨᠠᠷᠭᠠᠴᠠᠭᠠᠵᠣ ᠲᠡᠶᠢᠯᠬᠦ ᠦᠬᠡᠢ  ᠪᠠᠶᠢᠵᠡᠢ ᠃ ᠲᠡᠷᠡ ᠡᠷ᠎ᠡ ᠨᠦᠬᠦᠷ ᠲᠠᠢ ᠪᠠᠨ ᠭᠠᠳᠠᠨ᠎ᠠ ᠲᠣᠳᠣᠨ᠎ᠠ  ᠶᠠᠭᠠᠷᠠᠬᠤ ᠶ᠋ᠢᠨ ᠴᠢᠯᠤᠭᠡ ᠪᠠᠷ ᠂ ᠨᠠᠰᠣᠳᠠᠨ ᠢᠶᠡᠨ ᠨᠠᠷᠢᠨ ᠨᠢᠮᠪᠠᠢ ᠡᠳ᠋ᠯᠡᠵᠣ ᠂ ᠦᠷᠯᠣᠭᠡ ᠪᠣᠯᠭᠠᠨ ᠪᠡᠶ᠎ᠡ ᠶ᠋ᠢ ᠨᠢ ᠣᠬᠢᠶᠠᠵᠣ ᠵᠦᠯᠬᠦᠨ ᠠᠷᠴᠢᠵᠣ  ᠬᠦᠷᠪᠡᠬᠦᠯᠣᠨᠣᠷᠪᠠᠭᠣᠯᠵᠣ ᠂ ᠴᠠᠭ ᠲᠣᠨᠢ ᠡᠮ ᠲᠣᠮ ‍ᠢ ᠨᠢ ᠣᠣᠭᠣᠯᠭᠠᠵᠣ ᠂ ᠢᠳᠡᠵᠣ ᠣᠣᠭᠣᠬᠣ ᠶ᠋ᠢ ᠨᠢ ᠵᠦᠢ ᠵᠣᠬᠢᠰᠳᠠᠢ ᠲᠣᠬᠢᠷᠠᠭᠣᠯᠵᠣ ᠪᠠᠶᠢᠳᠠᠭ ᠃ ᠠᠵᠢᠯ ᠬᠦᠳᠡᠯᠮᠣᠷᠢ ᠬᠢᠬᠡᠳ ᠬᠡᠳᠣᠢ  ᠶᠠᠳᠠᠷᠠᠵᠣ ᠵᠦᠳᠡᠷᠡᠵᠣ ᠪᠠᠶᠢᠭᠰᠠᠨ  ᠴᠦ ᠨᠠᠰᠣᠳᠠᠨ ᠳ᠋ᠠᠭᠠᠨ ᠬᠠᠯᠠᠭᠣᠨ ᠴᠢᠷᠠᠢ ᠦᠭᠴᠣ ᠬᠠᠯᠠᠮᠵᠢ ᠶ᠋ᠢᠨ ᠠᠴᠢᠯᠠᠯ ᠡᠯᠪᠡᠷᠢᠯ ᠢᠶᠡᠨ ᠬᠦᠢᠴᠡᠭᠡᠳᠡᠭ ᠃ ᠡᠨᠡᠬᠦ  ᠵᠢᠷᠭᠣᠭᠠᠨ ᠵᠢᠯ ‍ᠢ ᠨᠢᠬᠡᠨ ᠡᠳᠣᠷ ᠮᠡᠳᠣ  ᠦᠡᠭᠭᠡᠷᠡᠭᠡᠬᠡᠳ ᠭᠠᠪᠢᠶᠠᠷᠬᠠᠵᠣ ᠭᠣᠮᠣᠳᠠᠭᠰᠠᠨ ᠦᠬᠡᠢ ᠶᠣᠮ ᠡ ! ᠡᠨᠡᠬᠦ ᠪᠣᠶᠠᠨᠰᠠᠭ ᠠᠵᠢᠯᠯᠠᠭ᠎ᠠ ᠳ᠋ᠦ ᠡᠴᠢᠬᠡ ᠲᠡᠭᠷᠢ ᠰᠡᠳᠬᠢᠯ ᠬᠦᠳᠡᠯᠣᠭᠰᠡᠨ ᠶᠣᠮ ᠤᠣ ?   ᠬᠠᠳᠠᠮ ᠡᠵᠢ ᠨᠢ ᠰᠠᠶᠢᠨ ᠰᠠᠶᠢᠬᠠᠨ ‍ᠢ ᠲᠠᠭᠠᠳᠬᠠᠵᠣ ᠪᠠᠶᠠᠷ ᠪᠠᠶᠠᠰᠣᠯᠳᠠᠢ ᠪᠣᠯᠣᠭᠰᠠᠨ ‍ᠤ  ᠴᠦ  ᠶᠣᠮ ᠤᠣ ? ᠬᠠᠳᠠᠮ ᠡᠵᠢ ᠨᠢ ᠠᠯᠭᠣᠷ ᠠᠭᠠᠵᠢᠮ ᠢᠶᠠᠷ ᠲᠠᠶᠠᠭ ᠲᠣᠯᠣᠨ ᠶᠠᠪᠣᠬᠣ ᠪᠣᠯᠵᠣ ᠂ ᠡᠳᠣᠷ ᠲᠣᠵᠢ ᠬᠡᠣᠭᠡᠳ ‍ᠤᠨ ᠢᠶᠡᠨ ᠰᠠᠶᠢᠨ ᠰᠠᠶᠢᠬᠠᠨ ‍ᠢ ᠢᠷᠣᠭᠡᠵᠣ ᠂  ᠪᠣᠰᠣᠳ  ᠲᠦ ᠄ 《 ᠪᠣᠶᠠᠨ ᠲᠠᠢ ᠶᠠᠪᠣᠬᠣ ᠶᠣᠮ ᠡ ᠂ ᠡᠶᠢᠮᠣ ᠡᠯᠪᠡᠷᠢᠯ  ᠠᠴᠢᠯᠠᠯ ᠲᠠᠢ ᠮᠣᠡᠭᠭᠣᠯ ᠪᠡᠷᠢ ᠦᠬᠡᠢ ᠪᠣᠯᠣᠭᠰᠠᠨ ᠪᠣᠯ ᠪᠢ ᠣᠳᠣ ᠪᠣᠯᠳᠠᠯ᠎ᠠ ᠪᠠᠶᠢᠭ᠎ᠠ ᠦᠬᠡᠢ 》 ᠬᠡᠵᠣ ᠦᠷᠬᠦᠯᠵᠢ ᠬᠡᠯᠡᠳᠡᠭ ᠃   ᠰᠢ ᠶᠢᠡᠭ ᠦᠷᠬᠦᠯᠵᠢ  《  ᠪᠢᠳᠡ ᠬᠣᠶᠠᠭᠣᠯᠠ ᠶᠠᠳᠠᠭᠣ ᠡᠴᠠ ᠠᠶᠣᠬᠣ ᠦᠬᠡᠢ ᠂ ᠣᠴᠢᠷ ᠨᠢ ᠮᠠᠨ ᠳ᠋ᠣ ᠬᠣᠶᠠᠷ ᠭᠠᠷ ᠂ ᠲᠠᠷᠢᠬᠢ ᠲᠣᠯᠣᠭᠠᠢ ᠪᠠᠶᠢᠨ᠎ᠠ ᠂ ᠲᠡᠭᠡᠷ᠎ᠡ  ᠨᠢ ᠪᠢᠳᠡᠨ ‍ᠤ ᠪᠣᠶᠠᠨᠰᠠᠭ ᠰᠡᠳᠬᠢᠯ ᠪᠠᠶᠢᠨ᠎ᠠ  ᠁ ᠣᠳᠣᠬᠠᠨ  ᠳ᠋ᠦ ᠣᠯᠣᠰ ‍ᠤᠨ ᠲᠦᠷᠣ ᠶ᠋ᠢᠨ ᠪᠣᠳᠣᠯᠭ᠎ᠠ ᠶᠠᠪᠣᠬᠣ ᠲᠣᠳᠣᠮ ᠰᠠᠶᠢᠵᠢᠷᠠᠵᠣ ᠪᠠᠶᠢᠭ᠎ᠠ  ᠶᠣᠮ ᠴᠢᠨᠢ  ᠂ ᠪᠢᠳᠡ ᠵᠦᠬᠡᠷ ᠰᠠᠭᠣᠭᠠᠳ ᠪᠣᠯᠬᠣ ᠦᠬᠡᠢ !ᠮᠠᠨ ‍ᠤ ᠠᠮᠢᠳᠣᠷᠠᠯ ᠬᠡᠯᠡᠯᠬᠡᠨ ᠦᠬᠡᠢ ᠶᠠᠪᠣᠬᠣ ᠲᠣᠳᠣᠮ ᠰᠠᠶᠢᠵᠢᠷᠠᠵᠣ ᠪᠠᠶᠠᠨ ᠴᠢᠨᠡᠭᠡᠯᠢᠭ ᠪᠣᠯᠣᠨ᠎ᠠ 》 ᠭᠡᠵᠣ ᠬᠡᠯᠡᠳᠡᠭ ᠬᠡᠨ᠎ᠡ ᠃ ᠲᠡᠬᠦᠨ ‍ᠤ ᠦᠬᠡᠨ  ᠳ᠋ᠦ ᠨᠢᠬᠡ ᠵᠣᠶᠢᠯ ‍ᠤᠨ ᠢᠳᠡᠭᠡᠯ ᠬᠦᠰᠡᠯ ᠨᠢᠭᠣᠭᠳᠠᠵᠣ ᠂ ᠵᠣᠷᠢᠭᠳᠠᠢ ᠰᠡᠳᠬᠢᠵᠣ ᠵᠣᠷᠢᠭᠳᠠᠢ ᠡᠷᠢᠯᠬᠢᠯᠡᠨ 《 ᠮᠣᠡᠭᠭᠣᠯ ᠮᠤᠷᠢᠨ ᠤ ᠵᠣᠷᠢᠭ ᠰᠠᠨᠠᠭ᠎ᠠ   》ᠪᠡᠷ ᠮᠣᠬᠣᠰᠢ ᠦᠬᠡᠢ ᠲᠡᠮᠡᠴᠡᠬᠦ ᠢᠳᠡᠭᠡᠯ  ᠳᠠᠬᠦᠯᠳᠠᠷ ᠪᠠᠶᠢᠨ᠎ᠠ ᠃ ( ᠮᠠᠡᠭᠭᠣᠳ ᠪᠦᠬᠡ   ᠮᠡᠳᠡᠭᠡᠯᠡᠪᠡ ) 2017.12.7
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ