ᠨᠠᠢᠮᠠᠨ ᠬᠤᠰᠢᠭᠣᠨ ᠤ ᠤᠯᠠᠭᠠᠨᠮᠦᠢᠴᠢᠷ ᠰᠢ ᠵᠢᠨ ᠫᠢᠩ ᠶᠡᠷᠦᠩᠬᠡᠢ ᠱᠦᠵᠢ ᠶ᠋ᠢᠨ 《 ᠬᠠᠷᠢᠭᠤ ᠵᠠᠬᠢᠳᠠᠯ 》 ᠢ ᠨᠠᠷᠢᠨ ᠬᠢᠨᠠᠮᠠᠭᠠᠢ ᠰᠤᠷᠤᠯᠴᠠᠬᠤ ᠬᠦᠳᠡᠯᠭᠡᠭᠡᠨ ᠦᠷᠨᠢᠭᠦᠯᠪᠡ

ᠣᠩᠰᠢᠭᠰᠠᠨ ᠤᠳᠠᠭ᠎ᠠ ᠄ 5580     ᠨᠡᠶᠢᠳᠡᠯᠡᠭᠰᠡᠨ ᠴᠠᠭ ᠄ 2017/11/29 16:08:04

        ᠨᠠᠢᠮᠠᠨ ᠬᠤᠰᠢᠭᠣᠨ ᠤ ᠤᠯᠠᠭᠠᠨᠮᠦᠢᠴᠢᠷ ᠰᠢ ᠵᠢᠨ ᠫᠢᠩ ᠶᠡᠷᠦᠩᠬᠡᠢ ᠱᠦᠵᠢ ᠶ᠋ᠢᠨ 《 ᠬᠠᠷᠢᠭᠤ ᠵᠠᠬᠢᠳᠠᠯ 》 ᠢ ᠨᠠᠷᠢᠨ ᠬᠢᠨᠠᠮᠠᠭᠠᠢ ᠰᠤᠷᠤᠯᠴᠠᠨ ᠶᠠᠷᠢᠯᠴᠠᠵᠤ ᠰᠡᠦᠨᠬᠢᠯ ᠰᠠᠨᠠᠭ᠎ᠠ ᠨᠢ ᠪᠠᠶᠠᠰᠤᠨ ᠣᠮᠤᠭ ᠵᠣᠷᠢᠭ ᠨᠢ ᠪᠠᠳᠠᠷᠠᠵᠦ ᠡᠷᠴᠢ ᠬᠦᠴᠦ ᠨᠢ  ᠣᠷᠭᠢᠯᠪᠠ ᠃ ᠲᠡᠳᠡᠨᠦᠰ 《 ᠶᠡᠷᠦᠩᠬᠡᠢ ᠱᠦᠵᠢ ᠶ᠋ᠢᠨ ᠬᠠᠷᠢᠭᠤ ᠵᠠᠬᠢᠳᠠᠯ ᠤᠨ ᠪᠠᠶᠠᠷᠳᠤ ᠮᠡᠳᠡᠭᠡ ᠣᠯᠠᠮᠵᠢᠯᠠᠬᠳᠠᠯ᠎ᠠ 》 ᠂ 《ᠤᠯᠠᠭᠠᠨ ᠥᠩᠭᠡᠲᠦ ᠤᠯᠠᠭᠠᠨᠮᠦᠢᠴᠢᠷ 》 ᠂《 ᠥᠨᠢᠳᠡ ᠲᠠᠯ᠎ᠠ ᠨᠤᠳᠣᠭ ᠤᠨ ᠭᠠᠪᠰᠢᠭᠠᠢ ᠮᠣᠷᠢᠲᠤ ᠴᠡᠷᠢᠭ ᠪᠣᠯᠤᠨ᠎ᠠ 》 ᠵᠡᠷᠭᠡ ᠮᠤᠩᠭᠤᠯ ᠬᠡᠯᠡᠨ ᠦ ᠬᠣᠯᠪᠤᠭ᠎ᠠ  ᠮᠡᠳᠥ ᠶ᠋ᠢᠨ ᠶᠠᠩᠵᠤ ᠪᠦᠷᠢ ᠶ᠋ᠢᠨ ᠣᠬᠣᠷ ᠠᠪᠰᠠᠷᠬᠠᠨ ᠲᠣᠬᠯᠠᠭᠠᠮ ᠵᠣᠬᠢᠶᠠᠨ ᠪᠣᠯᠪᠠᠰᠤᠷᠠᠵᠤ ᠂ ᠰᠢᠨ᠎ᠡ ᠵᠢᠯ ᠴᠠᠭᠠᠨ ᠰᠠᠷ᠎ᠠ ᠡᠴᠠ ᠡᠮᠦᠨ᠎ᠡ ᠂ ᠪᠦᠬᠦ ᠬᠤᠰᠢᠭᠣᠨ ᠤ ᠪᠤᠶᠢᠳᠠ ᠪᠦᠭᠯᠡᠭᠦᠦ ᠭᠠᠴᠠᠭ᠎ᠠ ᠲᠣᠰᠬᠤᠨ ᠂ ᠶᠠᠳᠠᠭᠤ ᠬᠦᠴᠢᠷᠳᠡᠯᠲᠡᠢ ᠭᠠᠵᠠᠷ ᠣᠷᠣᠨ ᠂ ᠴᠡᠷᠢᠭ ᠠᠩᠭᠢ ᠶ᠋ᠢᠨ ᠬᠤᠸᠠᠷᠠᠨ ᠂ ᠠᠵᠤ ᠠᠬᠤᠶᠢᠯᠠᠯ ᠤᠨ ᠲᠣᠭᠤᠷᠢᠭ ᠂  ᠨᠠᠰᠤᠲᠠᠨ ᠢ ᠠᠰᠠᠷᠠᠬᠤ ᠬᠦᠷᠢᠶᠡᠯᠡᠩ ᠵᠡᠷᠭᠡ ᠳ᠋ᠥ 30 ᠲᠠᠯᠠᠪᠠᠢ ᠡᠴᠠ ᠳᠡᠭᠡᠭᠰᠢ ᠳᠣᠬᠯᠠᠭᠠᠮ ᠭᠠᠷᠭᠠᠬᠤ ᠪᠠᠷ ᠰᠢᠷᠭᠠᠭᠤ ᠪᠤᠯᠪᠠᠰᠤᠷᠠᠵᠤ ᠪᠠᠶᠢᠨ᠎ᠠ ᠃( ᠯᠢ ᠪᠤᠶᠠᠨᠴᠤᠭᠯᠠ ᠮᠡᠳᠡᠭᠡᠯᠡᠪᠡ)


                    


    



ᠢᠷᠡᠯᠳᠡ᠄ ᠨᠠᠶᠢᠷᠠᠭᠤᠯᠤᠭᠴᠢ᠄ ᠭᠤᠤ ᠾᠤᠢᠩ ᠮᠧᠢ

ᠬᠠᠮᠢᠶ᠎ᠡ ᠪᠦᠬᠦᠢ ᠰᠣᠨᠢᠨ