ᠨᠠᠢᠮᠠᠨ ᠬᠤᠰᠢᠭᠤ 《 ᠭᠤᠷᠪᠠ ᠶ᠋ᠢ ᠠᠭᠤᠳᠠᠯᠵᠦ 》ᠡᠷᠡᠬᠦᠯ ᠢᠶ᠋ᠡᠷ ᠶᠠᠳᠠᠭᠤ ᠶ᠋ᠢ ᠳᠡᠳᠬᠦᠬᠦ ᠲᠦᠷᠦ ᠶ᠋ᠢᠨ ᠪᠤᠳᠤᠯᠭ᠎ᠠ  ᠶ᠋ᠢ ᠭᠡᠷᠡᠭᠵᠢᠬᠦᠯᠦᠭᠡᠳ ᠦᠷ᠎ᠡ ᠪᠦᠳᠦᠮᠵᠢ ᠰᠠᠶᠢᠳᠠᠢ

ᠣᠩᠰᠢᠭᠰᠠᠨ ᠤᠳᠠᠭ᠎ᠠ ᠄ 3254     ᠨᠡᠶᠢᠳᠡᠯᠡᠭᠰᠡᠨ ᠴᠠᠭ ᠄ 2017/11/29 10:39:57

          ᠨᠠᠢᠮᠠᠨ ᠬᠤᠰᠢᠭᠤ ᠡᠷᠡᠬᠦᠯ ᠢᠶ᠋ᠡᠷ ᠶᠠᠳᠠᠭᠤ ᠶ᠋ᠢ ᠳᠡᠳᠬᠦᠬᠦ ᠳ᠋ᠥ《 ᠭᠤᠷᠪᠠ ᠶ᠋ᠢ ᠠᠭᠤᠳᠠᠯᠵᠦ》 ᠡᠪᠡᠳᠴᠢᠨ ᠢ ᠠᠷᠢᠯᠭᠠᠨ《 ᠶᠠᠳᠠᠭᠤ ᠶ᠋ᠢᠨ ᠦᠨᠳᠤᠰᠤ ᠶ᠋ᠢ ᠮᠤᠯᠳᠤᠯᠵᠦ》 ᠪᠤᠢ ᠃ ᠠᠷᠬᠠᠭ ᠡᠪᠡᠳᠴᠢᠨ ᠂ ᠬᠦᠨᠳᠤ ᠡᠪᠡᠳᠴᠢᠨ ᠡᠴᠡ ᠶᠡᠭᠡ ᠡᠪᠡᠳᠴᠢᠨ ᠬᠦᠷᠳᠡᠯ᠎ᠠ ᠂《 ᠭᠤᠷᠪᠠ ᠶ᠋ᠢ ᠠᠭᠤᠳᠠᠯᠵᠦ》ᠡᠷᠡᠬᠦᠯ ᠢᠶ᠋ᠡᠷ ᠶᠠᠳᠠᠭᠤ ᠶ᠋ᠢ ᠳᠡᠳᠬᠦᠬᠦ  ᠲᠦᠷᠦ ᠶ᠋ᠢᠨ ᠪᠤᠳᠤᠯᠭ᠎ᠠ  ᠶ᠋ᠢ ᠭᠡᠷᠡᠭᠵᠢᠬᠦᠯᠵᠦ ᠂  ᠶᠠᠳᠠᠭᠤ ᠬᠦᠴᠢᠷᠳᠡᠯᠳᠠᠢ ᠡᠪᠠᠳᠴᠢᠳᠠᠳ ᠤᠨ ᠪᠠᠳᠤᠯᠠᠭ᠎ᠠ ᠶ᠋ᠢᠨ ᠳᠤᠤᠷ ᠢ ᠪᠦᠷᠢᠯᠳᠤᠬᠦᠯᠵᠦ ᠂  ᠳᠠᠳᠠᠨ  ᠳ᠋ᠥ ᠵᠤᠯ  ᠵᠢᠷᠭᠠᠯᠳᠤ ᠠᠮᠢᠳᠤᠷᠠᠯ ᠤᠨ ᠬᠦᠰᠡᠯ ᠦᠨ ᠭᠡᠷᠡᠯ ᠭᠡᠭᠡ ᠶ᠋ᠢ ᠠᠪᠴᠢᠷᠠᠵᠦ ᠦᠭᠬᠦᠭᠰᠡᠨ ᠪᠠᠶᠢᠨ᠎ᠠ ᠃  ᠤᠳᠤᠬᠠᠨ ᠪᠤᠯᠳᠠᠯ᠎ᠠ ᠂ ᠪᠦᠬᠦ ᠬᠤᠰᠢᠭᠤ ᠳᠠᠩᠰᠠᠯᠠᠵᠦ ᠺᠡᠷᠲ᠋ᠯᠠᠭᠰᠠᠨ ᠶᠠᠳᠠᠭᠤ ᠬᠦᠴᠢᠷᠳᠡᠯᠳᠠᠢ ᠡᠪᠠᠳᠴᠢᠳᠠᠳ ‍ᠢ ᠨᠠᠶᠢᠳᠠ 7203 ᠬᠦᠮᠦᠨ ᠢ ᠡᠮᠨᠠᠵᠦ ᠵᠠᠰᠠᠨ ᠂ ᠡᠮᠨᠡᠯᠬᠡ ᠡᠴᠠ ᠭᠠᠷᠬᠤ ᠳ᠋ᠦᠩᠨᠡᠨ ᠪᠤᠳᠤᠯᠳᠠ ᠬᠦᠢᠴᠡᠳᠭᠡᠭᠰᠡᠨ ᠨᠢ  6825 ᠬᠦᠮᠦᠨ ᠂ ᠡᠮᠨᠡᠯᠭᠡ ᠳ᠋ᠥ ᠰᠠᠭᠤᠵᠦ ᠳ᠋ᠦᠩᠨᠡᠨ ᠪᠤᠳᠤᠯᠳᠠ ᠬᠦᠢᠴᠡᠳᠭᠡᠭᠰᠡᠨ ᠶᠠᠷᠤᠩᠬᠡᠢ ᠰᠦᠢᠳᠭᠡᠯ 3612.2 ᠳᠦᠮᠡᠨ ᠳᠦᠬᠦᠷᠢᠭ ᠲᠦ ᠬᠦᠷᠴᠡᠢ ᠃ ᠡᠮ ᠡᠮᠨᠡᠯᠬᠡ ᠶ᠋ᠢᠨ ᠲᠠᠭᠠᠳᠬᠠᠯ ᠂ ᠬᠤᠳᠠᠯᠳᠤᠭᠠᠨ ᠤ  ᠨᠦᠬᠦᠪᠤᠷᠢ ᠳᠠᠭᠠᠳᠬᠠᠯ ᠂ ᠠᠷᠠᠳ ‍ᠤᠨ ᠶᠠᠪᠤᠳᠠᠯ ᠤᠨ ᠡᠮᠴᠢᠯᠠᠬᠡ ᠪᠠᠷ ᠠᠪᠤᠷᠠᠨ  ᠳᠤᠰᠠᠯᠠᠮᠵᠢ ᠤᠯᠭᠤᠬᠤ ᠪᠠ  ᠵᠠᠰᠠᠭ ᠤᠨ ᠤᠷᠳᠤᠨ ᠤ 《 ᠭᠤᠷᠪᠠ ᠶ᠋ᠢ ᠠᠭᠤᠳᠠᠯᠬᠤ》ᠲᠦᠷᠦ ᠶ᠋ᠢᠨ ᠪᠤᠳᠤᠯᠭ᠎ᠠ  ᠶ᠋ᠢ ᠭᠡᠷᠡᠭᠵᠢᠬᠦᠯᠬᠦ  ᠪᠠᠷ ᠳᠠᠮᠵᠢᠨ 3478.15 ᠳᠦᠮᠡᠨ ᠳᠦᠬᠦᠷᠢᠭ ‍ ᠲᠠᠩᠰᠠ ᠳᠠᠶᠢᠯᠤᠨ ᠂ ᠡᠪᠠᠳᠴᠢᠳᠠᠳ ᠦᠪᠡᠷᠳᠡᠭᠡᠨ133.9 ᠳᠦᠮᠡᠨ ᠳᠦᠬᠦᠷᠢᠭ ᠵᠠᠷᠤᠴᠠᠭᠤᠯᠵᠦ ᠂ ᠦᠪᠡᠷᠳᠡᠭᠡᠨ ᠵᠠᠷᠤᠴᠠᠭᠤᠯᠤᠭᠰᠠᠨ ᠮᠦᠩᠬᠦ ᠨᠢ ᠪᠦᠬᠦ ᠰᠦᠢᠳᠭᠡᠯ ᠦᠨ 3.71%  ᠪᠤᠯᠤᠭᠰᠠᠨ ᠪᠠᠶᠢᠨ᠎ᠠ  ᠃  ( ᠪᠤᠤ  ᠵᠢᠨ ᠯᠢᠶᠠᠨ ᠮᠡᠳᠡᠭᠡᠯᠡᠪᠡ )
ᠢᠷᠡᠯᠳᠡ᠄ ᠨᠠᠶᠢᠷᠠᠭᠤᠯᠤᠭᠴᠢ᠄ ᠭᠤᠤ ᠾᠤᠢᠩ ᠮᠧᠢ

ᠬᠠᠮᠢᠶ᠎ᠡ ᠪᠦᠬᠦᠢ ᠰᠣᠨᠢᠨ