ᠨᠠᠢᠮᠠᠨ ᠬᠣᠰᠢᠭᠣ ᠨᠠᠮ ‍ᠤᠨ ᠠᠷᠪᠠ ᠶᠢᠰᠣᠳᠣᠭᠡᠷ ᠶᠡᠬᠡ ᠬᠣᠷᠠᠯ ‍ᠤᠨ ᠵᠣᠷᠢᠭ ᠰᠠᠨᠠᠭ᠎ᠠ ᠶ᠋ᠢ ᠰᠣᠷᠣᠯᠴᠠᠨ ᠨᠠᠶᠢᠳᠠᠪᠣᠷᠢᠵᠢᠭᠣᠯᠬᠣ ᠶᠠᠪᠣᠴᠡ ᠳ᠋ᠤ《 ᠲᠠᠪᠣᠨ ᠵᠣᠶᠢᠯ 》 ‍ᠤᠨ ᠠᠵᠢᠯ ‍ᠢ ᠰᠠᠶᠢᠳᠣᠷ ᠬᠢᠵᠠᠢ

ᠣᠩᠰᠢᠭᠰᠠᠨ ᠤᠳᠠᠭ᠎ᠠ ᠄ 5667     ᠨᠡᠶᠢᠳᠡᠯᠡᠭᠰᠡᠨ ᠴᠠᠭ ᠄ 2017/11/28 16:14:44

      ᠨᠠᠮ ‍ᠤᠨ ᠠᠷᠪᠠ ᠶᠢᠰᠣᠳᠣᠭᠡᠷ ᠶᠡᠬᠡ ᠬᠣᠷᠠᠯ ᠢᠯᠠᠯᠳᠠ ᠲᠠᠢ ᠬᠣᠷᠠᠯᠳᠣᠭᠰᠠᠨ ‍ᠤ ᠲᠠᠷᠠᠭ᠎ᠠ ᠂ ᠨᠠᠢᠮᠠᠨ ᠬᠣᠰᠢᠭᠣ ᠨᠠᠮ ‍ᠤᠨ ᠠᠷᠪᠠ ᠶᠢᠰᠣᠳᠣᠭᠡᠷ ᠶᠡᠬᠡ ᠬᠣᠷᠠᠯ ‍ᠤᠨ ᠵᠣᠷᠢᠭ ᠰᠠᠨᠠᠭ᠎ᠠ ᠶ᠋ᠢ ᠰᠣᠷᠣᠯᠴᠠᠨ ᠣᠬᠠᠭᠣᠯᠵᠣ ᠨᠠᠶᠢᠳᠠᠪᠣᠷᠢᠵᠢᠭᠣᠯᠬᠣ  ᠪᠠ ᠲᠦᠡᠭᠯᠢᠶᠣᠣ ᠬᠣᠳᠠ ᠶ᠋ᠢᠨ ᠲᠣᠷᠠᠳᠣᠭᠰᠠᠨ 《 ᠵᠢᠷᠭᠣᠭ᠎ᠠ ᠶ᠋ᠢ ᠲᠡᠰᠵᠢᠬᠦᠯᠵᠣ 》《 ᠵᠢᠷᠭᠣᠭᠠᠨ ᠲᠣᠭᠣᠷᠢᠭ  ‍ᠢ ᠬᠠᠮᠳᠣ ᠪᠡᠷ ᠪᠦᠳᠣᠭᠡᠨ ᠪᠠᠶᠢᠭᠣᠯᠬᠣ 》 ᠴᠢᠬᠣᠯᠠ ᠪᠠᠶᠢᠷᠢᠯᠠᠭᠣᠯᠣᠯᠳᠠ ᠶ᠋ᠢᠨ ᠲᠣᠭᠣᠷᠢᠨ  ᠳ᠋ᠤ ᠂ 《 ᠶᠡᠬᠡ ᠪᠡᠷ ᠰᠣᠷᠣᠯᠴᠠᠵᠣ ᠶᠡᠬᠡ ᠪᠡᠷ ᠪᠠᠶᠢᠴᠠᠭᠠᠨ  ᠰᠣᠳᠣᠯᠣᠯᠳᠠ ᠬᠢᠵᠣ ᠂ ᠶᠡᠬᠡ ᠪᠡᠷ  ᠰᠣᠷᠪᠣᠯᠵᠢᠯᠠᠵᠣ ᠂ ᠶᠡᠬᠡ ᠪᠡᠷ ᠬᠢᠨᠠᠨ ᠪᠠᠶᠢᠴᠠᠭᠠᠵᠣ ᠂ ᠶᠡᠬᠡ ᠪᠡᠷ ᠨᠠᠶᠢᠳᠠᠪᠣᠷᠢᠵᠢᠭᠣᠯᠬᠣ 》 ᠵᠡᠷᠭᠡ ᠲᠠᠪᠣᠨ ᠵᠣᠶᠢᠯ ‍ᠤᠨ ᠠᠵᠢᠯ ‍ᠢ ᠦᠷᠨᠢᠬᠦᠯᠵᠣ ᠂ ᠪᠦᠬᠦ ᠬᠣᠰᠢᠭᠣᠨ ‍ᠤ ᠡᠯ᠎ᠡ ᠦᠨᠳᠣᠰᠣᠳᠡᠨ ‍ᠤ  ᠦᠷᠭᠡᠨ ᠣᠯᠠᠨ ᠺᠠᠳ᠋ᠷ ᠣᠯᠠᠨ ᠲᠦᠮᠡᠨ ᠲᠠᠢ ᠪᠦᠯᠬᠦᠮᠳᠡᠨ ᠲᠠᠶᠢᠴᠢᠯᠠᠵᠣ ᠂ ᠰᠢᠷᠭᠠᠭᠣ ᠠᠵᠢᠯᠯᠠᠵᠣ ᠪᠣᠳᠠᠳᠠᠢ ᠠᠵᠢᠯᠯᠠᠵᠣ ᠂ ᠠᠮᠢ ᠴᠦᠯᠡᠨ ᠣᠷᠣᠭᠰᠢᠯᠠᠨ ᠪᠦᠬᠦ ᠬᠣᠰᠢᠭᠣᠨ ‍ᠤ ᠪᠠᠨ ᠠᠵᠣ ᠠᠬᠣᠢ ᠨᠡᠶᠢᠬᠡᠮ ‍ᠢ ᠦᠷᠬᠦᠯᠵᠢᠯᠡᠨ ᠡᠷᠡᠬᠦᠯ ᠢᠶᠠᠷ ᠬᠦᠭᠵᠢᠬᠦᠯᠬᠦ ᠶ᠋ᠢ ᠲᠦᠯᠬᠢᠨ ᠠᠬᠢᠭᠣᠯᠣᠨ᠎ᠠ ᠃

 

  《 ᠨᠠᠮ ‍ᠤᠨ ᠠᠷᠪᠠ ᠶᠢᠰᠣᠳᠣᠭᠡᠷ ᠶᠡᠬᠡ ᠬᠣᠷᠠᠯ ‍ᠤᠨ ᠵᠣᠷᠢᠭ ᠰᠠᠨᠠᠭ᠎ᠠ ᠶ᠋ᠢ ᠰᠣᠷᠣᠯᠴᠠᠨ ᠣᠬᠠᠭᠣᠯᠵᠣ ᠨᠠᠶᠢᠳᠠᠪᠣᠷᠢᠵᠢᠭᠣᠯᠬᠣ ᠲᠣᠬᠠᠢ ᠦᠳᠳᠣᠷ ᠲᠦᠷᠭᠡᠨ ᠰᠢᠨ᠎ᠡ ᠦᠷᠨᠢᠯᠳᠡ ᠭᠠᠷᠭᠠᠬᠣ ᠲᠣᠬᠠᠢ ᠮᠡᠳᠡᠭᠳᠡᠯ 》《 ᠨᠠᠮ ‍ᠤᠨ ᠠᠷᠪᠠ ᠶᠢᠰᠣᠳᠣᠭᠡᠷ ᠶᠡᠬᠡ ᠬᠣᠷᠠᠯ ‍ᠤᠨ ᠵᠣᠷᠢᠭ ᠰᠠᠨᠠᠭ᠎ᠠ ᠶ᠋ᠢ ᠰᠣᠷᠣᠯᠴᠠᠨ  ᠨᠠᠶᠢᠳᠠᠪᠣᠷᠢᠵᠢᠭᠣᠯᠬᠣ ᠲᠣᠬᠠᠢ ᠲᠦᠰᠣᠪ 》 ᠪᠠᠭᠣᠯᠭᠠᠵᠣ ᠂ 《 ᠰᠣᠷᠣᠯᠴᠠᠨ ᠣᠶᠢᠯᠠᠭᠠᠬᠣ ᠂ ᠨᠡᠪᠳᠡᠷᠡᠳᠡᠯ᠎ᠡ ᠮᠡᠳᠡᠬᠦ ᠂ ᠪᠣᠳᠠᠳᠠᠢ ᠪᠡᠷ ᠬᠢᠬᠦ 》 ᠱᠠᠭᠠᠷᠳᠠᠯᠭ᠎ᠠ ᠶᠣᠰᠣᠭᠠᠷ ᠂ ᠬᠣᠰᠢᠭᠣᠨ ‍ᠤ  ᠣᠨᠣᠯ ‍ᠤᠨ ᠭᠣᠣᠯ ᠲᠣᠭᠣᠶᠢᠯᠠᠡᠭ ᠨᠢ 5  ᠣᠳᠠᠭ᠎ᠠ ᠲᠦᠪᠯᠡᠷᠡᠬᠦᠯᠣᠨ  ᠰᠣᠷᠣᠯᠴᠠᠵᠣ᠂ ᠡᠯ᠎ᠡ ᠱᠠᠳᠣᠨ ‍ᠤ ᠨᠠᠮ ‍ᠤᠨ ᠬᠣᠷᠢᠶ᠎ᠠ ( ᠨᠠᠮ ‍ᠤᠨ ᠲᠣᠭᠣᠶᠢᠯᠠᠡᠭ ) ᠶ᠋ᠢᠨ ᠣᠨᠣᠯ ‍ᠤᠨ ᠭᠣᠣᠯ ᠲᠣᠭᠣᠶᠢᠯᠠᠡᠭ 160 ᠭᠠᠷᠣᠢ ᠲᠦᠪᠯᠡᠷᠡᠬᠦᠯᠣᠨ ᠰᠣᠷᠣᠯᠴᠠᠵᠣ ᠂ ᠡᠯ᠎ᠡ ᠱᠠᠳᠣᠨ ‍ᠤ ᠨᠠᠮ ‍ᠤᠨ ᠬᠣᠷᠢᠶ᠎ᠠ  ᠳ᠋ᠤ ᠬᠠᠨᠳᠣᠭᠣᠯᠣᠭᠰᠠᠨ ᠣᠬᠠᠭᠣᠯᠣᠨ ᠲᠠᠶᠢᠯᠪᠣᠷᠢᠯᠠᠯᠳᠠ ᠶ᠋ᠢ 50 ᠭᠠᠷᠣᠢ ᠲᠠᠯᠠᠪᠠᠢ ᠶᠠᠪᠣᠭᠣᠯᠵᠣ ᠂ ᠨᠠᠮ ‍ᠤᠨ ᠬᠡᠰᠢᠬᠦᠨ ᠺᠠᠳ᠋ᠷ ᠣᠯᠠᠨ ᠲᠦᠮᠡᠨ 5000 ᠭᠠᠷᠣᠢ ᠬᠦᠮᠣᠰ ᠢᠯᠡᠳᠭᠡᠯ ᠰᠣᠨᠣᠰᠴᠡᠢ ᠃ 1776 ᠺᠠᠳ᠋ᠷ ᠶᠠᠳᠠᠭᠣ  ᠡᠴᠠ ᠠᠡᠭᠬᠢᠵᠢᠷᠠᠭᠣᠯᠬᠣ ᠰᠢᠪᠳᠣᠯᠣᠯᠳᠠ ᠂ ᠬᠦᠳᠡᠭᠡ ᠲᠣᠰᠬᠣᠨ ‍ᠢ ᠮᠠᠨᠳᠣᠭᠣᠯᠬᠣ ᠂ ᠦᠨᠳᠣᠰᠣᠨ ᠱᠠᠳᠣᠨ ‍ᠤ ᠨᠠᠮ ‍ᠤᠨ ᠪᠦᠳᠣᠭᠡᠨ ᠪᠠᠶᠢᠭᠣᠯᠣᠯᠳᠠ ᠵᠡᠷᠭᠡ ᠭᠣᠣᠯᠳᠠᠯᠭ᠎ᠠ ᠲᠠᠢ ᠠᠵᠢᠯ ᠲᠠᠢ ᠪᠠᠨ ᠣᠶᠠᠯᠳᠣᠭᠣᠯᠣᠨ ᠲᠣᠰᠬᠣᠨ  ᠳ᠋ᠤ ᠪᠠᠭᠣᠵᠣ ᠡᠷᠣᠭᠡ  ᠳ᠋ᠤ ᠬᠦᠨᠵᠡᠬᠡᠶᠢᠷᠡᠨ ᠣᠬᠠᠭᠣᠯᠣᠨ ᠲᠠᠶᠢᠯᠪᠣᠷᠢᠯᠠᠬᠣ ᠪᠠ ᠬᠠᠷᠢᠯᠴᠠᠨ ᠰᠣᠯᠢᠯᠴᠠᠬᠣ ᠠᠵᠢᠯᠯᠠᠭᠠᠨ ᠦᠷᠨᠢᠬᠦᠯᠪᠡ ᠃

   

      ᠣᠳᠣᠷᠢᠳᠬᠣ  ᠺᠠᠳ᠋ᠷᠴᠣᠳ ‍ᠢ ᠵᠣᠬᠢᠶᠠᠨ ᠪᠠᠶᠢᠭᠣᠯᠣᠨ ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠠ ᠂ ᠠᠵᠣ ᠠᠬᠣᠢ ᠶ᠋ᠢᠨ ᠡᠷᠬᠢᠯᠳᠡ ᠶᠠᠪᠣᠭᠳᠠᠯ ᠂ ᠭᠣᠣᠯᠳᠠᠯᠭ᠎ᠠ ᠲᠠᠢ ᠲᠦᠷᠣᠯ ᠵᠣᠶᠢᠯ ᠂ ᠨᠡᠶᠢᠬᠡᠮ ᠲᠣᠭᠣᠷᠢᠭ ‍ᠤᠨ ᠨᠠᠮ ‍ᠤᠨ ᠪᠦᠳᠣᠭᠡᠨ ᠪᠠᠶᠢᠭᠣᠯᠣᠯᠳᠠ ᠂ ᠵᠠᠬᠢᠳᠠᠯ ᠰᠣᠷᠪᠣᠯᠵᠢᠯᠠᠭ᠎ᠠ ᠲᠣᠭᠳᠠᠭᠣᠨ ᠂ ᠠᠮᠣᠷ ᠲᠦᠪᠰᠢᠨ ᠦᠢᠯᠡᠳᠪᠣᠷᠢᠯᠠᠯ ᠵᠡᠷᠭᠡ ᠶ᠋ᠢᠨ ᠲᠣᠭᠣᠷᠢᠨ  ᠳ᠋ᠥ  ᠲᠣᠰᠬᠠᠢ ᠰᠡᠳᠣᠪ ᠢᠶᠠᠷ ᠲᠦᠪᠯᠡᠷᠡᠬᠦᠯᠣᠨ ᠪᠠᠶᠢᠴᠠᠭᠠᠨ ᠰᠣᠳᠣᠯᠣᠯᠳᠠ ᠦᠷᠨᠢᠬᠦᠯᠵᠣ ᠪᠠᠶᠢᠨ᠎ᠠ ᠃᠂ ᠣᠳᠣᠬᠠᠨ ᠳ᠋ᠤ ᠂ ᠭᠠᠵᠠᠷ ‍ᠤᠨ ᠲᠡᠰ ‍ᠤᠨ ᠣᠳᠣᠷᠢᠳᠬᠣ  ᠺᠠᠳ᠋ᠷᠴᠣᠳ ᠪᠠᠶᠢᠴᠠᠭᠠᠨ ᠰᠣᠳᠣᠯᠣᠯᠳᠠ ᠶ᠋ᠢᠨ ᠮᠡᠳᠡᠬᠦᠯᠣᠯᠳᠡ 8 ᠬᠣᠪᠢ ᠂ ᠰᠠᠯᠠᠭᠠᠨ ᠲᠡᠰ ‍ᠤᠨ ᠣᠳᠣᠷᠢᠳᠬᠣ ᠺᠠᠳ᠋ᠷᠴᠣᠳ ᠪᠠᠶᠢᠴᠠᠭᠠᠨ ᠰᠣᠳᠣᠯᠣᠯᠳᠠ ᠶ᠋ᠢᠨ ᠮᠡᠳᠡᠬᠦᠯᠣᠯᠳᠡ438 ᠬᠣᠪᠢ ᠪᠢᠴᠢᠵᠣ ᠪᠠᠶᠢᠨ᠎ᠠ ᠃

   

      ᠬᠣᠳᠠ ᠬᠦᠳᠡᠭᠡ  ᠳ᠋ᠤ᠂ ᠶᠠᠳᠠᠭᠣ ᠬᠦᠴᠢᠷᠳᠡᠯᠳᠣ ᠡᠷᠣᠭᠡ ᠶ᠋ᠢ ᠰᠣᠷᠪᠣᠯᠵᠢᠯᠠᠬᠣ ᠂ ᠵᠠᠭᠠᠯᠳᠣᠯᠭ᠎ᠠ ᠶ᠋ᠢ ᠰᠣᠷᠪᠣᠯᠵᠢᠯᠠᠬᠣ ᠂ ᠠᠮᠣᠷ ᠲᠦᠪᠰᠢᠨ ‍ᠢ ᠰᠣᠷᠪᠣᠯᠵᠢᠯᠠᠬᠣ  ᠵᠡᠷᠭᠡ ᠠᠵᠢᠯᠯᠠᠭᠠᠨ ᠦᠷᠨᠢᠬᠦᠯᠵᠣ ᠂ ᠦᠨᠳᠣᠰᠣᠨ ᠱᠠᠳᠣᠨ  ᠳ᠋ᠤ ᠬᠦᠨᠵᠡᠬᠡᠶᠢᠷᠡᠵᠣ ᠠᠷᠠᠳ ‍ᠤᠨ ᠰᠠᠨᠠᠭᠠᠰᠢᠷᠠᠯ ‍ᠢ ᠲᠠᠶᠢᠯᠵᠣ ᠂ ᠠᠷᠠᠳ ‍ᠤᠨ ᠰᠠᠨᠠᠯ ‍ᠢ ᠰᠣᠨᠣᠰᠴᠣ ᠂ ᠠᠷᠠᠳ ‍ᠤᠨ ᠰᠡᠳᠬᠢᠯ ‍ᠢ ᠲᠣᠯᠠᠭᠠᠴᠠᠭᠣᠯᠬᠣ ᠂ ᠠᠷᠠᠳ ‍ᠤᠨ ᠬᠦᠴᠣ ᠶ᠋ᠢ ᠨᠢᠭᠳᠠᠷᠠᠭᠣᠯᠬᠣ ᠂ ᠡᠶ᠎ᠡ ᠵᠣᠬᠢᠴᠠᠡᠭᠭᠣᠢ ᠲᠣᠭᠳᠠᠭᠣᠨ ᠨᠡᠶᠢᠬᠡᠮ ‍ᠤᠨ ᠲᠣᠭᠣᠷᠢᠨ ‍ᠢ ᠪᠣᠢ ᠪᠣᠯᠭᠠᠵᠣ ᠂  ᠪᠦᠬᠦ ᠬᠣᠰᠢᠭᠣᠨ ‍ᠤ107 ᠭᠠᠴᠠᠭ᠎ᠠ ᠲᠣᠰᠬᠣᠨ ᠵᠠᠬᠢᠳᠠᠯ ᠰᠣᠷᠪᠣᠯᠵᠢᠯᠭ᠎ᠠ  ᠶ᠋ᠢᠨ ᠣᠴᠢᠷ ᠪᠠ ᠡᠷᠡᠬᠦᠣ ᠶ᠋ᠢᠨ ᠬᠡᠷᠡᠭ ᠭᠠᠷᠣᠭᠰᠠᠨ ᠦᠬᠡᠢ ᠶᠣᠮ ᠃

     

         ᠮᠠᠨ ‍ᠣ ᠬᠣᠰᠢᠭᠣᠨ ‍ᠤ ᠵᠠᠰᠠᠭ ‍ᠤᠨ ᠣᠷᠳᠣᠨ ‍ᠤ ᠬᠢᠨᠠᠨ ᠪᠠᠶᠢᠴᠠᠭᠠᠬᠣ ᠲᠠᠰᠣᠭ 7 ᠬᠢᠨᠠᠨ ᠪᠠᠶᠢᠴᠠᠭᠠᠬᠣ  ᠲᠣᠭᠣᠶᠢᠯᠠᠡᠭ ᠪᠠᠶᠢᠭᠣᠯᠵᠣ ᠂ ᠪᠦᠬᠦ ᠬᠣᠰᠢᠭᠣᠨ ‍ᠤ ᠪᠠᠨ 15 ᠰᠣᠮᠣ ᠰᠢᠶᠠᠡᠭ ᠪᠠᠯᠭᠠᠰᠣ ᠲᠠᠯᠠᠪᠠᠢ ᠶ᠋ᠢᠨᠨᠠᠮ ‍ᠤᠨ ᠠᠷᠪᠠ ᠶᠢᠰᠣᠳᠣᠭᠡᠷ ᠶᠡᠬᠡ ᠬᠣᠷᠠᠯ ‍ᠤᠨ ᠵᠣᠷᠢᠭ ᠰᠠᠨᠠᠭ᠎ᠠ  ᠶ᠋ᠢ ᠰᠣᠷᠣᠯᠴᠠᠨ ᠣᠬᠠᠭᠣᠯᠬᠣ ᠂ ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠠ  ᠂ ᠲᠦᠷᠣᠯ ᠵᠣᠶᠢᠯ ‍ᠤᠨ ᠪᠦᠳᠣᠭᠡᠨ ᠪᠠᠶᠢᠭᠣᠯᠣᠯᠳᠠ ᠂ ᠦᠨᠳᠣᠰᠣᠨ ᠱᠠᠳᠣᠨ ‍ᠤ ᠨᠠᠮ ‍ᠤᠨ ᠪᠦᠳᠣᠭᠡᠨ ᠪᠠᠶᠢᠭᠣᠯᠣᠯᠳᠠ ᠪᠠ ᠠᠮᠣᠷ ᠲᠦᠪᠰᠢᠨ ‍ᠤ ᠦᠢᠯᠡᠳᠪᠣᠷᠢᠯᠠᠯ ᠵᠡᠷᠭᠡ ᠭᠣᠣᠯᠳᠠᠯᠭ᠎ᠠ ᠲᠠᠢ ᠠᠵᠢᠯ ‍ᠢ ᠲᠣᠰᠬᠠᠢ ᠬᠢᠨᠠᠨ ᠪᠠᠶᠢᠴᠠᠭᠠᠯᠳᠠ ᠬᠢᠭᠰᠡᠨ ᠪᠠᠶᠢᠨ᠎ᠠ ᠃ ᠣᠳᠣᠬᠠᠨ ᠪᠣᠯᠳᠠᠯ᠎ᠠ ᠬᠢᠨᠠᠨ ᠪᠠᠶᠢᠴᠠᠭᠠᠬᠣ ᠲᠣᠭᠣᠶᠢᠯᠠᠡᠭ ᠨᠢᠬᠡᠨᠳᠡ ᠬᠣᠶᠠᠷ ᠡᠭᠡᠯᠵᠢᠶᠡᠨ ‍ᠤ ᠬᠢᠨᠠᠨ ᠪᠠᠶᠢᠴᠠᠭᠠᠯᠳᠠ ᠶ᠋ᠢ ᠬᠦᠢᠴᠡᠳᠭᠡᠪᠡ ᠃
         ᠲᠡᠭᠡᠳᠣ ᠱᠠᠳᠣᠨ ‍ᠤ ᠵᠣᠷᠢᠭ ᠰᠠᠨᠠᠭ᠎ᠠ ᠪᠠ ᠡᠯ᠎ᠡ ᠵᠣᠶᠢᠯ ‍ᠤᠨ ᠠᠵᠢᠯ ‍ᠤᠨ ᠪᠠᠶᠢᠷᠢᠰᠢᠭᠣᠯᠣᠯᠳᠠ  ᠶ᠋ᠢ ᠨᠠᠶᠢᠳᠠᠪᠣᠷᠢᠵᠢᠭᠣᠯᠬᠣ ᠶ᠋ᠢᠨ ᠲᠣᠭᠣᠷᠢᠨ  ᠳ᠋ᠤ ᠂ ᠨᠠᠷᠢᠯᠢᠭ ᠵᠣᠬᠢᠶᠠᠨ ᠪᠠᠶᠢᠭᠣᠯᠣᠨ ᠲᠣᠬᠢᠷᠠᠭᠣᠯᠵᠣ ᠂ ᠠᠷᠭ᠎ᠠ ᠬᠡᠮᠵᠢᠶ᠎ᠡ ᠶ᠋ᠢᠨ ᠪᠠᠳᠣᠯᠠᠪᠣᠷᠢ ᠪᠠᠨ ᠴᠢᠡᠭᠭᠠᠳᠬᠠᠵᠣ  ᠴᠢᠡᠭᠭᠠᠯᠠᠵᠣ᠂ ᠬᠢᠨᠠᠯᠳᠠ ᠲᠠᠯᠪᠢᠨ ᠵᠢᠯᠣᠭᠣᠳᠬᠣ ᠪᠠᠨ ᠴᠢᠡᠭᠭᠠᠳᠬᠠᠵᠣ ᠂ ᠨᠠᠷᠢᠨ ᠬᠢᠨᠠᠮᠠᠭᠠᠢ ᠠᠵᠢᠯ ‍ᠤᠨ ᠨᠠᠶᠢᠳᠠᠪᠣᠷᠢᠵᠢᠭᠣᠯᠣᠯᠳᠠ ᠪᠠᠨ ᠠᠳᠬᠣᠵᠣ ᠂ ᠲᠡᠭᠡᠳᠣ ᠱᠠᠳᠣᠨ ‍ᠤ ᠰᠢᠢᠳᠪᠣᠷᠢᠳᠣ ᠪᠠᠶᠢᠷᠢᠯᠠᠭᠣᠯᠣᠯᠳᠠ ᠶ᠋ᠢ ᠬᠦᠷᠣᠯᠴᠡᠬᠦᠯᠬᠦ ᠶ᠋ᠢ  ᠪᠠᠳᠣᠯᠠᠬᠣ ᠂ ᠮᠡᠳᠡᠬᠦᠯᠬᠦ ᠶ᠋ᠢ ᠬᠦᠷᠣᠯᠴᠡᠬᠦᠯᠬᠦ ᠂ ᠬᠡᠷᠡᠭᠵᠢᠬᠦᠯᠬᠦ ᠶ᠋ᠢ ᠬᠦᠷᠣᠯᠴᠡᠬᠦᠯᠵᠣ  ᠂ ᠲᠣᠬᠠᠢ ᠶ᠋ᠢᠨ ᠭᠠᠵᠠᠷ ᠣᠷᠣᠨ ‍ᠤ ᠪᠣᠳᠠᠳᠣ ᠪᠠᠶᠢᠳᠠᠯ ᠨᠢ ᠣᠶᠠᠯᠳᠣᠭᠣᠯᠵᠣ ᠂ ᠡᠯ᠎ᠡ ᠵᠣᠶᠢᠯ ‍ᠤᠨ ᠠᠵᠢᠯ ᠢᠶᠡᠨ ᠣᠬᠠᠭᠠᠯᠠᠨ ᠠᠬᠢᠭᠣᠯᠵᠣ ᠪᠠᠶᠢᠨ᠎ᠠ ᠃

       ᠡᠡᠭ ᠲᠡᠷᠢᠬᠦᠨ ᠳ᠋ᠤ ᠶᠠᠳᠠᠭᠣ ᠶ᠋ᠢ ᠲᠡᠳᠬᠦᠬᠦ ᠡᠳᠡᠭᠡᠳ ᠲᠤ ᠬᠦᠳᠡᠯᠣᠯᠳᠣ ᠬᠠᠮᠢᠶᠠᠷᠣᠯᠳᠠ ᠶᠠᠪᠤᠭᠤᠯᠵᠠᠢ ᠃ 《 ᠦᠪᠡᠷᠳᠡᠭᠡᠨ ᠵᠠᠰᠠᠬᠣ ᠣᠷᠣᠨ ‍ᠤ 2017 ᠣᠨ ‍ᠤ ᠶᠠᠳᠠᠭᠣ ᠶ᠋ᠢ ᠲᠡᠳᠬᠦᠬᠦ ᠡᠳᠡᠭᠡᠳ  ᠲᠤ  ᠬᠦᠳᠡᠯᠣᠯᠳᠣ ᠬᠠᠮᠢᠶᠠᠷᠣᠯᠳᠠ ᠶ᠋ᠢᠨ ᠠᠵᠢᠯ  ‍ᠢ ᠰᠠᠶᠢᠳᠣᠷ ᠬᠢᠬᠦ ᠲᠣᠬᠠᠢ ᠮᠡᠳᠡᠭᠳᠡᠯ  》‍ ᠤᠨ ᠵᠣᠷᠢᠭ ᠰᠠᠨᠠᠭᠠᠨ ‍ᠤ ᠶᠣᠰᠣᠭᠠᠷ ᠂ ᠨᠢᠬᠡ  ᠳ᠋ᠤ ᠡᠷᠡᠬᠦᠳᠡᠯ ᠡᠷᠬᠦᠬᠦ ᠂ ᠨᠢᠬᠡ ᠬᠠᠷᠢᠴᠠᠭᠣᠯᠬᠣ ᠂ ᠨᠢᠬᠡ ᠠᠳᠠᠯᠢᠳᠬᠠᠬᠣ ᠂  ᠬᠣᠶᠠᠷ ‍ᠢ ᠲᠣᠡᠭᠬᠠᠯᠠᠬᠣ ᠂ ᠨᠢᠬᠡ ᠵᠠᠷ ᠨᠡᠶᠢᠳᠡᠯᠡᠬᠦ ᠠᠵᠢᠯ ‍ᠤᠨ ᠱᠠᠭᠠᠷᠳᠠᠯᠭ᠎ᠠ ᠶ᠋ᠢ ᠴᠢᠡᠭᠭ᠎ᠠ ᠵᠢᠷᠣᠮᠯᠡᠵᠣ ᠂ ᠡᠷᠣᠭᠡ ᠲᠠᠷᠠᠭᠠᠯᠠᠨ ᠬᠦᠮᠣᠨ ᠲᠠᠷᠠᠭᠠᠯᠠᠨ ᠬᠠᠷᠢᠴᠠᠭᠣᠯᠣᠨ ᠢᠯᠭᠠᠨ ᠲᠠᠨᠢᠬᠣ ᠶ᠋ᠢ ᠬᠦᠢᠴᠡᠳᠭᠡᠵᠣ ᠪᠠᠶᠢᠨ᠎ᠠ ᠃ ᠣᠳᠣ ᠨᠢᠬᠡᠨᠳᠡ ᠪᠠᠯᠭᠠᠰᠣ ᠲᠣᠰᠬᠣᠨ  ᠳ᠋ᠤ ᠢᠯᠡ ᠨᠡᠶᠢᠳᠡᠯᠡᠬᠦ ᠬᠣᠭᠣᠴᠠᠭ᠎ᠠ ᠪᠣᠯᠵᠣ ᠪᠠᠶᠢᠨ᠎ᠠ ᠃ ᠲᠠᠷᠠᠭ᠎ᠠ ᠨᠢ ᠣᠨᠴᠠᠯᠢᠭᠳᠣ ᠠᠵᠣ ᠣᠶᠢᠯᠡᠰ ᠢᠶᠠᠷ ᠶᠠᠳᠠᠭᠣ ᠶ᠋ᠢ ᠲᠡᠳᠬᠦᠵᠣ ᠪᠠᠶᠢᠨ᠎ᠠ ᠃

       ᠣᠳᠣᠬᠠᠨ  ᠳ᠋ᠤ᠂ ᠨᠢᠬᠡᠨᠳᠡ 2018 ᠣᠨ ᠪᠠ 2019 ᠣᠨ ‍ᠤ ᠲᠠᠡᠭᠰᠠ ᠺᠠᠷᠠᠲ ᠪᠠᠶᠢᠭᠣᠯᠣᠭᠰᠠᠨ ᠶᠠᠳᠠᠭᠣ ᠬᠦᠴᠢᠷᠳᠡᠯᠳᠣ ᠡᠷᠣᠭᠡ  ᠳ᠋ᠤ ᠠᠵᠣ ᠣᠶᠢᠯᠡᠰ ᠢᠶᠠᠷ ᠶᠠᠳᠠᠭᠣ ᠶ᠋ᠢ ᠲᠡᠳᠬᠦᠬᠦ ᠵᠢᠬᠡᠯᠡᠯᠭᠡ ᠶ᠋ᠢᠨ ᠮᠦᠡᠭᠬᠦ 6099 ᠲᠦᠮᠡᠨ ᠲᠦᠬᠦᠷᠢᠭ ᠵᠣᠬᠢᠴᠠᠭᠣᠯᠣᠨ ᠦᠭᠴᠣ ᠂ 1883 ᠡᠷᠣᠭᠡ  ᠳ᠋ᠤ ᠪᠦᠷᠬᠦᠵᠣ ᠂ 367 ᠶᠠᠳᠠᠭᠣ ᠬᠦᠴᠢᠷᠳᠡᠯᠳᠣ ᠡᠷᠣᠭᠡ ᠪᠠ ᠰᠢᠨ᠎ᠡ ᠬᠡᠯᠪᠡᠷᠢ ᠶ᠋ᠢᠨ ᠡᠵᠡᠡᠭᠨᠡᠯᠳᠡ ᠶ᠋ᠢᠨ ᠭᠣᠣᠯ ᠴᠣᠭᠴᠠᠰ ᠲᠠᠢ ᠠᠰᠢᠭ ᠲᠣᠰᠠ ᠪᠡᠷ ᠬᠣᠯᠪᠣᠭᠠᠯᠠᠬᠣ ᠲᠤᠭᠳᠠᠴᠠ ᠶ᠋ᠢ ᠵᠣᠬᠢᠶᠠᠨ ᠪᠠᠶᠢᠭᠣᠯᠪᠠ ᠃

   《 ᠨᠠᠢᠮᠠᠨ ᠬᠣᠰᠢᠭᠣᠨ ‍ᠤ ᠡᠷᠡᠬᠦᠯ ᠴᠢᠬᠢᠷᠠᠭ ᠢᠶᠠᠷ ᠶᠠᠳᠠᠭᠣ ᠶ᠋ᠢ ᠲᠡᠳᠬᠦᠬᠦ 《  ᠭᠣᠷᠪᠠ ᠶ᠋ᠢ ᠣᠭ ᠲᠤ ᠨᠢ ᠲᠣᠯᠳᠠᠯ᠎ᠠ ᠪᠣᠯᠭᠠᠬᠣ  》 ᠪᠠᠳᠣᠯᠠᠪᠣᠷᠢ ᠶ᠋ᠢ  ᠪᠠᠶᠢᠭᠣᠯᠣᠨ ᠲᠡᠬᠦᠯᠳᠡᠷᠵᠢᠬᠦᠯᠣᠨᠬᠡᠷᠡᠭᠵᠢᠬᠦᠯᠬᠦ ᠲᠣᠬᠠᠢ ᠰᠠᠨᠠᠯ 》 ‍ᠢ ᠲᠣᠭᠳᠠᠭᠠᠨ ᠪᠠᠭᠣᠯᠭᠠᠵᠣ ᠂ ᠪᠦᠬᠦ ᠬᠣᠰᠢᠭᠣᠨ ‍ᠤ ᠪᠠᠨᠲᠠᠡᠭᠰᠠ ᠺᠠᠷᠠᠲ ᠪᠠᠶᠢᠭᠣᠯᠣᠭᠰᠠᠨ ᠶᠠᠳᠠᠭᠣ ᠬᠦᠴᠢᠷᠳᠡᠯᠳᠣ ᠡᠷᠣᠭᠡ  ᠳ᠋ᠤ᠂ 《 ᠶᠡᠬᠡ ᠡᠪᠡᠳᠴᠢᠨ ‍ᠢ ᠣᠭ  ᠲᠤ ᠨᠢ ᠲᠣᠯᠭᠠᠵᠣ ᠂ ᠬᠦᠨᠳᠣ  ᠡᠪᠡᠳᠴᠢᠨ ‍ᠢ 3000 ᠲᠦᠬᠦᠷᠢᠭ ᠡᠴᠠ ᠲᠡᠭᠡᠭᠰᠢ ᠪᠠ ᠣᠳᠠᠭᠠᠨ  ᠡᠪᠡᠳᠴᠢᠳᠡᠨ ‍ᠢ 100 ᠲᠦᠬᠦᠷᠢᠭ ᠡᠴᠠ ᠲᠡᠭᠡᠭᠰᠢ ᠣᠭ ᠲᠣᠨᠢ ᠲᠣᠯᠭᠠᠬᠣ 》 ᠲᠦᠷᠣ ᠶ᠋ᠢᠨ ᠪᠣᠳᠣᠯᠭ᠎ᠠ ᠶ᠋ᠢ ᠪᠦᠬᠦ ᠲᠠᠯ᠎ᠠ ᠪᠡᠷ  ᠬᠡᠷᠡᠭᠵᠢᠬᠦᠯᠵᠣ ᠪᠠᠶᠢᠨ᠎ᠠ ᠃

      ᠶᠠᠳᠠᠭᠣ ᠶ᠋ᠢ ᠲᠡᠳᠬᠦᠬᠦ ᠪᠠ ᠵᠣᠷᠢᠭ ‍ᠢ ᠲᠡᠳᠬᠦᠬᠦ ᠂ ᠣᠶᠣᠨ ᠰᠠᠨᠠᠭ᠎ᠠ ᠶ᠋ᠢ ᠲᠡᠳᠬᠦᠬᠦ ᠲᠠᠢ  ᠣᠶᠠᠯᠳᠣᠭᠣᠯᠬᠣ ᠶ᠋ᠢ ᠴᠢᠬᠣᠯᠠᠴᠢᠯᠠᠵᠣ ᠂ ᠣᠶᠣᠨ ᠣᠬᠠᠭᠠᠨ ᠢᠶᠠᠷ ᠶᠠᠳᠠᠭᠣ ᠶ᠋ᠢ ᠲᠡᠳᠬᠦᠬᠦ ᠬᠠᠷᠢᠭᠣᠴᠠᠯᠭ᠎ᠠ ᠶ᠋ᠢᠨ ᠺᠠᠷᠠᠲ ᠂ 《 ᠲᠣᠰᠬᠣᠨ ‍ᠤ  ᠲᠦᠷᠢᠮ ᠠᠷᠠᠳ ‍ᠤᠨ ᠬᠡᠷ᠎ᠡ 》 ᠵᠠᠰᠠᠪᠣᠷᠢ ᠣᠷᠣᠭᠣᠯᠣᠨ ᠲᠡᠬᠦᠯᠳᠡᠷᠵᠢᠬᠦᠯᠬᠦ ᠂ ᠬᠡᠷ ‍ᠤᠨ ᠰᠣᠷᠳᠠᠯ ‍ᠤᠨ ᠦᠯᠢᠬᠡᠷ ᠶᠠᠷᠢᠬᠣ ᠂ ᠨᠣᠳᠣᠭ ‍ᠤᠨ ᠵᠠᠡᠭ ᠵᠠᠡᠭᠰᠢᠯ ᠪᠣᠯᠪᠠᠰᠣᠨ ‍ᠤ ᠰᠠᠨᠠᠭᠠᠴᠢᠯᠭ᠎ᠠ ᠶ᠋ᠢᠨ ᠪᠢᠴᠢᠭ ᠭᠠᠷᠭᠠᠬᠣ ᠵᠡᠷᠭᠡ ᠬᠡᠯᠪᠡᠷᠢ ᠪᠡᠷ ᠰᠢᠨ᠎ᠡ ᠬᠡᠪ ᠰᠣᠷᠳᠠᠯ ‍ᠢ ᠪᠠᠳᠠᠷᠠᠭᠣᠯᠵᠣ ᠂ 20 ᠭᠠᠷᠣᠢ ᠭᠠᠴᠠᠭ᠎ᠠ ᠲᠣᠰᠬᠣᠨ ᠬᠣᠷᠢᠮ ᠬᠣᠷᠠᠯ ᠪᠣᠶᠠᠨ ᠨᠣᠮ ᠦᠢᠯᠡᠳᠬᠦ  ᠳ᠋ᠤ ᠪᠡᠯᠡᠭ ᠲᠠᠯ᠎ᠠ ᠬᠦᠷᠭᠡᠬᠦ ᠲᠠᠳᠬᠠᠯ ‍ᠢ ᠦᠬᠡᠶᠢᠰᠭᠡᠵᠣ ᠪᠠᠶᠢᠨ᠎ᠠ ᠃

  

      ᠮᠠᠨ ‍ᠣ ᠬᠣᠰᠢᠭᠣᠨ ‍ᠤ ᠪᠣᠶᠠᠨ ‍ᠤ ᠶᠡᠷᠣᠡᠭᠭᠡᠢ ᠨᠡᠶᠢᠬᠡᠮᠯᠢᠭ ᠵᠡᠷᠭᠡ ᠨᠡᠶᠢᠬᠡᠮ ‍ᠤᠨ ᠵᠣᠬᠢᠶᠠᠨ ᠪᠠᠶᠢᠭᠣᠯᠣᠯᠳᠠ ᠨᠡᠶᠢᠳᠡ ᠪᠠᠯᠡᠨ ᠵᠣᠭᠣᠰ ᠪᠠ ᠪᠣᠳᠠᠰ 4432.7 ᠲᠦᠮᠡᠨ ᠲᠦᠬᠦᠷᠢᠭ  ᠲᠤ ᠬᠦᠷᠴᠣ ᠂ ᠵᠣᠭᠣᠰ 2385.3 ᠲᠦᠮᠡᠨ ᠲᠦᠬᠦᠷᠢᠭ ᠂ ᠡᠳ᠋ ᠪᠣᠳᠠᠰ ᠶ᠋ᠢ ᠠᠷᠠᠳ ‍ᠤᠨ ᠵᠣᠭᠣᠰ ᠢᠶᠠᠷ ᠪᠣᠳᠣᠪᠠᠯ 1537.4 ᠲᠦᠮᠡᠨ ᠲᠦᠬᠦᠷᠢᠭ  ᠲᠤ ᠬᠦᠷᠴᠣ ᠂ ᠰᠠᠭᠣᠷᠢ ᠲᠦᠬᠦᠬᠡᠷᠣᠮᠵᠢ ᠶ᠋ᠢᠨ ᠲᠦᠷᠣᠯ ᠵᠣᠶᠢᠯ ‍ᠤᠨ ᠵᠣᠭᠣᠰ ᠮᠦᠡᠭᠬᠦ 510 ᠲᠦᠮᠡᠨ ᠲᠦᠬᠦᠷᠢᠭ  ᠲᠤ ᠬᠦᠷᠴᠡᠢ ᠃

      ᠲᠦᠡᠭᠯᠢᠶᠣᠣ ᠬᠣᠳᠠ ᠶ᠋ᠢᠨ 《 ᠲᠠᠪᠣ ᠶ᠋ᠢ  ᠣᠶᠠᠯᠳᠣᠭᠣᠯᠵᠣ 》 ᠶᠢᠰᠣᠨ ᠪᠦᠬᠦ ᠠᠵᠣ ᠣᠶᠢᠯᠡᠰ ‍ᠤᠨ ᠬᠢᠯᠬᠢᠶᠡᠰᠣ ᠶ᠋ᠢᠨ ᠪᠠᠶᠢᠯᠳᠣᠬᠣ ᠪᠣᠳᠣᠯᠭ᠎ᠠ ᠶ᠋ᠢᠨ ᠪᠠᠶᠢᠷᠢᠯᠠᠭᠣᠯᠣᠯᠳᠠ ᠶ᠋ᠢᠨ ᠶᠣᠰᠣᠭᠠᠷ ᠂ ᠬᠣᠰᠢᠭᠣᠨ ‍ᠤ ᠪᠠᠨ ᠪᠣᠳᠠᠳᠣ ᠪᠠᠶᠢᠳᠠᠯ ᠲᠠᠢ ᠣᠶᠠᠯᠳᠣᠭᠣᠯᠵᠣ ᠂ ᠪᠣᠬᠢᠷᠳᠣᠯ ᠦᠬᠡᠢ ᠠᠮᠢ ᠠᠬᠣᠢ ᠶ᠋ᠢᠨ ᠲᠠᠷᠢᠶᠠᠯᠠᠡᠭ ᠮᠠᠯ ᠠᠵᠣ ᠠᠬᠣᠢ ᠂ ᠨᠸᠭᠸᠯ ᠨᠡᠶᠢᠯᠡᠮᠡᠯ ᠮᠠᠲ᠋ᠸᠷᠢᠶᠠᠯ ᠂ ᠡᠯᠡᠰᠣᠨ ᠠᠵᠣ ᠣᠶᠢᠯᠡᠰ ᠵᠡᠷᠭᠡ ᠭᠣᠷᠪᠠᠨ ᠠᠵᠣ ᠣᠶᠢᠯᠡᠰ ‍ᠤᠨ  ᠬᠢᠯᠬᠢᠶᠡᠰᠣᠯᠠᠯ ‍ᠢ ᠭᠣᠣᠯᠳᠠᠯᠭ᠎ᠠ ᠲᠠᠢ ᠲᠦᠯᠣᠪᠯᠡᠨ ᠪᠣᠢ ᠪᠣᠯᠭᠠᠵᠣ ᠂ ᠴᠢᠬᠣᠯᠠ ᠲᠦᠷᠣᠯ ᠵᠣᠶᠢᠯ ‍ᠤᠨ ᠪᠦᠳᠣᠭᠡᠨ ᠪᠠᠶᠢᠭᠣᠯᠣᠯᠳᠠ ᠶ᠋ᠢ ᠪᠦᠬᠦ ᠲᠠᠯ᠎ᠠ ᠪᠡᠷ ᠲᠦᠯᠬᠢᠨ ᠠᠬᠢᠭᠣᠯᠵᠣ ᠂2018—2020 ᠣᠨ  ᠳ᠋ᠤ ᠣᠬᠠᠭᠠᠯᠠᠨ ᠲᠦᠯᠣᠪᠵᠢᠬᠦᠯᠣᠨ ᠬᠡᠷᠡᠭᠵᠢᠬᠦᠯᠬᠦ ᠳ᠋ᠦᠡᠭᠰᠢᠭᠣᠷ ᠡᠴᠠ ᠲᠡᠭᠡᠭᠰᠢ ᠲᠦᠷᠣᠯ ᠵᠣᠶᠢᠯ35 ᠪᠠᠶᠢᠵᠣ ᠂ ᠪᠡᠯᠡ ᠣᠷᠣᠭᠣᠯᠬᠣ ᠬᠡᠪᠴᠢᠶ᠎ᠡ ᠨᠢ 391 ᠳ᠋ᠦᠡᠭᠰᠢᠭᠣᠷ ᠪᠣᠯᠵᠣ ᠂ ᠦᠢᠯᠡᠳᠪᠣᠷᠢᠯᠠᠯ ‍ᠤᠨ ᠦᠷᠳᠡᠭ ‍ᠢ 760 ᠳ᠋ᠦᠡᠭᠰᠢᠭᠣᠷ ᠪᠡᠶᠡᠯᠡᠬᠦᠯᠬᠦ ᠪᠣᠯᠣᠨ᠎ᠠ ᠃    ( ᠮᠠᠡᠭᠭᠣᠳ ᠪᠦᠬᠡ ᠮᠡᠳᠡᠭᠡᠯᠡᠪᠡ )

      


    


    

  

            

    

   


    


 

   

                                           

ᠢᠷᠡᠯᠳᠡ᠄ ᠨᠠᠶᠢᠷᠠᠭᠤᠯᠤᠭᠴᠢ᠄ ᠭᠤᠤ ᠾᠤᠢᠩ ᠮᠧᠢ

ᠬᠠᠮᠢᠶ᠎ᠡ ᠪᠦᠬᠦᠢ ᠰᠣᠨᠢᠨ