ᠨᠠᠢᠮᠠᠨ ᠬᠣᠰᠢᠭᠣᠨ ‍ᠤ ᠡᠮ ‍ᠤᠨ ᠮᠠᠲ᠋ᠸᠷᠢᠶᠠᠯ ‍ᠤᠨ ᠲᠠᠷᠢᠮᠠᠯ ᠨᠢ ᠮᠠᠯᠴᠢᠨ ᠲᠠᠷᠢᠶᠠᠴᠢᠳ ‍ᠤᠨ ᠶᠠᠳᠠᠭᠣ ᠡᠴᠠ ᠠᠡᠭᠬᠢᠵᠢᠷᠠᠬᠣ ᠭᠣᠣᠯᠯᠠᠭᠴᠢ ᠵᠢᠯᠣᠭᠣᠳᠣᠮᠵᠢ ᠶ᠋ᠢᠨ ᠲᠦᠷᠣᠯ ᠵᠣᠶᠢᠯ ᠪᠣᠯᠪᠠ

ᠣᠩᠰᠢᠭᠰᠠᠨ ᠤᠳᠠᠭ᠎ᠠ ᠄ 5464     ᠨᠡᠶᠢᠳᠡᠯᠡᠭᠰᠡᠨ ᠴᠠᠭ ᠄ 2017/11/27 16:05:25

        ᠣᠷᠴᠢᠮ ᠳ᠋ᠤ ᠂ ᠨᠠᠢᠮᠠᠨ ᠬᠣᠰᠢᠭᠣ ᠡᠯ᠎ᠡ ᠰᠣᠮᠣ ᠰᠢᠶᠠᠡᠭ ᠪᠠᠯᠭᠠᠰᠣ ᠶ᠋ᠢᠨ ᠭᠠᠵᠠᠷ ᠰᠢᠷᠣᠢ ᠶ᠋ᠢᠨ ᠨᠦᠬᠦᠴᠡᠯ ᠪᠣᠳᠠᠳᠣ ᠪᠠᠶᠢᠳᠠᠯ ‍ᠢ ᠨᠢ ᠦᠨᠳᠣᠰᠣᠯᠡᠵᠣ ᠂ ᠨᠢᠬᠡ ᠲᠣᠰᠬᠣᠨ  ᠳ᠋ᠤ ᠨᠢᠬᠡ ᠪᠣᠳᠣᠯᠭ᠎ᠠ ᠂ ᠨᠢᠬᠡ ᠡᠷᠣᠭᠡ  ᠳ᠋ᠤ ᠨᠢᠬᠡ ᠪᠦᠳᠣᠭᠡᠭᠳᠡᠬᠦᠨ  ᠂ ᠨᠢᠬᠡ ᠬᠦᠮᠣᠨ  ᠳ᠋ᠤ ᠠᠷᠭ᠎ᠠ ᠠᠪᠬᠣ ᠲᠦᠷᠣ ᠶ᠋ᠢᠨ ᠪᠣᠳᠣᠯᠭ᠎ᠠ ᠲᠣᠭᠳᠠᠭᠠᠵᠣ ᠂ ᠲᠠᠷᠢᠮᠠᠯ ‍ᠤᠨ ᠡᠮ ‍ᠤᠨ ᠮᠠᠲ᠋ᠸᠷᠢᠶᠠᠯ ‍ᠢ ᠶᠠᠳᠠᠭᠣ ᠡᠴᠠ ᠠᠡᠭᠬᠢᠵᠢᠷᠠᠭᠣᠯᠵᠣ ᠪᠠᠶᠠᠵᠢᠨ ᠴᠢᠨᠡᠭᠡᠯᠢᠭᠵᠢᠬᠦ ᠭᠣᠣᠯᠯᠠᠭᠴᠢ ᠵᠢᠯᠣᠭᠣᠳᠣᠮᠵᠢ ᠶ᠋ᠢᠨ ᠲᠦᠷᠣᠯ ᠵᠣᠶᠢᠯ ᠪᠣᠯᠭᠠᠵᠣ ᠂ ᠪᠦᠬᠦ ᠲᠠᠯ᠎ᠠ ᠶ᠋ᠢᠨ ᠦᠢᠯᠡᠴᠢᠯᠡᠭᠡᠨ ‍ᠤ ᠠᠵᠢᠯ ‍ᠢ ᠰᠠᠶᠢᠳᠣᠷ ᠬᠢᠵᠣ ᠂ ᠮᠠᠯᠴᠢᠨ ᠲᠠᠷᠢᠶᠠᠴᠢᠨ ‍ᠤ ᠡᠮ ‍ᠤᠨ ᠮᠠᠲ᠋ᠸᠷᠢᠶᠠᠯ ᠲᠠᠷᠢᠬᠣ ᠢᠳᠡᠪᠬᠢᠵᠢᠯ ‍ᠢ ᠲᠡᠮᠵᠢᠨ ᠵᠣᠷᠢᠭᠵᠢᠭᠣᠯᠪᠠ ᠃ ᠮᠣᠡᠭᠭᠣᠯ ᠬᠢᠳᠡᠳ ᠡᠮ ‍ᠤᠨ ᠮᠠᠲ᠋ᠸᠷᠢᠶᠠᠯ ‍ᠢ  ᠨᠡᠬᠡᠬᠡᠬᠦ ᠠᠯᠪᠠᠨ ᠬᠡᠷ ᠪᠠᠶᠢᠭᠣᠯᠵᠣ ᠲᠣᠰᠬᠠᠶᠢᠯᠠᠨ ᠡᠮ ᠲᠠᠷᠢᠭᠴᠢ ᠲᠠᠷᠢᠶᠠᠴᠢᠳ  ᠲᠤ ᠦᠢᠯᠡᠴᠢᠯᠡᠵᠣ ᠂ ᠡᠯ᠎ᠡ ᠲᠠᠯ᠎ᠠ ᠶ᠋ᠢ ᠵᠣᠬᠢᠴᠠᠭᠣᠯᠬᠣ ᠠᠵᠢᠯ  ‍ᠢ  ᠨᠠᠷᠢᠯᠢᠭ ᠬᠢᠵᠣ ᠂ ᠲᠡᠳᠡᠨ ‍ᠢ ᠬᠠᠪᠰᠣᠷᠴᠣ ᠮᠡᠷᠬᠡᠵᠢᠯ ‍ᠤᠨ ᠬᠦᠴᠢᠷᠳᠡᠯ  ᠪᠠ  ᠵᠣᠭᠣᠰ ᠵᠣᠭ᠎ᠠ ᠬᠦᠷᠣᠯᠴᠡᠬᠦ ᠦᠬᠡᠢ  ᠵᠡᠷᠭᠡ ᠠᠰᠠᠭᠣᠳᠠᠯ ‍ᠢ ᠨᠢ  ᠰᠶᠢᠳᠪᠦᠷᠢᠯᠡᠨ ᠦᠭᠴᠡᠢ ᠃ ᠬᠠᠮᠳᠣ ᠳ᠋ᠣᠨᠢ ᠂  ᠮᠠᠨ ᠤ ᠬᠣᠰᠢᠭᠣ ᠾᠸᠪᠸᠢ ᠶ᠋ᠢᠨ ᠠᠨ  ᠭᠦᠸ᠋ᠸ ᠬᠣᠳᠠ ᠂ ᠱᠠᠨᠳᠦ᠋ᠡᠭ  ᠂ ᠣᠯᠠᠭᠠᠨᠬᠠᠳᠠ ᠂ ᠯᠢᠶᠣᠣᠨᠢᠡᠭ ᠵᠡᠷᠭᠡ ᠭᠠᠵᠠᠷ ᠣᠷᠣᠨ ᠡᠴᠠ 19 ᠡᠮ ‍ᠤᠨ ᠮᠠᠲ᠋ᠸᠷᠢᠶᠠᠯ ‍ᠤᠨ ᠲᠣᠰᠬᠠᠢ ᠮᠡᠷᠭᠡᠵᠢᠯᠳᠡᠨ ᠪᠠ ᠪᠣᠳᠠᠳᠠᠢ ᠲᠣᠷᠰᠢᠯᠭ᠎ᠠ ᠲᠠᠢ ᠮᠡᠷᠭᠡᠵᠢᠯᠳᠡᠨ ‍ᠢ ᠣᠷᠢᠵᠣ ᠲᠠᠷᠢᠶᠠᠴᠢᠨ ᠡᠷᠣᠭᠡ ᠶ᠋ᠢᠨ ᠡᠮ ‍ᠤᠨ ᠮᠠᠲ᠋ᠸᠷᠢᠶᠠᠯ ᠲᠠᠷᠢᠬᠣ ᠶ᠋ᠢ ᠵᠢᠯᠣᠭᠣᠳᠣᠭᠣᠯᠵᠡᠢ ᠃ ᠡᠵᠡᠡᠭᠨᠡᠯᠳᠡ ᠶ᠋ᠢᠨ ᠲᠠᠯ᠎ᠠ  ᠳ᠋ᠤ 《 ᠺᠣᠮᠫᠠᠨᠢ + ᠬᠣᠷᠰᠢᠶᠠᠵᠢᠯ + ᠲᠠᠷᠢᠶᠠᠴᠢᠨ ᠡᠷᠣᠭᠡ 》 ᠭᠡᠬᠦ ᠠᠷᠭ᠎ᠠ ᠬᠡᠯᠪᠡᠷᠢ ᠪᠡᠷ ᠾᠸᠪᠸᠢ ᠮᠣᠵᠢ ᠶ᠋ᠢᠨ ᠠᠨ ᠭᠦᠸ᠋ᠸ ᠬᠣᠳᠠ ᠶ᠋ᠢᠨ ᠬᠡᠳᠣᠨ ᠬᠡᠷ ᠡᠮ ᠨᠠᠶᠢᠷᠠᠭᠣᠯᠬᠣ ᠦᠢᠯᠡᠳᠪᠣᠷᠢ ᠲᠠᠢ ᠣᠷᠳᠣ ᠬᠣᠭᠣᠴᠠᠭᠠᠨ ‍ᠤ ᠬᠠᠮᠳᠣᠷᠠᠯᠴᠠᠬᠣ ᠬᠡᠷ᠎ᠡ ᠲᠣᠭᠳᠠᠵᠣ ᠡᠮ ‍ᠤᠨ ᠮᠠᠲ᠋ᠸᠷᠢᠶᠠᠯ ‍ᠤᠨ ᠪᠣᠷᠣᠯᠠᠭᠣᠯᠣᠯᠳᠠ ᠶ᠋ᠢᠨ ᠠᠰᠠᠭᠣᠳᠠᠯ ‍ᠢ  ᠪᠠᠳᠣᠯᠠᠭᠠᠳ ᠡᠮ ‍ᠤᠨ ᠮᠠᠲ᠋ᠸᠷᠢᠶᠠᠯ ‍ᠢ ᠡᠯᠪᠡᠭ ᠬᠣᠷᠢᠶᠠᠵᠣ ᠮᠠᠯᠴᠢᠨ ᠲᠠᠷᠢᠶᠠᠴᠢᠨ ‍ᠤ ᠣᠷᠣᠯᠭ᠎ᠠ ᠶ᠋ᠢ ᠨᠡᠮᠡᠭᠳᠡᠬᠦᠯᠵᠡᠢ ᠃    ( ᠮᠠᠩᠭᠤᠳ  ᠪᠦᠬᠡ  ᠮᠡᠳᠡᠭᠡᠯᠡᠪᠡ )
ᠢᠷᠡᠯᠳᠡ᠄ ᠨᠠᠶᠢᠷᠠᠭᠤᠯᠤᠭᠴᠢ᠄ ᠭᠤᠤ ᠾᠤᠢᠩ ᠮᠧᠢ

ᠬᠠᠮᠢᠶ᠎ᠡ ᠪᠦᠬᠦᠢ ᠰᠣᠨᠢᠨ