ᠡᠮᠤᠨᠡᠬᠢ ᠦᠭᠡ

ᠣᠩᠰᠢᠭᠰᠠᠨ ᠤᠳᠠᠭ᠎ᠠ ᠄ 9537     ᠨᠡᠶᠢᠳᠡᠯᠡᠭᠰᠡᠨ ᠴᠠᠭ ᠄ 2017/11/27 15:41:10

                          ᠡᠮᠤᠨᠡᠬᠢ ᠦᠭᠡ              
     ᠮᠡᠨ ‍ᠤ ᠨᠠᠢᠮᠠᠨ ᠬᠤᠰᠢᠭᠤ ᠶᠠᠨ ᠱᠠᠨ ᠠᠭᠤᠯᠠᠨ ‍ᠤ ᠬᠤᠷᠮᠤᠢ ᠳ᠋ᠡᠬᠢ ᠨᠢᠷᠤᠭᠤ ᠠᠭᠤᠯᠠᠨ ‍ᠤ ᠠᠷᠤ ᠲᠠᠯ᠎ᠠ ᠂ ᠯᠤᠤᠬ᠎ᠠ ᠶ᠋ᠢᠨ ᠭᠤᠤᠯ ᠂ ᠪᠠᠷᠠᠭᠤᠨ ᠯᠢᠶᠣᠣᠾᠧ  ᠭᠤᠤᠯ ‍ᠤᠨ ᠡᠮᠤᠨ᠎ᠡ ᠡᠷᠬᠢ ᠪᠡᠷ ᠂ ᠬᠤᠷᠴᠢᠨ ‍ᠤ ᠡᠯᠡᠰᠤᠷᠭᠡᠭ ᠭᠠᠵᠠᠷ ‍ᠤᠨ ᠭᠡᠪᠡᠯᠢ ᠳ᠋ᠤ ᠪᠠᠶᠢᠷᠢᠯᠠᠵᠤ ᠂ ᠲᠤᠮᠳᠠᠳᠤ ᠤᠯᠤᠰ ‍ᠤᠨ ᠤᠮᠠᠷᠠᠳᠤ ᠭᠡᠰᠡᠭ ᠬᠢᠭᠡᠳ ᠵᠡᠭᠦᠨ ᠬᠤᠶᠢᠳᠤ ᠤᠷᠤᠨ ‍ᠤ ᠵᠠᠯᠭᠠᠯᠳᠤᠭᠰᠠᠨ ᠭᠠᠵᠠᠷ ‍ᠤᠨ ᠪᠦᠰᠡ ᠳ᠋ᠤ ᠤᠷᠤᠰᠢᠵᠤ ᠪᠠᠶᠢᠳᠠᠭ ᠃
    ᠮᠡᠨ ‍ᠤ ᠨᠠᠢᠮᠠᠨ ᠬᠤᠰᠢᠭᠤ ᠪᠤᠯ ᠨᠢᠭᠡᠨ ᠲᠡᠦᠭᠡᠳᠦ ᠭᠠᠵᠠᠷ ᠤᠷᠤᠨ ᠮᠦᠨ ᠃ ᠮᠡᠨ ‍ᠤ ᠬᠤᠰᠢᠭᠤᠨ ‍ᠤ ᠰᠤᠶᠤᠯ ‍ᠤᠨ ᠠᠭᠤᠯᠤᠭᠳᠠᠴᠠ ᠭᠦᠨ ᠵᠤᠵᠠᠭᠠᠨ ᠶᠤᠮ ᠂ ᠲᠡᠯᠭᠡᠷᠡᠩᠬᠦᠢ ᠤᠳᠬ᠎ᠠ ᠲᠡᠭᠡᠷᠡᠬᠢ ᠤᠯᠠᠭᠠᠨᠬᠠᠳᠠ ᠶ᠋ᠢᠨ ᠰᠤᠶᠤᠯ ‍ᠤᠨ ᠴᠢᠬᠤᠯᠠ ᠡᠭᠦᠰᠦᠯ ‍ᠤᠨ ᠭᠠᠵᠠᠷ ‍ᠤᠨ ᠨᠢᠭᠡ ᠮᠦᠨ ᠂ ᠮᠡᠨ ‍ᠤ ᠬᠤᠰᠢᠭᠤᠨ ‍ᠤ ᠲᠦᠴᠸᠩᠽᠢ ᠰᠢᠶᠠᠩ ‍ᠤᠨ ᠵᠠᠰᠠᠭ ‍ᠤᠨ ᠤᠷᠳᠤᠨ ‍ᠤ ᠪᠠᠷᠠᠭᠤᠨ ᠡᠮᠤᠨᠡᠰᠢ 4 ᠺᠢᠯᠦᠮᠸᠲ᠋ᠷ ᠭᠠᠵᠠᠷ ᠲᠤ ᠢᠯᠡᠷᠡᠭᠦᠯᠦᠭᠰᠡᠨ ᠰᠢᠩ ᠯᠦᠩ ᠸᠠ ᠬᠤᠳᠤᠭᠤᠷ ᠰᠤᠶᠤᠯ ‍ᠤᠨ ᠦᠯᠡᠳᠡᠭᠳᠡᠯ ‍ᠢ ᠨᠠᠢᠮᠠᠨ ᠮᠢᠩᠭᠠᠨ ᠵᠢᠯ ‍ᠤᠨ 《 ᠭᠦᠮᠦᠨ ᠲᠦᠷᠦᠯᠬᠢᠳᠡᠨ ‍ᠤ ᠪᠤᠯᠪᠠᠰᠤᠨ ‍ᠤ ᠦᠷ ‍ᠤᠨ ᠲᠤᠶᠠᠭ᠎ᠠ 》 ᠭᠡᠵᠤ ᠨᠡᠷᠡᠯᠡᠳᠡᠭ ᠃ ᠬᠤᠰᠢᠭᠤᠨ ‍ᠤ ᠤᠯᠠᠨ ᠭᠠᠵᠠᠷ ᠲᠤ ᠤᠯᠠᠭᠠᠨᠬᠠᠳᠠ ᠶ᠋ᠢᠨ ᠰᠤᠶᠤᠯ ᠂ ᠰᠢᠶᠠ ᠵᠢᠶᠠ ᠳ᠋ᠢᠶᠠᠨ ‍ᠤ ᠲᠤᠤᠷᠠᠳᠤ ᠲᠠᠪᠬᠤᠷᠭ᠎ᠠ ᠂ ᠲᠡᠭᠡᠳᠦ ᠲᠠᠪᠬᠤᠷᠭ᠎ᠠ ᠶ᠋ᠢᠨ ᠰᠤᠶᠤᠯ ‍ᠤᠨ ᠦᠯᠡᠳᠡᠭᠳᠡᠯ ᠡᠷᠳᠡᠨ ‍ᠤ ᠦᠶ᠎ᠡ ᠶ᠋ᠢᠨ ᠨᠠᠢᠮᠠᠨ ‍ᠤ ᠭᠠᠵᠠᠷ ᠤᠷᠤᠨ ‍ᠤ ᠭᠦᠮᠦᠨ ᠲᠦᠷᠦᠯᠬᠢᠳᠡᠨ ‍ᠤ ᠨᠡᠶᠢᠭᠡᠮ ‍ᠤᠨ ᠡᠯ᠎ᠡ ᠭᠦᠭᠵᠢᠯᠳᠡ ᠶ᠋ᠢᠨ ᠱᠠᠳᠤᠨ ‍ᠤ ᠠᠳᠠᠯᠢ ᠪᠤᠰᠤ ᠦᠢᠯᠡᠳᠪᠤᠷᠢᠯᠡᠯ ᠠᠮᠢᠳᠤᠷᠠᠯ ‍ᠤᠨ ᠠᠷᠭ᠎ᠠ ᠪᠠᠷᠢᠯ ‍ᠢ ᠭᠡᠷᠡᠴᠢᠯᠡᠵᠡᠢ ᠃ ᠮᠡᠨ ‍ᠤ ᠬᠤᠰᠢᠭᠤ ᠠᠯᠢ ᠡᠷᠳᠡᠨ ᠡᠴᠡ ᠪᠡᠨ ᠲᠠᠷᠤᠢ ᠤᠮᠠᠷᠠᠳᠤ ᠤᠷᠤᠨ ‍ᠤ ᠲᠠᠷᠢᠶ᠎ᠠ ᠲᠠᠷᠢᠬᠤ ᠪᠡ ᠨᠡᠭᠦᠳᠡᠯ ᠦᠨᠳᠦᠰᠦᠳᠡᠨ ‍ᠤ ᠰᠦᠯᠵᠢᠯᠳᠦᠨ ᠲᠡᠮᠡᠴᠡᠨ ᠪᠠᠶᠢᠯᠳᠤᠭᠰᠠᠨ ᠮᠦᠷᠳᠡᠭᠡᠨ ᠰᠤᠯᠪᠢᠴᠠᠯᠳᠤᠨ ᠠᠭᠤᠰᠤᠯᠴᠠᠭᠰᠠᠨ ᠭᠠᠵᠠᠷ ᠤᠷᠤᠨ ᠮᠦᠨ ᠂ ᠬᠤᠳᠠᠯᠳᠤᠭᠠᠴᠢᠨ ᠂ ᠠᠭᠤᠯᠠᠨ ᠠᠶᠢᠮᠠᠭ ᠂ ᠳ᠋ᠦᠩᠬᠤ ᠂ ᠾᠦᠩᠨᠤ ᠂ ᠦᠬᠤᠸᠠᠨ ᠂ ᠰᠢᠶᠠᠨᠪᠢ ᠂ ᠬᠢᠳᠡᠨ ᠂ ᠵᠦᠷᠴᠢᠨ ᠂ ᠮᠤᠩᠭᠤᠯ ᠵᠡᠷᠭᠡ ᠤᠮᠠᠷᠠᠳᠤ ᠤᠷᠤᠨ ‍ᠤ ᠦᠨᠳᠦᠰᠦᠳᠡᠨ ᠤᠷᠢᠳ ᠬᠤᠵᠢᠳ ᠡᠨᠳᠡ ᠠᠮᠢᠳᠤᠷᠠᠨᠣᠷᠤᠰᠢᠵᠤ ᠪᠠᠶᠢᠵᠠᠢ ᠃ ᠪᠠᠶᠢᠯᠳᠤᠭᠠᠨᠳᠤ ᠤᠯᠤᠰ ‍ᠤᠨ ᠦᠶ᠎ᠡ ᠳ᠋ᠤ ᠂ ᠴᠢᠨ ᠺᠠᠢ ᠳ᠋ᠦᠩᠬᠤ ᠵᠢ ᠤᠬᠤᠷᠢᠭᠤᠯᠤᠭᠰᠠᠨ ᠦᠯᠢᠭᠡᠷ ᠡᠨᠳᠡ ᠡᠭᠦᠰᠦᠭᠰᠡᠨ ᠶᠤᠮ ᠂ ᠴᠢᠨ ᠺᠠᠢ ᠡᠳᠤᠷ ᠢᠷᠡᠬᠦᠶ᠎ᠡ ᠭᠦᠴᠦᠷᠭᠡᠭᠵᠢᠭᠰᠡᠨ ᠳ᠋ᠦᠩᠬᠤ ᠭᠦᠮᠦᠨ ‍ᠤ ᠬᠠᠯᠳᠠᠨ ᠲᠦᠢᠪᠡᠯᠭᠡ ᠵᠢ ᠡᠰᠡᠷᠭᠦᠴᠡᠬᠦ ᠶ᠋ᠢᠨ ᠲᠦᠯᠦᠭᠡ ᠰᠡᠯᠪᠢᠨ ᠵᠠᠰᠠᠭᠰᠠᠨ ᠤᠷᠳᠤ ᠴᠠᠭᠠᠨ ᠭᠡᠷᠡᠮ ‍ᠤᠨ ᠦᠯᠡᠳᠡᠭᠳᠡᠯ ᠤᠳᠤ ᠪᠤᠯᠳᠠᠯ᠎ᠠ ᠪᠠᠰᠠ ᠪᠠᠶᠢᠭᠰᠠᠭᠠᠷ ᠶᠤᠮ ᠃ ᠪᠠᠷᠠᠭᠤᠨ ᠯᠢᠶᠣᠣᠾᠧ ᠭᠤᠤᠯ ‍ᠤᠨ ᠡᠬᠢᠯᠡᠯᠳᠡ ᠨᠢ ᠮᠡᠨ ‍ᠤ ᠬᠤᠰᠢᠭᠤᠨ ‍ᠤ ᠬᠢᠯᠢ ᠲᠤᠳᠤᠷ᠎ᠠ ᠪᠠᠶᠢᠵᠤ ᠂ ᠬᠢᠳᠡᠨ ᠦᠨᠳᠦᠰᠦᠳᠡᠨ ‍ᠤ ᠲᠦᠷᠦᠭᠦᠦ ᠶᠸᠯᠢᠦᠢ ᠠᠪᠤᠵᠢ ᠪᠠᠷᠠᠭᠤᠨ ᠯᠢᠶᠣᠣᠾᠧ ᠭᠤᠤᠯ ‍ᠤᠨ ᠡᠬᠢᠯᠡᠯᠳᠡ ᠳ᠋ᠤ ᠮᠡᠨᠳᠡᠯ ᠬᠤᠳᠠ ᠪᠠᠶᠢᠭᠤᠯᠵᠤ ᠦᠪᠡᠷ ‍ᠢ ᠪᠡᠨ ᠡᠵᠡᠨ ᠡᠷᠭᠦᠮᠵᠢᠯᠡᠵᠤ ᠂ ᠲᠤᠮᠳᠠᠳᠤ ᠤᠯᠤᠰ ‍ᠤᠨ ᠤᠮᠠᠷᠠᠳᠤ ᠶ᠋ᠢᠨ ᠲᠠᠯ᠎ᠠ ᠨᠤᠳᠤᠭ ᠲᠤ ᠨᠢᠭᠡᠨ ᠦᠶ᠎ᠡ ᠮᠠᠨᠳᠤᠭᠰᠠᠨ ᠶᠡᠭᠡ ᠯᠢᠶᠦᠦ ᠤᠯᠤᠰ ‍ᠢ ᠪᠠᠶᠢᠭᠤᠯᠤᠭᠰᠠᠨ ᠶᠤᠮ ᠃ ᠮᠡᠨ ‍ᠤ ᠬᠤᠰᠢᠭᠤᠨ ‍ᠤ ᠭᠡᠪᠴᠢᠶᠠᠨ ᠡᠴᠡ ᠭᠠᠷᠤᠭᠰᠠᠨ ᠯᠢᠶᠦᠦ ᠤᠯᠤᠰ ‍ᠤᠨ ᠦᠶ᠎ᠡ ᠶ᠋ᠢᠨ ᠦᠩᠭᠡᠳᠦ ᠠᠪᠰᠠ ᠂ ᠡᠷᠳᠡᠨ ‍ᠤ ᠸᠠᠭᠠᠷ ᠨᠠᠷᠢᠯᠢᠭ ᠱᠠᠭᠠᠵᠠᠩ ᠵᠡᠷᠭᠡ ᠨᠢᠭᠡ ᠪᠦᠯᠦᠭ ᠲᠡᠦᠭᠡᠨ ᠲᠤᠷᠠᠰᠬᠠᠯᠳᠤ ᠪᠤᠳᠠᠰ ᠨᠢ ᠮᠡᠨ ‍ᠤ ᠬᠤᠰᠢᠭᠤ ᠬᠢᠳᠡᠨ ‍ᠤ ᠰᠤᠶᠤᠯ ᠡᠴᠡ ᠡᠬᠢ ᠢᠷᠡᠯᠳᠡ ᠲᠡᠢ ᠭᠡᠷᠡᠴᠢᠯᠠᠵᠤ ᠪᠠᠶᠢᠨ᠎ᠠ ᠃ ᠮᠡᠨ ‍ᠤ ᠬᠤᠰᠢᠭᠤᠨ ‍ᠤ ᠴᠢᠩ ᠯᠦᠩ ᠱᠠᠨ ᠡᠴᠡ ᠭᠠᠷᠤᠭᠰᠠᠨ ᠯᠢᠶᠦᠦ ᠶ᠋ᠢᠨ ᠴᠸᠨ ᠭᠦᠸᠸ ᠭᠦᠩᠵᠤ ᠬᠢᠭᠡᠳ ᠹᠦᠮᠡ ᠵᠢ  ᠬᠠᠮᠳᠤ ᠤᠷᠤᠰᠢᠭᠤᠯᠤᠭᠰᠠᠨ ᠤᠩᠭᠤᠨ ᠨᠢ 《 ᠲᠤᠯᠤᠳᠤᠭᠠᠷ ᠲᠠᠪᠤᠨ ᠵᠢᠯ 》 ‍ᠤᠨ ᠬᠤᠭᠤᠴᠠᠭᠠᠨ ‍ᠤ ᠤᠯᠤᠰ ‍ᠤᠨ 《 ᠠᠷᠪᠠᠨ ᠶᠡᠭᠡ ᠬᠠᠭᠤᠴᠢᠨ ‍ᠤ ᠰᠤᠳᠤᠯᠤᠯ ‍ᠤᠨ ᠢᠯᠡᠷᠡᠭᠦᠯᠦᠯᠳᠡ》 ᠶ᠋ᠢᠨ ᠨᠢᠭᠡ ᠮᠦᠨ ᠂ ᠪᠡᠰᠡ ᠤᠳᠤ ᠪᠤᠯᠳᠠᠯ᠎ᠠ ᠢᠯᠡᠷᠡᠭᠦᠯᠦᠭᠰᠡᠨ ᠬᠠᠮᠤᠭ ᠪᠦᠷᠢᠨ ᠪᠦᠳᠦᠨ ᠬᠠᠳᠠᠭᠠᠯᠠᠵᠤ ᠪᠠᠶᠢᠭ᠎ᠠ ᠯᠢᠶᠦᠦ ᠶ᠋ᠢᠨ ᠦᠶ᠎ᠡ ᠶ᠋ᠢᠨ ᠤᠩᠭᠤᠨ ᠪᠤᠯᠤᠨ᠎ᠠ ᠃ ᠤᠩᠭᠤᠨ ᠡᠴᠡ ᠭᠠᠷᠭᠠᠭᠰᠠᠨ ᠴᠸᠨ ᠭᠦᠸᠸ ᠭᠦᠩᠵᠤ ᠪᠤᠯᠤᠨ ᠹᠦᠮᠡ ᠶ᠋ᠢᠨ ᠠᠯᠳᠠᠨ ᠨᠢᠭᠤᠷ ᠵᠡᠷᠭᠡ ᠭᠤᠷᠪᠠᠨ ᠮᠢᠩᠭ᠎ᠠ ᠢᠯᠡᠬᠦᠦ ᠬᠤᠪᠢ ᠲᠡᠦᠭᠡ ᠶ᠋ᠢᠨ ᠲᠤᠷᠠᠰᠬᠠᠯᠳᠤ ᠪᠤᠳᠠᠰ ᠲᠤᠳᠤᠷ᠎ᠡ ᠭᠠᠳᠠᠨ᠎ᠠ ᠵᠢ ᠰᠤᠴᠢᠭᠠᠵᠤ ᠂ ᠪᠦᠬᠦ ᠤᠯᠤᠰ ᠴᠢᠨᠠᠭᠰᠢᠯᠠᠨ ᠲᠡᠯᠡᠭᠡᠢ ᠶ᠋ᠢᠨ ᠬᠠᠭᠤᠴᠢᠨ ‍ᠤ ᠰᠤᠳᠤᠯᠤᠯ ‍ᠤᠨ ᠡᠳᠡᠭᠡᠳ ᠲᠤ ᠲᠤᠩ ᠶᠡᠭᠡ ᠨᠦᠯᠦᠭᠡ ᠲᠤᠰᠬᠠᠯ ᠭᠠᠷᠭᠠᠭᠰᠠᠨ ᠶᠤᠮ ᠃ ᠴᠢᠩ ‍ᠤᠨ ᠲᠠᠶᠢᠽᠦᠩ ‍ᠤᠨ ᠴᠦᠩ ᠳ᠋ᠧ ᠶ᠋ᠢᠨ ᠲᠡᠷᠢᠬᠦᠨ ᠤᠨ (1636 ᠤᠨ ) ᠳ᠋ᠤ ᠂ ᠬᠤᠸᠠᠩ ᠲᠠᠶᠢᠵᠢ ᠶ᠋ᠢᠨ ᠦᠷᠦᠰᠢᠶᠡᠨ  ᠬᠠᠶᠢᠷᠠᠯᠠᠭᠰᠠᠨ ᠮᠡᠨ ‍ᠤ  ᠣᠳᠤ ᠶ᠋ᠢᠨ ᠡᠨᠡᠬᠦ ᠭᠠᠵᠠᠷ ᠤᠷᠤᠨ ᠪᠤᠯ ᠴᠢᠩᠬᠢᠰ ᠬᠠᠭᠠᠨ ‍ᠤ 20 ᠳ᠋ᠤᠭᠠᠷ ᠦᠶ᠎ᠡ ᠶ᠋ᠢᠨ ᠤᠮᠪᠤᠯᠤ ᠭᠤᠨᠴᠤᠭ ᠦᠶ᠎ᠡ ᠵᠠᠯᠭᠠᠮᠵᠢᠯᠠᠭᠰᠠᠨ ᠨᠢᠭᠡ ᠬᠤᠰᠢᠭᠤᠨ ‍ᠤ ᠬᠠᠷᠢᠶᠠᠳᠤ ᠭᠠᠵᠠᠷ ᠮᠦᠨ ᠂ ᠤᠴᠢᠷ ᠨᠢ ᠭᠤᠨᠴᠤᠭ ᠪᠤᠯ ᠤᠮᠠᠷᠠᠳᠤ ᠶᠤᠸᠠᠨ ‍ᠤ ᠮᠤᠩᠭᠤᠯ ᠴᠠᠬᠠᠷ ᠨᠠᠢᠮᠠᠨ ( ᠨᠠᠢᠮᠠᠨ ) ‍ᠤ  ᠠᠶᠢᠮᠠᠭ ‍ᠤᠨ ᠲᠦᠷᠦᠭᠦᠦ ᠪᠠᠶᠢᠭᠰᠠᠨ ᠶᠤᠮ ᠂ ᠡᠭᠦᠨ ᠡᠴᠡ ᠡᠬᠢᠯᠠᠵᠤ ᠂ ᠮᠡᠨ ‍ᠤ ᠡᠨᠡᠬᠦ ᠭᠠᠵᠠᠷ ᠤᠷᠤᠨ ‍ᠢ《 ᠨᠠᠢᠮᠠᠨ ᠬᠤᠰᠢᠭᠤ 》 ᠭᠡᠵᠤ ᠨᠡᠷᠡᠯᠡᠭᠦ ᠪᠤᠯᠵᠠᠢ ᠂ ᠡᠭᠦᠨ ᠡᠴᠡ ᠬᠤᠶᠢᠰᠢᠳᠡ ᠠᠷᠪᠠᠨ ᠵᠢᠷᠭᠤᠭᠠᠨ ᠵᠢᠶᠦᠢᠨ (ᠴᠢᠨ ) ᠸᠠᠩ  ‍ᠢ  ᠦᠩᠭᠡᠷᠡᠭᠰᠡᠨ ᠂ ᠨᠠᠢᠮᠠᠨ ‍ᠢ ᠭᠤᠷᠪᠠᠨ ᠵᠠᠭᠤ ᠢᠯᠡᠬᠦᠦ ᠵᠢᠯ ᠨᠤᠶᠠᠷᠬᠠᠭᠰᠠᠨ ᠶᠤᠮ ᠃ ᠨᠠᠢᠮᠠᠨ ‍ᠤ ᠸᠠᠩ ᠨᠤᠶᠠᠨ ‍ᠤ ᠰᠠᠭᠤᠵᠤ ᠪᠠᠶᠢᠭᠰᠠᠨ ᠨᠠᠢᠮᠠᠨ ‍ᠤ ᠸᠠᠩ ‍ᠤᠨ ᠬᠣᠷᠤᠭ᠎ᠠ ᠪᠤᠯ ᠂ ᠦᠪᠦᠷ ᠮᠤᠩᠭᠤᠯ ᠴᠢᠨᠠᠭᠰᠢᠯᠠᠨ ᠪᠦᠬᠦ ᠤᠯᠤᠰ ᠲᠤ ᠤᠳᠤ ᠪᠤᠯᠳᠠᠯ᠎ᠠ ᠬᠠᠮᠤᠭ ᠪᠦᠷᠢᠨ ᠪᠦᠳᠦᠨ ᠬᠠᠳᠠᠭᠠᠯᠠᠭᠳᠠᠵᠤ ᠪᠠᠶᠢᠭ᠎ᠠ ᠴᠢᠩ ‍ᠤᠨ ᠦᠶ᠎ᠡ ᠶ᠋ᠢᠨ ᠸᠠᠩ ‍ᠤᠨ ᠬᠣᠷᠤᠭ᠎ᠠ ᠶ᠋ᠢᠨ ᠨᠢᠭᠡ ᠮᠦᠨ ᠃ ᠤᠶᠢᠷ᠎ᠠ ᠤᠳᠤ ᠦᠶ᠎ᠡ ᠳ᠋ᠤ ᠂ ᠡᠨᠡᠬᠦ ᠭᠠᠵᠠᠷ ᠨᠢ ᠪᠠᠰᠠ ᠬᠤᠷᠴᠢᠨ ‍ᠤ ᠰᠤᠶᠤᠯ ‍ᠤᠨ ᠴᠢᠬᠤᠯᠠ ᠪᠦᠷᠢᠯᠳᠤᠭᠦᠨ ᠭᠡᠰᠡᠭ ᠮᠦᠨ ᠃ ᠮᠡᠨ ‍ᠤ ᠨᠠᠢᠮᠠᠨ ᠬᠤᠰᠢᠭᠤᠨ ‍ᠤ ᠡᠨᠡᠬᠦ ᠬᠠᠴᠢᠨ ᠭᠠᠶᠢᠬᠠᠮᠰᠢᠭᠳᠦ ᠭᠤᠶᠤ ᠰᠠᠶᠢᠬᠠᠨ ᠭᠠᠵᠠᠷ ᠨᠤᠳᠤᠭ ᠲᠤ ᠪᠤᠢ ᠪᠤᠯᠤᠭᠰᠠᠨ ᠬᠠᠮᠤᠭ ‍ᠤᠨ ᠭᠤᠶᠤ ᠰᠠᠶᠢᠬᠠᠨ ᠮᠤᠩᠭᠤᠯ ᠠᠷᠠᠳ ‍ᠤᠨ ᠲᠠᠭᠤᠤ 《  ᠨᠤᠭᠤᠨᠵᠠᠶᠠᠭ᠎ᠠ 》 ᠂ ᠲᠤᠳᠤᠨ᠎ᠠ ᠭᠠᠳᠠᠨ᠎ᠠ ᠤᠯᠠᠮᠵᠢᠯᠠᠭᠳᠠᠨ ᠳᠠᠭᠤᠯᠠᠭᠳᠠᠵᠤ ᠪᠠᠶᠢᠨ᠎ᠠ ︔ ᠨᠠᠢᠮᠠᠨ ‍ᠤ ᠪᠡᠷ ᠵᠢᠷᠤᠭ ᠨᠢᠭᠡᠨᠳᠡ ᠬᠤᠷᠴᠢᠨ ‍ᠤ ᠪᠠᠷ ᠵᠢᠷᠤᠭ ‍ᠤᠨ ᠴᠢᠬᠤᠯᠨ ᠪᠦᠷᠢᠯᠳᠦᠬᠦᠨ ᠭᠡᠰᠡᠭ  ᠪᠤᠯᠵᠤ ᠂ ᠲᠤᠮᠳᠠᠳᠤ ᠤᠯᠤᠰ ‍ᠤᠨ ᠵᠢᠷᠤᠭ ‍ᠤᠨ ᠲᠠᠪᠴᠠᠩ ᠳ᠋ᠤ ᠨᠡᠷ᠎ᠡ ᠠᠯᠳᠠᠷᠰᠢᠵᠤ ᠪᠠᠶᠢᠨ᠎ᠠ ᠃
     ᠮᠡᠨ ‍ᠤ ᠨᠠᠢᠮᠠᠨ ᠬᠤᠰᠢᠭᠤ ᠪᠤᠯ ᠴᠡᠩᠭᠡᠷ ᠠᠭᠤᠳᠠᠮ ᠭᠠᠵᠠᠷ ᠨᠤᠳᠤᠭ ᠮᠦᠨ ᠃ ᠪᠡᠭᠡᠵᠢᠩ ᠡᠴᠡ ᠬᠠᠮᠤᠭ ᠦᠢᠷᠡᠯᠴᠠᠭ᠎ᠠ ᠲᠤᠮᠳᠠᠳᠤ ᠤᠯᠤᠰ ‍ᠤᠨ ᠬᠠᠮᠤᠭ ᠶᠡᠭᠡ ᠡᠯᠡᠰᠤᠷᠭᠡᠭ ᠭᠠᠵᠠᠷ ——  ᠪᠤᠭᠤᠳᠤ ᠶ᠋ᠢᠨ ᠡᠯᠡᠰᠤ ᠮᠠᠩᠬ᠎ᠠ ᠪᠤᠢ ︔ ᠪᠦᠬᠦ ᠤᠯᠤᠰ ‍ᠤᠨ ᠬᠠᠮᠤᠭ ᠶᠡᠭᠡ ᠵᠤᠬᠢᠶᠠᠮᠠᠯ ᠤᠯᠢᠶᠠᠰᠤ ᠮᠤᠳᠤᠨ ‍ᠤ ᠤᠢ ——  ᠰᠢᠩ ᠯᠦᠩ ᠵᠤᠤ ᠡᠯᠡᠰᠦᠷᠭᠡᠭ ᠭᠠᠵᠠᠷ ‍ᠤᠨ ᠤᠢ ᠰᠢᠭᠤᠢ ᠶ᠋ᠢᠨ ᠲᠠᠯᠠᠪᠠᠢ ᠪᠤᠢ ︔《 ᠬᠤᠳᠠ ᠶ᠋ᠢᠨ ᠲᠣᠳᠤᠷ᠎ᠠ ᠡᠯᠡᠰᠤ ᠂ ᠡᠯᠡᠰᠤᠨ ᠲᠤᠳᠤᠷᠠᠬᠢ ᠬᠤᠳᠠ 》 ᠶ᠋ᠢᠨ ᠬᠠᠴᠢᠨ ᠵᠢᠭᠳᠡᠢ ᠦᠵᠡᠮᠵᠢ  ᠪᠦᠬᠦᠢ ᠲᠤᠮᠳᠠᠳᠤ ᠤᠯᠤᠰ ‍ᠤᠨ ᠡᠯᠡᠰᠤ ᠮᠠᠩᠬᠠᠨ ‍ᠤ ᠠᠮᠢ ᠠᠬᠤᠢ ᠶ᠋ᠢᠨ ᠬᠤᠳᠠ ᠪᠤᠯᠤᠨ᠎ᠠ ︔ ᠣᠳᠤ ᠬᠠᠳᠠᠭᠠᠯᠠᠭᠳᠠᠵᠤ ᠪᠠᠶᠢᠭ᠎ᠠ ᠪᠦᠬᠦ ᠤᠯᠤᠰ ᠲᠤ ᠬᠠᠮᠤᠭ ᠶᠡᠭᠡ ᠡᠯᠡᠰᠤᠨ ᠳ᠋ᠠᠬᠢ ᠴᠡᠩᠭᠡᠭ ᠤᠰᠤᠨ ᠨᠠᠭᠤᠷ —— ᠮᠸᠩ ᠵᠢᠶᠠ ᠳ᠋ᠤᠸᠠᠨ ᠳ᠋ᠡᠬᠢ ᠡᠯᠡᠰᠤᠨ ᠨᠠᠭᠤᠷ ᠲᠠᠢ ︔ ᠪᠠᠷᠠᠭᠤᠨ ᠤᠷᠤᠨ ‍ᠤ ᠲᠤᠤᠷᠠᠢ ᠮᠤᠳᠤ ᠯᠤᠭ᠎ᠠ ᠠᠳᠠᠯᠢᠬᠠᠨ ᠨᠡᠷ᠎ᠡ ᠠᠯᠳᠠᠷᠰᠢᠭᠰᠠᠨ ᠨᠠᠢᠮᠠᠨ ‍ᠤ ᠪᠦᠭᠳᠦᠷ ᠤᠳᠠ ᠪᠤᠢ ᠃
     ᠮᠡᠨ ‍ᠤ ᠨᠠᠢᠮᠠᠨ ᠬᠤᠰᠢᠭᠤ ᠪᠤᠯ ᠨᠢᠭᠡᠨ ᠡᠳ᠋ ᠭᠠᠷᠤᠯᠳᠠ ᠡᠯᠪᠡᠭ ᠪᠠᠶᠠᠯᠢᠭ ᠭᠠᠵᠠᠷ ᠤᠷᠤᠨ ᠮᠦᠨ ᠃ ᠡᠭᠡ ᠪᠠᠶᠢᠭᠠᠯᠢ ᠨᠠᠢᠮᠠᠨ ‍ᠤ ᠰᠤᠨᠢᠨ ᠵᠢᠭᠳᠡᠢ ᠪᠠᠶᠢᠭᠠᠯᠢ ᠶ᠋ᠢᠨ ᠦᠩᠭᠡ ᠦᠵᠡᠮᠵᠢ ᠵᠢ ᠪᠦᠷᠢᠯᠳᠦᠬᠦᠯᠦᠭᠰᠡᠨ ‍ᠢᠶ᠋ᠡᠷ ᠦᠯᠦ ᠪᠠᠷᠠᠨ ᠂ ᠪᠠᠰᠠ ᠡᠯᠪᠡᠭ ᠪᠠᠶᠠᠯᠢᠭ ᠡᠳ᠋ ᠭᠠᠷᠤᠯᠳᠠ ᠪᠡ ᠠᠭᠤᠷᠬᠠᠢ ᠶ᠋ᠢᠨ ᠪᠤᠯᠠᠭᠳᠠᠴᠠ ᠵᠢ ᠪᠤᠢ ᠪᠤᠯᠭᠠᠭᠰᠠᠨ ᠶᠤᠮ ᠂ ᠮᠡᠨ ‍ᠤ ᠬᠤᠰᠢᠭᠤ ᠶᠠᠷᠤ ᠨᠢ 《 ᠡᠷᠡᠭᠦᠯ ᠴᠢᠬᠢᠷᠠᠭ ᠡᠮᠳᠤ ᠴᠢᠯᠠᠭᠤ 》 ᠭᠡᠵᠤ ᠠᠯᠳᠠᠷᠰᠢᠭᠰᠠᠨ ᠲᠤᠮᠳᠠᠳᠤ ᠶ᠋ᠢᠨ ᠷᠠᠰᠢᠶᠠᠨ ᠴᠢᠯᠠᠭᠤ ᠶ᠋ᠢᠨ ᠤᠤᠯ ᠭᠠᠷᠤᠯᠳᠠ ᠶ᠋ᠢᠨ ᠤᠷᠤᠨ ᠮᠦᠨ ᠃ ᠮᠡᠨ ‍ᠤ ᠬᠤᠰᠢᠭᠤ ᠪᠤᠯ ᠲᠡᠯᠡᠭᠡᠢ ᠲᠡᠭᠡᠷ᠎ᠡ ᠬᠠᠮᠤᠭ ᠡᠷᠳᠡ ᠨᠡᠷᠢᠮᠤ ᠲᠠᠷᠢᠭᠰᠠᠨ ᠭᠠᠵᠠᠷ ᠮᠦᠨ ᠂ ᠨᠠᠷᠢᠮᠤ ᠂ ᠰᠠᠭᠠᠭ ᠂ ᠹᠸᠨᠲ᠋ᠢᠶᠦᠦᠷ ᠂ ᠲᠠᠷᠪᠤᠰ ᠵᠡᠷᠭᠡ ᠪᠤᠬᠢᠷᠳᠤᠯ ᠦᠭᠡᠢ ᠤᠷᠭᠠᠨᠢᠭ ᠲᠠᠷᠢᠶᠠᠯᠠᠩ ‍ᠤᠨ ᠭᠠᠷᠤᠯᠳᠠ ᠪᠦᠬᠦ ᠤᠯᠤᠰ ‍ᠤᠨ ᠡᠯ᠎ᠡ ᠭᠠᠵᠠᠷ ᠴᠢᠨᠠᠭᠰᠢᠯᠠᠭᠠᠳ ᠵᠡᠬᠦᠨ ᠡᠮᠤᠨᠡᠳᠦ ᠠᠽᠢᠶ᠎ᠠ ᠶ᠋ᠢᠨ ᠤᠯᠤᠰ ᠲᠤ ᠪᠤᠷᠤᠯᠠᠭᠤᠯᠤᠭᠳᠠᠵᠤ ᠪᠠᠶᠢᠨ᠎ᠠ ᠃
    ᠮᠡᠨ ‍ᠤ ᠨᠠᠢᠮᠠᠨ ᠬᠤᠰᠢᠭᠤ ᠪᠤᠯ ᠪᠡᠯᠡᠳᠭᠡᠯ ᠪᠦᠷᠢᠨ ᠬᠠᠳᠠᠭᠠᠯᠠᠮᠵᠢ ᠰᠠᠶᠢᠳᠠᠢ ᠭᠠᠵᠠᠷ ᠨᠤᠳᠤᠭ ᠮᠦᠨ ᠃ ᠪᠠᠷᠠᠭᠤᠨ ᠤᠷᠤᠨ ‍ᠢ ᠨᠡᠭᠡᠭᠡᠬᠦ ᠂ ᠵᠡᠬᠦᠨ ᠬᠤᠶᠢᠳᠤ ᠤᠷᠤᠨ ‍ᠢ ᠭᠦᠭᠵᠢᠬᠦᠯᠬᠦ ᠂ ᠦᠪᠦᠷ ᠮᠤᠩᠭᠤᠯ ‍ᠤᠨ ᠭᠦᠭᠵᠢᠯᠳᠡ ᠵᠢ ᠲᠦᠷᠭᠡᠳᠭᠡᠬᠦ ᠭᠤᠷᠪᠠᠨ ᠶᠡᠭᠡ ᠲᠦᠷᠦ ᠶ᠋ᠢᠨ ᠪᠤᠳᠤᠯᠭ᠎ᠠ ᠡᠨᠳᠡ ᠲᠤᠭᠤᠰᠢᠯᠠᠭᠳᠠᠵᠤ ᠂ ᠦᠪᠦᠷ ᠮᠤᠩᠭᠤᠯ ᠯᠢᠶᠦᠦᠨᠢᠩ ᠬᠢᠭᠡᠳ ᠪᠠᠭᠡᠵᠢᠩ ᠲᠦᠩᠯᠢᠶᠦᠦ ᠶ᠋ᠢᠨ ᠭᠦᠨᠳᠡᠯᠡᠨ ᠭᠤᠤᠯᠳᠤ ᠬᠤᠶᠠᠷ ᠶᠡᠬᠡ ᠬᠠᠭᠤᠷᠠᠢ ᠵᠠᠮ ᠡᠨᠳᠡ ᠰᠤᠯᠢᠪᠴᠠᠨ ᠨᠡᠪᠳᠡᠷᠡᠵᠤ ᠂ ᠲᠤᠮᠳᠠᠳᠤ ᠪᠡ ᠮᠤᠩᠭᠤᠯ ᠤᠯᠤᠰ ‍ᠢ ᠬᠤᠯᠪᠤᠭᠰᠠᠨ ᠪᠠᠶᠠᠨᠬᠤᠸᠠ ᠡᠴᠡ ᠹᠦᠰᠢᠨ ᠭᠦᠷᠬᠦ ᠲᠡᠮᠤᠷ ᠵᠡᠮ ᠪᠡ ᠫᠠᠨᠵᠢᠨ ᠡᠴᠡ ᠨᠠᠢᠮᠠᠨ ᠭᠦᠷᠭᠦ ᠲᠡᠭᠡᠳᠦ ᠬᠤᠷᠳᠤᠴᠠᠳᠤ ᠵᠠᠰᠠᠮᠠᠯ ᠵᠠᠮ ᠵᠡᠷᠭᠡᠴᠡᠨ ᠦᠩᠭᠡᠷᠡᠵᠤ ᠵᠢᠨᠵᠸᠦ ᠭᠠᠷᠠᠮ ᠳ᠋ᠤ ᠰᠢᠭᠤᠳ ᠭᠦᠷᠴᠤ ᠂ ᠨᠠᠢᠮᠠᠨ ‍ᠢ ᠦᠪᠦᠷ ᠮᠤᠩᠭᠤᠯ ‍ᠤᠨ ᠡᠭᠡ ᠬᠠᠭᠤᠷᠠᠢ ᠶ᠋ᠢᠨ ᠲᠠᠯᠠᠢ ᠶ᠋ᠢᠨ ᠭᠠᠷᠠᠮ ᠡᠴᠡ ᠬᠠᠮᠤᠭ ᠤᠶᠢᠷᠠᠯᠴᠠᠭ᠎ᠠ ᠭᠠᠵᠠᠷ ᠤᠷᠤᠨ ᠪᠣᠯᠭᠠᠵᠠᠢ ᠃ ᠮᠡᠨ ‍ᠤ ᠬᠤᠰᠢᠭᠤ ᠤᠷᠳᠤ ᠤᠳᠠᠭᠠᠨ ᠲᠡᠦᠭᠡ ᠲᠡᠢ ᠂ ᠰᠠᠴᠤᠷᠠᠩᠭᠤᠢ ᠰᠤᠶᠤᠯ ᠲᠠᠢ ᠂ ᠭᠠᠵᠠᠷ ‍ᠤᠨ ᠪᠠᠶᠢᠷᠢ ᠲᠠᠪᠠᠭᠤᠯᠢᠭ ᠂ ᠦᠩᠭᠡ ᠦᠵᠡᠮᠵᠢ ᠭᠤᠶᠤ ᠰᠠᠶᠢᠬᠠᠨ ᠂ ᠭᠠᠷᠮᠠᠭᠠᠢ ᠭᠦᠮᠦᠨ ᠭᠠᠶᠢᠬᠠᠮᠰᠢᠭᠳᠦ ᠤᠷᠤᠨ ᠪᠦᠬᠦᠢ ᠂ ᠡᠳ᠋ ᠭᠠᠷᠤᠯᠳᠠ ᠡᠯᠪᠡᠭ ᠪᠠᠶᠠᠯᠢᠭ ᠂ ᠭᠡᠳᠦᠶᠢᠪᠡᠷ ᠤᠳᠤ ᠪᠤᠯᠳᠠᠯ᠎ᠠ ᠤᠯᠤᠰ ‍ᠤᠨ ᠶᠠᠳᠠᠭᠤᠯᠢᠭ ᠬᠤᠰᠢᠭᠤ ᠰᠢᠶᠠᠨ ᠪᠤᠯᠪᠠᠴᠤ ᠂ ᠢᠷᠡᠭᠡᠳᠦᠢ ᠶ᠋ᠢᠨ ᠨᠡᠭᠡᠭᠡᠯᠳᠡ ᠂ ᠪᠦᠳᠦᠭᠡᠨ ᠪᠠᠶᠢᠭᠤᠯᠤᠯᠳᠠ ᠬᠢᠭᠡᠳ ᠭᠦᠭᠵᠢᠯᠳᠡ ᠶ᠋ᠢᠨ ᠯᠤᠳᠤ ᠶᠡᠭᠡ ᠨᠢᠭᠤᠭᠳᠠᠮᠠᠯ ᠭᠦᠴᠦᠨ ᠲᠡᠢ ᠶᠤᠮ ᠃
    ᠨᠠᠢᠮᠠᠨ ᠨᠤᠳᠤᠭ ‍ᠤᠨ ᠡᠵᠡᠨ ᠂ ᠤᠨᠴᠠᠭᠠᠶᠢᠯᠠᠨ ᠮᠠᠨ ᠤ ᠨᠠᠢᠮᠠᠨ ᠬᠤᠰᠢᠭᠤᠨ ‍ᠤ ᠵᠠᠯᠠᠭᠠᠤᠴᠤᠳ ᠪᠠᠭᠠᠴᠤᠳ ᠪᠠ ᠲᠤᠮᠳᠠᠳᠤ ᠪᠠᠭ᠎ᠠ ᠰᠤᠷᠭᠠᠭᠤᠯᠢ ᠶ᠋ᠢᠨ ᠰᠤᠷᠤᠭᠴᠢᠳ ᠂ ᠪᠢᠴᠢᠭ ᠦᠵᠡᠵᠤ ᠪᠠᠶᠢᠬᠤ ᠬᠤᠭᠤᠴᠠᠭᠠᠨ ᠳ᠋ᠤ ᠪᠠᠨ ᠮᠡᠨ ‍ᠤ ᠨᠠᠢᠮᠠᠨ ᠬᠤᠰᠢᠭᠤᠨ ‍ᠤ ᠭᠦᠮᠦᠨ ᠰᠤᠶᠤᠯ ᠭᠠᠵᠠᠷ ᠵᠦᠢ ᠶ᠋ᠢᠨ ᠮᠡᠳᠡᠯᠭᠡ ᠵᠢ ᠡᠵᠡᠮᠰᠢᠬᠦ ᠬᠠᠷᠢᠭᠤᠴᠠᠯᠭ᠎ᠠ ᠲᠡᠢ ᠂ ᠲᠡᠷᠡ ᠮᠦᠷᠳᠡᠭᠡᠨ ᠤᠳᠤᠬᠠᠨ ᠳ᠋ᠤ ᠪᠠᠶᠢᠭ᠎ᠠ ᠠᠯᠳᠠᠷᠳᠤ ᠦᠵᠡᠮᠵᠢ ᠵᠢ ᠪᠤᠳᠠᠳᠠᠢ ᠭᠠᠵᠠᠷ ᠲᠤᠨᠢ ᠭᠦᠷᠴᠦ ᠤᠶᠢᠯᠠᠭᠠᠬᠤ ᠭᠡᠷᠡᠭᠳᠡᠢ ᠃ ᠡᠭᠦᠨ ‍ᠤ ᠲᠤᠯᠠ ᠂ ᠪᠢᠳᠡ 《 ᠡᠯᠢᠭᠡᠨ ᠬᠠᠶᠢᠷᠠᠳᠤ ᠨᠠᠢᠮᠠᠨ 》 ᠭᠡᠬᠦ ᠬᠤᠰᠢᠭᠤᠨ ‍ᠤ ᠪᠠᠶᠢᠳᠠᠯ ‍ᠤᠨ ᠰᠤᠷᠭᠠᠨ ᠭᠦᠮᠦᠵᠢᠯ ‍ᠤᠨ ᠤᠩᠰᠢᠬᠤ ᠪᠢᠴᠢᠭ ‍ᠢ ᠨᠠᠶᠢᠷᠠᠭᠤᠯᠪᠠ ᠃ ᠲᠤᠰ ᠲᠡᠪᠳᠡᠷ ᠨᠢ ᠮᠡᠨ ‍ᠤ ᠬᠤᠰᠢᠭᠤᠨ ‍ᠤ ᠲᠤᠮᠳᠠᠳᠤ ᠪᠠᠭ᠎ᠠ ᠰᠤᠷᠭᠠᠭᠤᠯᠢ ᠶ᠋ᠢᠨ  ᠰᠤᠷᠤᠭᠴᠢᠳ ᠤᠨ ᠨᠤᠳᠤᠭ ᠤᠰᠤᠨ ᠤ ᠵᠢᠭᠠᠬᠤ ᠮᠠᠲ᠋ᠸᠷᠢᠶᠠᠯ ᠪᠤᠯᠵᠤ ᠂ ᠵᠠᠯᠠᠭᠤᠴᠤᠳ ᠪᠠᠭᠠᠴᠤᠳ ᠨᠠᠶᠢᠵᠠ ᠨᠠᠷ ‍ᠤᠨ ᠨᠠᠢᠮᠠᠨ ᠢ ᠤᠶᠢᠯᠠᠭᠠᠬᠤ ᠳ᠋ᠥ ᠯᠠᠪᠯᠠᠬᠤ ᠲᠡᠪᠳᠡᠷ ᠪᠤᠯᠤᠭᠠᠰᠠᠢ  ᠭᠡᠵᠦ ᠬᠦᠰᠡᠮᠵᠢᠯᠡᠵᠡᠢ ᠃
    《 ᠡᠯᠢᠭᠡᠨ ᠬᠠᠶᠢᠷᠠᠳᠤ ᠨᠠᠢᠮᠠᠨ 》 ᠳ᠋ᠤ ᠶᠢᠰᠤᠨ ᠭᠡᠰᠡᠭ ‍ᠢ ᠭᠤᠤᠯᠳᠠᠯᠭ᠎ᠠ ᠲᠡᠢ ᠰᠤᠩᠭᠤᠨ ᠨᠠᠶᠢᠷᠠᠭᠤᠯᠪᠡ ᠂ ᠲᠠᠷᠤᠢ ᠨᠠᠢᠮᠠᠨ ‍ᠤ ᠲᠦᠢᠮᠤ ᠪᠠᠶᠢᠳᠠᠯ ᠂ ᠰᠤᠶᠤᠯ ᠲᠡᠦᠭᠡ ᠂ ᠪᠠᠶᠢᠭᠠᠯᠢ ᠭᠠᠵᠠᠷ ᠵᠦᠢ ᠂ ᠨᠡᠷᠡᠳᠦ ᠰᠢᠯᠢᠳᠡᠭ ᠤᠨᠴᠠ ᠭᠠᠷᠤᠯᠳᠠ ᠂ ᠠᠵᠤ ᠠᠬᠤᠢ ᠨᠡᠶᠢᠭᠡᠮ ᠂ ᠬᠤᠪᠢᠰᠬᠠᠯᠳᠤ ᠭᠦᠮᠦᠨ ᠂ ᠰᠤᠶᠤᠯ ‍ᠤᠨ ᠨᠡᠷᠡᠳᠦ ᠭᠦᠮᠦᠨ ᠂ ᠰᠢᠨᠵᠢᠯᠡᠭᠡ ᠮᠡᠷᠭᠡᠵᠢᠯ ‍ᠤᠨ ᠨᠡᠷᠡᠳᠦ ᠭᠦᠮᠦᠨ ᠬᠢᠭᠡᠳ ᠵᠢᠱᠢᠶᠡᠴᠢ ᠭᠦᠮᠦᠨ ᠪᠤᠯᠤᠨ᠎ᠠ ᠃ ᠲᠡᠭᠡᠷ᠎ᠡ ᠂ ᠲᠤᠤᠷ᠎ᠠ ᠣᠨ ᠤ ᠠᠩᠬᠢ ᠶ᠋ᠢᠨ ᠰᠤᠷᠤᠭᠴᠢ ᠶ᠋ᠢᠨ ᠡᠵᠡᠮᠰᠢᠬᠦ ᠵᠢ ᠢᠯᠭᠠᠬᠤ ᠳ᠋ᠤ ᠠᠮᠠᠷᠬᠠᠨ ‍ᠢ ᠪᠤᠳᠤᠵᠤ ᠂ ᠪᠢᠳᠡ ᠤᠩᠰᠢᠬᠤ ᠪᠢᠴᠢᠭ ᠲᠤ ᠨᠡᠷᠢᠨ ᠭᠡᠪᠯᠡᠯ ᠪᠡ ᠲᠦᠭᠦᠮ ᠭᠡᠪᠯᠡᠯ ( ᠭᠡᠰᠡᠭ ᠪᠦᠷᠢ ᠶ᠋ᠢᠨ ᠡᠮᠤᠨ᠎ᠡ ᠭᠡᠰᠡᠭ ᠳ᠋ᠡᠬᠢ ᠭᠦᠰᠦᠨᠦᠭᠳᠦ ᠶ᠋ᠢᠨ ᠠᠭᠤᠯᠭ᠎ᠠ ᠵᠢ ᠲᠦᠭᠦᠮ ᠭᠡᠪᠯᠡᠯ ᠪᠤᠯᠭᠠᠪᠠ ) ᠂ ᠲᠠᠷᠡᠴᠢᠯᠠᠨ   ᠵᠢᠷᠤᠭ ᠲᠤᠬᠢᠷᠠᠭᠤᠯᠵᠤ ᠂ ᠵᠠᠯᠠᠭᠤ ᠪᠠᠭᠠᠴᠤᠳ ᠤᠩᠰᠢᠵᠤ ᠦᠵᠡᠮᠡᠭᠴᠡ ᠲᠤᠪ ᠲᠤᠳᠤᠷᠬᠠᠢ ᠤᠶᠢᠯᠠᠭᠠᠬᠤ ᠪᠤᠯᠭᠠᠪᠠ ᠃ ᠡᠨᠡ ᠰᠠᠭᠤᠷᠢᠨ ᠲᠡᠭᠡᠷ᠎ᠡ ᠂ ᠭᠡᠰᠡᠭ ᠪᠦᠷᠢ ᠶ᠋ᠢᠨ ᠠᠷᠤ ᠲᠠᠯ᠎ᠠ ᠳ᠋ᠤ ᠪᠠᠰᠡ ᠨᠢᠭᠡ ᠪᠦᠯᠦᠭ ᠴᠦᠷᠭᠡᠯᠡᠭᠡ ᠪᠡ ᠪᠤᠳᠤᠯᠬᠢᠯᠡᠯ ᠨᠡᠮᠡᠵᠤ ᠂ ᠵᠢᠭᠠᠬᠤ ᠮᠠᠲ᠋ᠸᠷᠢᠶᠠᠯ ᠲᠤᠳᠤᠷᠠᠬᠢ ᠠᠭᠤᠯᠭ᠎ᠠ ᠵᠢ ᠪᠠᠶᠠᠯᠢᠭᠵᠢᠭᠤᠯᠵᠤ ᠂ ᠰᠡᠩᠭᠡᠷᠡᠭᠦᠯᠦᠨ ᠰᠡᠳᠬᠢᠬᠦ ᠳ᠋ᠤ ᠬᠠᠩᠭᠠᠪᠠ ᠃
   ᠲᠤᠰ ᠲᠡᠪᠳᠡᠷ ‍ᠢ ᠨᠠᠶᠢᠷᠠᠭᠤᠯᠬᠤ ᠶᠠᠪᠤᠴᠠ ᠳ᠋ᠤ ᠂ 《 ᠨᠤᠳᠤᠭ ᠤᠰᠤᠨ ᠤ ᠵᠢᠭᠠᠬᠤ ᠮᠠᠲ᠋ᠸᠷᠢᠶᠠᠯ 》 ᠭᠡᠵᠤ ᠭᠤᠤᠯᠴᠢᠯᠠᠭᠰᠠᠨ ᠪᠦᠭᠡᠳ ᠤᠷᠳᠤ ᠬᠤᠭᠤᠴᠠᠭᠠᠨ ‍ᠤ ᠴᠢᠨᠡᠷ ‍ᠢ ᠠᠩᠬᠠᠷᠪᠡ ᠂ ᠡᠶᠢᠮᠤ ᠡᠴᠡ ᠠᠯᠢ ᠴᠢᠳᠠᠬᠤ ᠪᠡᠷ ᠨᠢᠭᠡ ᠪᠦᠯᠦᠭ ᠬᠤᠪᠢᠰᠤᠭᠴᠢ ᠲᠤᠭ᠎ᠠ ᠪᠠᠶᠢᠬᠤ ᠦᠭᠡᠢ ᠪᠤᠶᠤ ᠬᠤᠪᠢᠰᠤᠭᠴᠢ ᠲᠤᠭ᠎ᠠ ᠶᠡᠭᠡ ᠪᠢᠰᠢ ᠠᠭᠤᠯᠭ᠎ᠠ ᠵᠢ ᠰᠤᠩᠭᠤᠪᠡ ᠂ ᠡᠭᠦᠨ ‍ᠤ ᠲᠤᠯᠠᠳᠠ ᠂ ᠰᠤᠶᠤᠯ ᠲᠡᠦᠭᠡ ᠪᠠᠶᠢᠭᠠᠯᠢ ᠶ᠋ᠢᠨ ᠲᠠᠯ᠎ᠠ ᠶ᠋ᠢᠨ ᠡᠵᠡᠯᠡᠬᠦ ᠬᠠᠷᠢᠴᠠᠯ ᠢᠯᠡᠬᠦᠦ ᠰᠢᠭ ᠪᠤᠯᠵᠤ ᠂ ᠨᠢᠭᠡ ᠪᠦᠯᠦᠭ ᠬᠤᠪᠢᠰᠤᠭᠴᠢ ᠲᠤᠭ᠎ᠠ ᠶᠡᠭᠡ ᠂ ᠬᠤᠪᠢᠷᠠᠯᠳᠠ ᠤᠯᠠᠨ ᠠᠭᠤᠯᠭ᠎ᠠ ᠡᠴᠡ ᠵᠠᠶᠢᠯᠠᠰᠬᠢᠪᠡ ᠂ ᠡᠨᠡ ᠨᠢ ᠵᠠᠷᠢᠮ ᠲᠠᠯ᠎ᠠ ᠳ᠋ᠤ ᠲᠤᠳᠠᠭᠳᠠᠯ ᠲᠠᠢ ᠮᠠᠭᠠᠳ ᠃ ᠵᠢᠭᠠᠨ ᠰᠤᠷᠭᠠᠯᠳᠠ ᠶ᠋ᠢᠨ ᠶᠠᠪᠤᠴᠠ ᠳ᠋ᠥ ᠂ ᠪᠠᠭᠰᠢ ᠨᠡᠷ ᠤᠳᠤᠬᠠᠨ ‍ᠤ ᠪᠠᠶᠢᠳᠠᠯ ᠲᠡᠢ ᠤᠶᠠᠯᠳᠤᠭᠤᠯᠵᠤ ᠲᠤᠬᠢᠷᠠᠮᠵᠢᠳᠠᠢ ᠪᠡᠷ ᠦᠷᠭᠡᠳᠬᠡᠨ ᠨᠦᠭᠦᠪᠦᠷᠢᠯᠠᠵᠤ ᠪᠤᠯᠤᠨ᠎ᠠ ᠂ ᠤᠩᠰᠢᠭᠴᠢ ᠨᠠᠶᠢᠵᠠ ᠨᠡᠷ ᠪᠠᠰᠠ ᠦᠪᠡᠰᠦᠪᠡᠨ ᠦᠷᠭᠡᠳᠬᠡᠨ ᠰᠦᠪᠡᠭᠴᠢᠯᠠᠵᠤ ᠪᠤᠯᠤᠨ᠎ᠠ ᠃
   《 ᠡᠯᠢᠭᠡᠨ ᠬᠠᠶᠢᠷᠠᠳᠤ ᠨᠠᠢᠮᠠᠨ 》 ᠨᠢ ᠬᠤᠰᠢᠭᠤᠨ ‍ᠤ ᠪᠠᠶᠢᠳᠠᠯ ‍ᠤᠨ ᠵᠢᠭᠠᠨ ᠰᠤᠷᠭᠠᠬᠤ ᠤᠩᠰᠢᠬᠤ ᠪᠢᠴᠢᠭ ‍ᠤᠨ ᠠᠩᠬᠠᠨ ‍ᠤ ᠭᠡᠪᠯᠡᠯ ᠪᠤᠯᠤᠭᠰᠠᠨ ‍ᠤ ᠬᠤᠪᠢ ᠳ᠋ᠤ ᠂ ᠨᠡᠶᠢᠷᠠᠭᠤᠯᠤᠨ ᠪᠢᠴᠢᠬᠦ ᠶᠠᠪᠤᠴᠠ ᠳ᠋ᠤ ᠂ ᠬᠤᠰᠢᠭᠤᠨ ‍ᠤ ᠨᠡᠮ ‍ᠤᠨ ᠬᠤᠷᠢᠶ᠎ᠠ ᠶ᠋ᠢᠨ ᠠᠯᠪᠠᠨ ᠭᠡᠷ ᠂ ᠵᠠᠰᠠᠭ ‍ᠤᠨ ᠤᠷᠳᠤᠨ ‍ᠤ ᠠᠯᠪᠠᠨ ᠭᠡᠷ ᠂ ᠬᠤᠰᠢᠭᠤᠨ ‍ᠤ ᠬᠤᠶᠢᠴᠢ ᠦᠶ᠎ᠡ ᠶ᠋ᠢᠨ ᠬᠢᠨ ‍ᠢ ᠬᠠᠯᠠᠮᠵᠢᠯᠠᠬᠤ ᠵᠦᠪᠯᠡᠯ ᠂ ᠰᠤᠷᠭᠠᠨ ᠭᠦᠮᠦᠵᠢᠯ ᠪᠡᠶ᠎ᠡ ᠲᠠᠮᠢᠷ ‍ᠤᠨ ᠲᠤᠪᠴᠢᠶ᠎ᠠ ᠬᠢᠭᠡᠳ ᠪᠤᠰᠤᠳ ᠬᠠᠮᠢᠶ᠎ᠠ ᠪᠦᠬᠦᠢ ᠰᠠᠯᠠᠭ᠎ᠠ ᠮᠦᠴᠢᠷ ‍ᠤᠨ ᠰᠠᠨᠠᠯ ‍ᠢ ᠬᠤᠷᠢᠶᠠᠵᠤ ᠂ ᠬᠠᠮᠳᠤ ᠳ᠋ᠤᠨᠢ ᠂ ᠰᠦᠯᠵᠢᠶ᠎ᠡ ᠪᠡᠷ ᠲᠠᠮᠵᠢᠭᠤᠯᠵᠤ ᠨᠤᠮ ‍ᠤᠨ ᠠᠭᠤᠯᠭ᠎ᠠ ᠵᠢ ᠲᠠᠷᠬᠠᠭᠠᠵᠤ ᠂ ᠨᠡᠶᠢᠭᠡᠮ ‍ᠤᠨ ᠡᠯ᠎ᠡ ᠡᠳᠡᠭᠡᠳ ᠡᠴᠡ ᠡᠯ᠎ᠡ ᠲᠠᠯ᠎ᠠ ᠶ᠋ᠢᠨ ᠰᠠᠨᠠᠯ ‍ᠢ ᠬᠤᠷᠢᠶᠠᠪᠠ ᠂ ᠲᠠᠳᠠ ᠨᠠᠷᠢᠨ ᠤᠨᠤᠪᠴᠢᠳᠠᠢ ᠵᠠᠰᠠᠪᠤᠷᠢᠯᠠᠬᠤ  ᠰᠠᠨᠠᠯ ᠲᠤᠷᠠᠳᠴᠤ ᠂ ᠪᠢᠳᠡ ᠰᠠᠨᠠᠯ ᠪᠡ ᠰᠠᠨᠠᠭᠤᠯᠭ᠎ᠠ ᠶᠤᠰᠤᠭᠠᠷ ᠵᠠᠰᠠᠨ ᠨᠠᠶᠢᠷᠠᠭᠤᠯᠪᠠ ᠃ ᠭᠦᠢᠴᠡᠳ ᠪᠤᠰᠤ ᠵᠦᠢᠯ ‍ᠢ ᠠᠭᠤᠴᠢᠯᠠᠬᠤ ᠪᠤᠯᠪᠠᠤ ᠂ ᠲᠤᠰ ᠤᠩᠰᠢᠬᠤ ᠲᠠᠪᠳᠠᠷ ‍ᠢ ᠦᠷᠭᠡᠨ ᠤᠯᠠᠨ ᠪᠠᠭᠰᠢ ᠰᠤᠷᠤᠭᠴᠢᠳ ᠬᠡᠷᠡᠭᠯᠡᠬᠦ ᠶᠠᠪᠤᠴᠠ ᠳ᠋ᠤ  ᠪᠠᠨ ᠵᠠᠰᠠᠨ ᠨᠠᠶᠢᠷᠠᠭᠤᠯᠬᠤ ᠂ ᠨᠦᠬᠦᠪᠦᠷᠢᠯᠡᠬᠦ ᠰᠠᠨᠠᠯ ᠢᠶᠡᠨ ᠲᠠᠰᠤᠷᠠᠯᠳᠠ ᠦᠭᠡᠢ ᠲᠤᠷᠠᠳᠬᠤ ᠵᠢ ᠭᠦᠰᠡᠵᠤ ᠪᠠᠶᠢᠨ᠎ᠠ ᠂ ᠲᠠᠬᠢᠨᠳᠠ ᠭᠡᠪᠯᠡᠬᠦ ᠦᠶ᠎ᠡ ᠳ᠋ᠤ ᠨᠡᠩ ᠪᠦᠷᠢᠨ ᠪᠦᠳᠦᠨ ᠪᠤᠯᠭᠠᠨᠠᠮ ᠃
                                  ᠨᠠᠢᠮᠠᠨ ᠬᠤᠰᠢᠭᠤᠨ ‍ᠤ ᠤᠶᠤᠨ ‍ᠤ ᠪᠤᠯᠪᠠᠰᠤᠨ ‍ᠤ ᠪᠦᠳᠦᠭᠡᠨ ᠪᠠᠶᠢᠭᠤᠯᠤᠯᠳᠠ ᠶ᠋ᠢᠨ ᠺᠤᠮᠢᠰ
                                                             2016 ᠤᠨ ‍ᠤ 2 ᠰᠠᠷ᠎ᠠ
ᠢᠷᠡᠯᠳᠡ᠄ ᠨᠠᠶᠢᠷᠠᠭᠤᠯᠤᠭᠴᠢ᠄ ᠭᠤᠤ ᠾᠤᠢᠩ ᠮᠧᠢ