2017 ᠣᠨ ᠳ᠋ᠤ ᠬᠤᠰᠢᠭᠤ ᠰᠢᠶᠠᠨ ᠤ ᠰᠣᠶᠣᠯ ᠤᠨ ᠣᠷᠳᠤᠨ ᠤ ᠲᠠᠷᠤᠭ᠎ᠠ ᠰᠣᠶᠤᠯ ᠤᠨ ᠭᠤᠤᠯᠯᠠᠭᠴᠢᠳ ᠤᠨ ᠪᠤᠯᠪᠠᠰᠤᠷᠠᠯ ᠤᠨ ᠠᠩᠬᠢ ᠶ᠋ᠢ ᠮᠠᠨ ᠤ ᠬᠤᠰᠢᠭᠤᠨ ᠳ᠋ᠤ ᠲᠤᠬᠢᠷᠠᠭᠤᠯᠵᠠᠢ

ᠣᠩᠰᠢᠭᠰᠠᠨ ᠤᠳᠠᠭ᠎ᠠ ᠄ 3029     ᠨᠡᠶᠢᠳᠡᠯᠡᠭᠰᠡᠨ ᠴᠠᠭ ᠄ 2017/11/23 11:52:58

         ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠵᠣᠷᠢᠭ ᠰᠠᠨᠠᠭ᠎ᠠ ᠶ᠋ᠢ ᠰᠤᠷᠤᠯᠴᠠᠨ ᠲᠤᠤᠱᠯᠠᠭᠤᠯᠵᠤ ᠂ ᠦᠨᠳᠦᠰᠦᠨ ᠱᠠᠳᠤᠨ ᠤ ᠣᠯᠠᠨ  ᠨᠡᠶᠢᠳᠡ ᠶ᠋ᠢᠨ ᠰᠤᠶᠤᠯ ᠤᠨ ᠬᠠᠮᠢᠶᠠᠷᠤᠯᠳᠠ ᠶ᠋ᠢᠨ ᠡᠩᠨᠡᠭᠡ ᠶ᠋ᠢᠨ ᠤᠯᠤᠰ  ᠲᠦᠷᠦ ᠶ᠋ᠢᠨ ᠬᠢᠷᠢ ᠬᠡᠮᠵᠢᠶ᠎ᠡ ᠪᠠ ᠲᠤᠬᠠᠶᠢᠯᠠᠭᠰᠠᠨ ᠠᠵᠢᠯ ᠤᠨ ᠴᠢᠳᠠᠪᠤᠷᠢ ᠶ᠋ᠢ ᠲᠡᠭᠡᠭᠰᠢᠯᠡᠭᠦᠯᠵᠦ ᠂ ᠦᠨᠳᠦᠰᠦᠨ ᠱᠠᠳᠤᠨ  ᠤ ᠣᠯᠠᠨ ᠨᠡᠶᠢᠳᠡ ᠶ᠋ᠢᠨ ᠲᠦᠷᠢᠮᠵᠢᠭᠰᠡᠨ ᠪᠦᠳᠦᠭᠡᠨ ᠪᠠᠶᠢᠭᠤᠯᠤᠯᠳᠠ  ᠶ᠋ᠢ ᠲᠦᠯᠬᠢᠨ ᠠᠬᠢᠭᠤᠯᠵᠤ ᠂ ᠬᠤᠰᠢᠭᠤ ᠰᠢᠶᠠᠨ ᠤ ᠰᠤᠶᠤᠯ ᠤᠨ  ᠣᠷᠳᠤᠨ ᠤ ᠦᠢᠯᠡᠳᠦᠯ ᠢ  ᠤᠯᠠᠮ ᠪᠠᠳᠠᠷᠠᠭᠤᠯᠬᠤ ᠶ᠋ᠢᠨ ᠲᠦᠯᠦᠭᠡ ᠂  ᠲᠦᠩᠯᠢᠶᠤᠤ ᠬᠤᠳᠠ ᠶ᠋ᠢᠨ ᠰᠣᠶᠤᠯ ᠰᠤᠨᠢᠨ ᠬᠡᠪᠯᠡᠯ ᠷᠠᠳᠢᠣ᠋ ᠲᠸᠯᠸᠢᠰ ᠦᠨ ᠲᠤᠪᠴᠢᠶ᠎ᠠ  ᠡᠴᠡ ᠭᠤᠤᠯᠯᠠᠨ ᠡᠷᠬᠢᠯᠡᠵᠦ ᠂ ᠲᠦᠩᠯᠢᠶᠤᠤ ᠬᠤᠳᠠ ᠶ᠋ᠢᠨ ᠣᠯᠠᠨ ᠲᠦᠮᠡᠨ ᠤ ᠤᠷᠠᠯᠢᠭ ᠤᠨ ᠣᠷᠳᠤᠨ ᠡᠴᠡ ᠲᠠᠭᠠᠭᠠᠴᠢᠯᠠᠨ ᠡᠷᠬᠢᠯᠡᠭᠰᠡᠨ2017 ᠣᠨ ᠤ  ᠬᠤᠰᠢᠭᠤ  ᠰᠢᠶᠠᠨ ᠤ  ᠰᠣᠶᠣᠯ ᠤᠨ  ᠣᠷᠳᠤᠨ ᠤ  ᠲᠠᠷᠤᠭ᠎ᠠ  ᠰᠣᠶᠤᠯ ᠤᠨ ᠭᠤᠤᠯᠯᠠᠭᠴᠢᠳ ᠤᠨ ᠪᠤᠯᠪᠠᠰᠤᠷᠠᠯ ᠤᠨ ᠠᠩᠬᠢ ᠶ᠋ᠢ ᠮᠠᠨ ᠤ ᠬᠤᠰᠢᠭᠤᠨ  ᠤ ᠲᠠᠴᠢᠨᠳᠠᠯ᠎ᠠ ᠪᠠᠯᠭᠠᠰᠤᠨ ᠳ᠋ᠤ  ᠲᠤᠬᠢᠷᠠᠭᠤᠯᠵᠠᠢ ᠃

         

          

         


         


           


         


         


         

 

         

 

         


         


         


         


         


         


          ᠲᠤᠰ ᠤᠳᠠᠭᠠᠨ ᠤ  ᠪᠤᠯᠪᠠᠰᠤᠷᠠᠯ ᠤᠨ ᠠᠩᠬᠢ ᠶ᠋ᠢᠨ ᠬᠡᠴᠢᠶᠡᠯᠯᠡᠬᠦ ᠠᠭᠤᠯᠭ᠎ᠠ ᠨᠢ  ᠦᠨᠢᠷ  ᠪᠠᠶᠠᠯᠢᠭ   ᠂  ᠰᠡᠳᠭᠢᠮᠵᠢ ᠲᠤᠳᠤᠷᠬᠠᠢ  ᠂  ᠴᠢᠭᠯᠡᠯᠳᠦ  ᠴᠢᠨᠠᠷ ᠵᠢᠴᠢ ᠦᠢᠯᠡᠳᠦᠯᠭᠡᠴᠢ ᠴᠢᠨᠠᠷ ᠴᠢᠩᠭ᠎ᠠ  ᠪᠠᠶᠢᠵᠤ ᠂  ᠣᠳᠤᠬᠢ ᠱᠠᠳᠤᠨ ᠤ ᠮᠠᠨ ᠤ ᠬᠤᠳᠠᠨ ᠤ ᠦᠨᠳᠦᠰᠦᠨ ᠱᠠᠳᠤᠨ ᠤ ᠰᠤᠶᠤᠯ   ‍ᠤᠨ ᠣᠷᠳᠤᠨ ᠤ ᠠᠵᠢᠯ ᠳ᠋ᠥ  ᠰᠡᠩᠬᠡᠷᠡᠭᠦᠯᠦᠯ  ᠪᠤᠯᠵᠠᠢ ᠃  ᠪᠦᠬᠦ  ᠬᠡᠰᠢᠭᠦᠳ  ᠰᠤᠷᠤᠯᠴᠠᠭᠰᠠᠨ  ᠲᠤᠷᠰᠢᠯᠭ᠎ᠠ ᠪᠠ ᠣᠨᠤᠯ ᠢᠶᠡᠨ  ᠠᠵᠢᠯᠯᠠᠭᠠᠨ ᠳ᠋ᠤ  ᠪᠠᠨ ᠭᠦᠨᠵᠡᠬᠡᠢ ᠲᠤᠤᠱᠯᠠᠭᠤᠯᠵᠤ ᠂  ᠰᠣᠶᠤᠯ ᠤᠨ    ᠢᠳᠡᠭᠡᠯ  ᠵᠤᠷᠢᠭ ᠢᠶᠡᠨ ᠬᠦᠪᠴᠢᠯᠡᠵᠦ  ᠂ ᠤᠭ ᠰᠠᠨᠠᠭ᠎ᠠ ᠪᠠᠨ ᠮᠠᠷᠳᠠᠯ ᠦᠭᠡᠢ  ᠂ ᠡᠭᠦᠷᠭᠡ ᠪᠠᠨ ᠪᠠᠳᠤ  ᠴᠡᠭᠡᠵᠢᠯᠡᠵᠦ ᠂ ᠲᠰᠤᠷᠠᠯᠳᠠ ᠦᠭᠡᠢ ᠰᠤᠶᠤᠯ ᠤᠨ ᠣᠷᠳᠤᠨ ᠤ ᠲᠤᠬᠠᠶᠢᠯᠠᠭᠰᠠᠨ ᠠᠵᠢᠯ ᠤᠨ ᠬᠦᠭᠵᠢᠯᠳᠡ ᠶ᠋ᠢᠨ ᠴᠢᠳᠠᠪᠤᠷᠢ ᠪᠠᠨ  ᠲᠡᠭᠡᠭᠰᠢᠯᠡᠭᠦᠯᠵᠦ ᠂  ᠦᠨᠳᠦᠰᠦᠨ ᠱᠠᠳᠤᠨ ᠤ ᠣᠯᠠᠨ ᠨᠡᠶᠢᠳᠡ ᠶ᠋ᠢᠨ  ᠰᠤᠶᠤᠯ ᠤᠨ ᠦᠢᠯᠡᠴᠢᠯᠡᠭᠡᠨ ᠤ ᠬᠡᠯᠪᠡᠷᠢ  ᠶ᠋ᠢᠨ ᠣᠯᠠᠨ ᠶᠠᠩᠵᠤᠳᠤ  ᠂ ᠠᠭᠤᠯᠭ᠎ᠠ  ᠲᠤᠪᠤᠶᠢᠮ᠎ᠠ  ᠂ ᠤᠯᠠᠨ ᠲᠠᠯ᠎ᠠ  ᠶ᠋ᠢ  ᠬᠠᠮᠤᠷᠠᠬᠤ ᠶ᠋ᠢ ᠪᠡᠶᠡᠯᠡᠭᠦᠯᠵᠦ  ᠂ ᠰᠣᠶᠤᠯ ᠤᠨ  ᠣᠷᠳᠤᠨ ᠢ ᠦᠷᠭᠡᠨ ᠣᠯᠠᠨ ᠠᠷᠡᠳ ᠲᠦᠮᠡᠨ ᠤ  ᠰᠤᠶᠤᠯ ᠤᠷᠠᠯᠢᠭ ᠨᠦᠯᠦᠭᠡᠯᠡᠭᠰᠡᠨ ᠣᠶᠤᠨ ᠤᠬᠠᠭᠠᠨ ᠤ  ᠭᠡᠷ ᠡᠷᠦᠭᠡ ᠵᠢᠴᠢ ᠤᠷᠠᠯᠢᠭ ᠤᠨ ᠬᠦᠳᠡᠯᠭᠡᠭᠡᠨ ᠢ ᠦᠷᠨᠢᠭᠦᠯᠬᠦ ᠰᠤᠶᠤᠯ ᠤᠷᠠᠯᠢᠭ ᠤᠨ ᠴᠡᠩᠭᠡᠯ ᠦᠨ ᠣᠷᠤᠨ  ᠪᠤᠯᠭᠠᠵᠢ ᠃ (ᠭᠤᠤ  ᠾᠤᠢᠩ  ᠮᠧᠢ   ᠮᠡᠳᠡᠭᠡᠯᠡᠪᠡ) 


ᠢᠷᠡᠯᠳᠡ᠄ ᠨᠠᠶᠢᠷᠠᠭᠤᠯᠤᠭᠴᠢ᠄ ᠭᠤᠤ ᠾᠤᠢᠩ ᠮᠧᠢ

ᠬᠠᠮᠢᠶ᠎ᠡ ᠪᠦᠬᠦᠢ ᠰᠣᠨᠢᠨ