《 ᠣᠬᠠᠭᠠᠯᠠᠭᠴᠢ ᠪᠦᠯᠬᠦᠮ 》 ᠶᠠᠳᠠᠭᠣ ᠬᠦᠴᠢᠷᠳᠡᠯᠳᠣ ᠲᠣᠰᠬᠣᠨ ᠳ᠋ᠥ ᠬᠦᠨᠵᠡᠭᠡᠶᠢᠷᠡᠵᠣ ᠵᠦᠪᠯᠡᠭᠴᠢ ᠶ᠋ᠢᠨ ᠦᠢᠯᠡᠳᠣᠯ ᠦᠵᠡᠬᠦᠯᠣᠨ᠎ᠡ

ᠣᠩᠰᠢᠭᠰᠠᠨ ᠤᠳᠠᠭ᠎ᠠ ᠄ 3001     ᠨᠡᠶᠢᠳᠡᠯᠡᠭᠰᠡᠨ ᠴᠠᠭ ᠄ 2017/11/22 16:11:05

          ᠶᠠᠳᠠᠭᠣ ᠬᠦᠴᠢᠷᠳᠡᠯᠳᠣ ᠲᠣᠰᠬᠣᠨ《 ᠣᠬᠠᠭᠠᠯᠠᠭᠴᠢ ᠪᠦᠯᠬᠦᠮ 》 ᠲᠠᠢ ᠪᠠᠶᠢᠵᠣ ᠂ ᠶᠠᠳᠠᠭᠣ ᠡᠷᠣᠭᠡ   《 ᠶᠠᠳᠠᠭᠣ ᠶ᠋ᠢ ᠲᠡᠳᠬᠦᠬᠦ ᠵᠦᠪᠯᠡᠭᠴᠢ 》  ᠲᠠᠢ ᠪᠣᠯᠪᠠ ᠃ ᠦᠨᠣ ᠵᠢᠯ ᠨᠠᠢᠮᠠᠨ ᠬᠣᠰᠢᠭᠣᠨ ‍ᠤ ᠪᠠᠶᠠᠨᠳᠠᠯ᠎ᠠ ᠰᠣᠮᠣ ᠴᠢᠳᠠᠪᠣᠷᠢᠳᠠᠨ ‍ᠤ ᠠᠵᠢᠯ ‍ᠤᠨ ᠭᠣᠣᠯᠳᠠᠯᠭ᠎ᠠ ᠪᠠᠨ ᠦᠢᠯᠡᠴᠢᠯᠡᠭᠡᠨ ᠢᠶᠠᠷ ᠢᠷᠡᠵᠣ ᠶᠠᠳᠠᠭᠣ ᠡᠴᠠ ᠠᠡᠭᠬᠢᠵᠢᠷᠠᠭᠣᠯᠬᠣ  ᠳ᠋ᠥ ᠲᠠᠯᠪᠢᠵᠣ ᠂ ᠪᠣᠳᠠᠳᠠᠢ ᠪᠠᠶᠢᠳᠠᠯ ᠡᠴᠠ ᠪᠠᠨ ᠡᠬᠦᠰᠴᠣ ᠬᠠᠷᠠᠯᠳᠠ ᠪᠠᠨ ᠴᠢᠡᠭᠭ᠎ᠠ ᠪᠠᠷᠢᠵᠣ ᠂ ᠡᠯ᠎ᠡ ᠲᠠᠯ᠎ᠠ ᠶ᠋ᠢᠨ ᠬᠦᠴᠣᠨ ‍ᠢ ᠶᠡᠷᠣᠡᠭᠭᠡᠶᠢᠯᠡᠨ ᠵᠣᠬᠢᠶᠠᠨ ᠪᠠᠶᠢᠭᠣᠯᠵᠣ ᠂ ᠣᠨᠣᠪᠴᠢᠲᠠᠢ ᠶᠠᠳᠠᠭᠣ ᠡᠴᠠ ᠠᠡᠭᠬᠢᠵᠢᠷᠠᠭᠣᠯᠬᠣ ᠶ᠋ᠢ ᠪᠡᠶᠡᠯᠡᠬᠦᠯᠬᠦ ᠬᠠᠷᠠᠯᠳᠠ ᠳ᠋ᠥ ᠪᠠᠨ ᠬᠦᠷᠭᠡᠬᠦ ᠳ᠋ᠣ ᠴᠢᠳᠠᠪᠣᠷᠢᠳᠠᠨ ‍ᠢ ᠪᠠᠳᠣᠯᠠᠵᠣ ᠲᠡᠮᠵᠢᠬᠦ ᠶ᠋ᠢ ᠬᠦᠴᠣᠯᠡᠵᠡᠢ ᠃
          ᠨᠠᠮ ᠵᠠᠰᠠᠭ ‍ᠤᠨ ᠴᠢᠳᠠᠪᠣᠷᠢᠳᠠᠨ ᠲᠣᠯᠣᠭᠠᠶᠢᠯᠠᠨ ᠶᠡᠷᠣᠡᠭᠭᠡᠶᠢᠯᠡᠨ ᠠᠳᠬᠣᠨ᠎ᠠ ᠃ ᠵᠢᠯ ‍ᠤᠨ ᠡᠬᠢᠨ ᠡᠴᠠ ᠨᠠᠰᠢ ᠲᠣᠰ ᠰᠣᠮᠣ ᠶ᠋ᠢᠨ ᠣᠳᠣᠷᠢᠳᠬᠣ ᠺᠠᠳ᠋ᠷ ᠂  ᠵᠠᠭᠣᠨ ᠨᠡᠷᠡᠰ ᠡᠴᠠ ᠲᠡᠭᠡᠭᠰᠢ ᠨᠠᠮ ‍ᠤᠨ ᠬᠡᠰᠢᠬᠦᠳ ᠪᠦᠬᠦ ᠰᠣᠮᠣ ᠶ᠋ᠢᠨ13 ᠲᠣᠰᠬᠣᠨ ᠂ 217 ᠶᠠᠳᠠᠭᠣ ᠬᠦᠴᠢᠷᠳᠡᠯᠳᠣ ᠡᠷᠣᠭᠡ ᠂ 619 ᠨᠡᠷᠡᠰ ᠶᠠᠳᠠᠭᠣ ᠬᠦᠴᠢᠷᠳᠡᠯᠳᠣ ᠬᠦᠮᠣᠰ  ᠲᠠᠢ ᠬᠣᠯᠪᠣᠭᠠᠯᠠᠨ ᠲᠠᠭᠠᠭᠠᠴᠢᠯᠠᠬᠣ ᠡᠬᠦᠷᠭᠡ ᠶ᠋ᠢ ᠬᠦᠯᠢᠶᠡᠨ ᠠᠪᠴᠣ ᠂ ᠡᠯ᠎ᠡ ᠲᠦᠷᠣᠯ ‍ᠤᠨ ᠴᠢᠳᠠᠪᠣᠷᠢᠳᠠᠨ ‍ᠢ ᠵᠠᠭᠠᠯᠳᠣᠭᠣᠯᠣᠨ ᠶᠠᠳᠠᠭᠣ ᠶ᠋ᠢ ᠲᠡᠳᠬᠦᠬᠦ 5 ᠲᠦᠷᠣᠯ ᠵᠣᠶᠢᠯ ᠨᠠᠶᠢᠳᠠᠪᠣᠷᠢᠵᠢᠭᠣᠯᠬᠣ ᠶ᠋ᠢ ᠲᠠᠶᠢᠴᠢᠯᠠᠵᠣ ᠂ ᠣᠯᠠᠨ ᠲᠦᠮᠡᠨ ‍ᠢ ᠬᠠᠪᠰᠣᠷᠣᠨ ᠪᠣᠳᠠᠳᠠᠢ ᠶᠠᠪᠣᠳᠠᠯ ᠰᠠᠶᠢᠨ ᠶᠠᠪᠣᠳᠠᠯ 400 ᠭᠠᠷᠣᠢ ᠬᠢᠵᠡᠢ ᠃ ᠦᠨᠣ ᠵᠢᠯ ᠲᠣᠰ ᠰᠣᠮᠣ ᠶ᠋ᠢᠨ ᠨᠠᠮ ᠵᠠᠰᠠᠭ ‍ᠤᠨ ᠴᠢᠳᠠᠪᠣᠷᠢᠳᠠᠨ ᠣᠨᠣᠪᠴᠢᠲᠠᠢ ᠪᠡᠷ ᠶᠠᠳᠠᠭᠣ ᠶ᠋ᠢ ᠲᠡᠳᠬᠦᠬᠦ ᠰᠢᠪᠳᠣᠯᠣᠯᠳᠠ ᠳ᠋ᠥ ᠨᠠᠮ ‍ᠤᠨ ᠬᠡᠰᠢᠬᠦᠨ ᠵᠢᠱᠢᠶᠡᠴᠢ ᠦᠢᠯᠡᠳᠣᠯ ᠢᠶᠡᠨ ᠪᠠᠳᠠᠷᠠᠭᠣᠯᠵᠣ ᠂ ᠰᠣᠮᠣ ᠶ᠋ᠢᠨ ᠵᠠᠰᠠᠭ ‍ᠤᠨ ᠣᠷᠳᠣᠨ ᠪᠠ ᠨᠠᠮ ‍ᠤᠨ ᠬᠡᠰᠢᠬᠦᠨ ᠺᠠᠳ᠋ᠷᠴᠣᠳ ᠲᠣᠭᠳᠠᠭᠰᠠᠨ ᠴᠢᠭᠯᠡᠯ ᠲᠠᠢ ᠲᠠᠭᠠᠭᠠᠴᠢᠯᠠᠨ ᠬᠣᠯᠪᠣᠭᠠᠯᠠᠬᠣ ᠂ ᠵᠠᠭᠣᠨ ᠨᠡᠷᠡᠰ ᠨᠠᠮ ‍ᠤᠨ ᠬᠡᠰᠢᠬᠦᠳ ᠲᠠᠭᠠᠭᠠᠴᠢᠯᠠᠨ ᠬᠣᠯᠪᠣᠭᠠᠯᠠᠬᠣ ᠶ᠋ᠢ ᠲᠡᠮᠵᠢᠬᠦ ᠠᠷᠭ᠎ᠠ ᠬᠡᠯᠪᠡᠷᠢ ᠪᠡᠷ ᠲᠠᠮᠵᠢᠭᠣᠯᠣᠨ ᠪᠣᠢ ᠪᠦᠬᠦᠢ ᠶᠠᠳᠠᠭᠣ ᠬᠦᠴᠢᠷᠳᠡᠯᠳᠣ ᠡᠷᠣᠭᠡ ᠳ᠋ᠥ ᠪᠦᠷ ᠲᠡᠮᠵᠢᠬᠦ ᠪᠠᠶᠢᠭᠣᠯᠭ᠎ᠠ ᠪᠠ ᠬᠠᠷᠢᠭᠣᠴᠠᠯᠭ᠎ᠠ ᠶ᠋ᠢᠨ ᠬᠦᠮᠣᠨ ᠲᠠᠢ ᠪᠣᠯᠪᠠ ᠃
         ᠨᠣᠳᠣᠭ ‍ᠤᠨ ᠴᠢᠳᠠᠪᠣᠷᠢᠳᠠᠨ ᠵᠢᠱᠢᠶ᠎ᠡ ᠦᠵᠡᠬᠦᠯᠣᠨ ᠲᠠᠶᠢᠴᠢᠯᠠᠨ᠎ᠠ ᠃ ᠰᠢᠪᠡᠭᠡᠳᠣ ᠲᠣᠰᠬᠣᠨ ‍ᠤ ᠡᠯᠡᠰᠣᠨ ᠣᠰᠣᠨ ᠲᠣᠳᠣᠷᠭ᠎ᠠ ᠶ᠋ᠢᠨ  ᠰᠢᠨᠵᠢᠯᠡᠭᠡ ᠰᠣᠳᠣᠯᠣᠯ ‍ᠤᠨ ᠲᠦᠪ ᠂  ᠬᠣᠷᠢᠭᠠᠳ ᠨᠡᠷᠡᠰ ᠶᠠᠳᠠᠭᠣ ᠬᠦᠴᠢᠷᠳᠡᠯᠳᠣ ᠡᠷᠣᠭᠡ ᠪᠣᠶᠢᠵᠢᠭᠣᠯᠵᠣ ᠲᠠᠷᠢᠬᠣ ᠲᠣᠰᠬᠠᠢ ᠮᠡᠷᠭᠡᠵᠢᠯᠳᠡᠨ ᠲᠢᠶᠠᠨ ᠭᠣᠸᠠᠡᠭ  ‍ᠤᠨ ᠢᠷᠡᠬᠦ ᠵᠢᠯ ‍ᠤᠨ ᠴᠠᠭ ᠠᠭᠣᠷ ‍ᠤᠨ ᠪᠠᠶᠢᠳᠠᠯ ᠶᠠᠭᠣ ᠲᠠᠷᠢᠪᠠᠯ  ᠣᠷᠣᠯᠭ᠎ᠠ ᠨᠡᠮᠡᠭᠳᠡᠬᠦ ᠵᠦᠪᠯᠡᠮᠵᠢ ᠶ᠋ᠢ  ᠰᠣᠨᠣᠰᠣᠨ᠎ᠠ ᠃  ᠵᠢᠯ ‍ᠤᠨ ᠡᠬᠢᠨ ᠡᠴᠠ ᠨᠠᠰᠢ ᠂ ᠲᠣᠰ ᠰᠣᠮᠣ ᠡᠯ᠎ᠡ ᠲᠦᠷᠣᠯ ‍ᠤᠨ《 ᠨᠣᠳᠣᠭ ‍ᠤᠨ ᠮᠡᠷᠭᠡᠵᠢᠯᠳᠡᠨ 》   ᠂ 《ᠲᠢᠶᠠᠨ ᠰᠢᠣ ᠼᠠᠢ 》  ᠨᠠᠷᠢᠨ ᠢᠶᠠᠷ ᠣᠭ ᠪᠠᠶᠢᠳᠠᠯ ‍ᠢ ᠨᠢ ᠪᠠᠶᠢᠴᠠᠭᠠᠨ ᠰᠣᠳᠣᠯᠵᠣ ᠮᠡᠳᠡᠭᠡ ᠵᠠᠡᠭᠬᠢᠵᠢᠯᠳᠡ ᠶ᠋ᠢᠨ ᠬᠦᠮᠣᠷᠭᠡ ᠪᠠᠶᠢᠭᠣᠯᠵᠣ ᠂ 30 ᠨᠡᠷᠡᠰ ᠪᠠᠶᠠᠵᠢᠨ ᠴᠢᠨᠡᠭᠡᠯᠢᠭᠵᠢᠬᠦ ᠴᠢᠳᠠᠪᠣᠷᠢᠳᠠᠨ ᠂ ᠨᠦᠯᠣᠭᠡᠯᠡᠬᠦ ᠬᠦᠴᠣᠨ ᠲᠠᠢ 《 ᠨᠣᠳᠣᠭ ‍ᠤᠨ ᠮᠡᠷᠭᠡᠵᠢᠯᠳᠡᠨ 》   ᠂ 《ᠲᠢᠶᠠᠨ ᠰᠢᠣ ᠼᠠᠢ 》 ᠣᠷᠢᠨ ᠬᠡᠷᠡᠭᠯᠡᠵᠣ ᠲᠠᠡᠭᠰᠠ ᠡᠪᠬᠡᠮᠡᠯ ᠪᠠᠶᠢᠭᠣᠯᠣᠭᠰᠠᠨ ᠶᠠᠳᠠᠭᠣ ᠲᠣᠰᠬᠣᠨ  ᠳ᠋ᠥ ᠣᠴᠢᠭᠣᠯᠵᠣ ᠂ ᠣᠯᠠᠨ ᠲᠦᠮᠡᠨ ‍ᠤ  ᠲᠣᠳᠣᠷ᠎ᠠ ᠬᠦᠨᠵᠡᠬᠡᠶᠢᠷᠡᠬᠦᠯᠵᠣ ᠂ ᠲᠡᠳᠡᠨ ‍ᠤ ᠲᠠᠷᠢᠶᠠᠯᠠᠡᠭ ‍ᠤᠨ ᠮᠠᠰᠢᠨ ᠮᠸᠬᠠᠨᠢᠭ ‍ᠢ ᠣᠷᠣᠯᠳᠣᠬᠣ ᠂ ᠣᠨᠴᠠᠯᠢᠭᠳᠣ ᠲᠡᠵᠢᠬᠡᠯ ᠲᠠᠷᠢᠮᠠᠯ ᠂ ᠦᠢᠯᠡᠳᠪᠣᠷᠢᠯᠠᠯ ᠪᠣᠯᠪᠠᠰᠣᠷᠠᠭᠣᠯᠣᠯᠳᠠ ᠶ᠋ᠢ  ᠵᠢᠯᠣᠭᠣᠳᠴᠣ ᠨᠣᠳᠣᠭ ‍ᠤᠨ ᠴᠢᠳᠠᠪᠣᠷᠢᠳᠡᠳ ‍ᠤᠨ ᠦᠢᠯᠡᠳᠣᠯ ‍ᠢ ᠨᠢ ᠪᠠᠳᠠᠷᠠᠭᠣᠯᠵᠡᠢ ᠃ ᠵᠢᠯ ‍ᠤᠨ ᠡᠬᠢᠨ ᠡᠴᠠ ᠨᠠᠰᠢ ᠂ ᠪᠦᠬᠦ ᠰᠣᠮᠣ ᠶ᠋ᠢᠨ 24 ᠬᠦᠳᠡᠭᠡ ᠲᠣᠰᠬᠣᠨ ‍ᠤ ᠠᠵᠣ ᠠᠬᠣᠢ ᠶ᠋ᠢᠨ ᠬᠠᠮᠳᠣᠷᠠᠭᠰᠠᠨ ᠵᠣᠬᠢᠶᠠᠨ ᠪᠠᠶᠢᠭᠣᠯᠣᠯᠳᠠ (ᠨᠡᠶᠢᠬᠡᠮᠯᠢᠭ)   ᠳ᠋ᠥ ᠲᠦᠰᠢᠭᠯᠡᠵᠣ ᠂ 50 ᠨᠡᠷᠡᠰ ᠶᠠᠳᠠᠭᠣ ᠬᠦᠴᠢᠷᠳᠡᠯᠳᠣ ᠡᠷᠣᠭᠡ ᠲᠠᠳᠠᠨ ᠠᠪᠴᠢᠷᠠᠵᠣ ᠬᠡᠰᠢᠬᠦᠨ ᠪᠣᠯᠭᠠᠵᠣ ᠂ 50 ᠬᠦᠮᠦᠨ ᠤ ᠠᠵᠢᠯ ᠣᠯᠭᠣᠯᠳᠠ ᠶ᠋ᠢ ᠪᠡᠶᠡᠯᠡᠬᠦᠯᠵᠣ ᠂ ᠶᠠᠳᠠᠭᠣ ᠬᠦᠴᠢᠷᠳᠡᠯᠳᠣ ᠡᠷᠣᠭᠡ ᠶ᠋ᠢᠨ ᠣᠷᠣᠯᠭ᠎ᠠ ᠪᠠᠨ ᠨᠡᠮᠡᠭᠳᠡᠬᠦᠯᠬᠦ ᠵᠠᠮ ‍ᠢ ᠦᠷᠭᠡᠳᠭᠡᠪᠡ ᠃
           ᠬᠠᠶᠢᠷ᠎ᠠ ᠶ᠋ᠢᠨ ᠰᠡᠳᠬᠢᠯᠳᠣ ᠴᠢᠳᠠᠪᠣᠷᠢᠳᠡᠳ ᠪᠦᠯᠬᠦᠮ ᠪᠠᠶᠢᠭᠣᠯᠣᠨ᠎ᠠ ᠃ ᠦᠨᠣ ᠵᠢᠯ ‍ᠤᠨ ᠲᠣᠯᠣᠭᠠᠨ ᠰᠠᠷ᠎ᠠ ᠶ᠋ᠢᠨ ᠲᠣᠮᠳᠠᠴᠢ ᠪᠡᠷ ᠂ ᠭᠣᠣᠳᠣ ᠲᠣᠰᠬᠣᠨ ᠰᠡᠳᠬᠢᠯ ‍ᠢ ᠲᠣᠯᠠᠭᠠᠴᠠᠭᠣᠯᠬᠣ ᠨᠡᠶᠢᠳᠡ ᠶ᠋ᠢᠨ ᠠᠰᠠᠷᠠᠮᠵᠢ ᠶ᠋ᠢᠨ ᠪᠦᠯᠬᠦᠮ ᠪᠠᠶᠢᠭᠣᠯᠵᠣ ᠂ ᠨᠡᠶᠢᠳᠡ ᠶ᠋ᠢᠨ ᠠᠰᠠᠷᠠᠮᠵᠢ ᠪᠠ ᠪᠣᠶᠠᠨ ‍ᠤ ᠣᠶᠢᠯᠡᠰ ‍ᠢ ᠨᠡᠶᠢᠬᠡᠮ ‍ᠤᠨ ᠬᠠᠶᠢᠷ᠎ᠠ ᠶ᠋ᠢᠨ ᠰᠡᠳᠬᠢᠯᠳᠣ ᠬᠦᠮᠣᠰ ᠰᠠᠶᠢᠨ ᠲᠣᠷᠠᠴᠣᠣᠯ ᠢᠶᠠᠷ ᠪᠦᠷᠢᠯᠳᠣᠭᠰᠡᠨ ᠪᠦᠯᠬᠦᠮ ‍ᠤᠨ ᠬᠡᠰᠢᠬᠦᠳ 64 ᠬᠦᠮᠣᠨ ᠪᠣᠯᠵᠣ ᠂ ᠲᠦᠷᠪᠡ ᠣᠳᠠᠭᠠᠨ ‍ᠤ ᠬᠠᠶᠢᠷ᠎ᠠ ᠶ᠋ᠢᠨ ᠰᠡᠳᠬᠢᠯᠬᠡ ᠪᠠᠨ ᠡᠷᠬᠦᠬᠦ ᠠᠵᠢᠯᠯᠠᠭᠠᠨ ᠶᠠᠪᠣᠭᠣᠯᠵᠣ ᠂ 3 ᠲᠦᠮᠡᠨ ᠲᠦᠬᠦᠷᠢᠭ ᠬᠠᠨᠳᠢᠪᠯᠠᠪᠠ ᠃ ᠲᠣᠰᠬᠣᠨ ‍ᠤ ᠠᠵᠣ ᠠᠬᠣᠶᠢᠯᠠᠯᠳᠠᠨ ᠴᠢᠨ ᡁᠢ 5 ᠡᠷᠣᠭᠡ ᠶᠠᠳᠠᠭᠣ ᠬᠦᠴᠢᠷᠳᠡᠯᠳᠣ ᠡᠷᠣᠭᠡ  ᠳ᠋ᠥ 5000 ᠲᠦᠬᠦᠷᠢᠭ ᠬᠠᠨᠳᠢᠪᠯᠠᠪᠠ ᠃᠂

           ᠨᠡᠶᠢᠳᠡᠯᠢᠭ ᠴᠢᠳᠠᠪᠣᠷᠢᠳᠠᠨ ᠪᠣᠯᠪᠠᠰᠣᠨ ‍ᠢ ᠲᠦᠯᠬᠢᠨ  ᠠᠬᠢᠭᠣᠯᠣᠨ᠎ᠠ ᠃ ᠵᠢᠯ ‍ᠤᠨ ᠡᠬᠢᠨ ᠡᠴᠠ ᠨᠠᠰᠢ ᠂ ᠲᠣᠰ ᠰᠣᠮᠣ ᠵᠠᠯᠭ᠎ᠠ ᠪᠡᠷ ᠣᠶᠣᠨ ᠰᠠᠨᠠᠭ᠎ᠠ ᠪᠡᠷ ᠶᠠᠳᠠᠭᠣ ᠶ᠋ᠢ ᠲᠡᠳᠬᠦᠬᠦ ᠢᠷᠠᠭᠣ ᠠᠯᠳᠠᠷᠳᠣ ᠡᠷᠣᠭᠡ  ᠶ᠋ᠢ ᠬᠢᠨᠠᠨ ᠰᠢᠯᠭᠠᠷᠠᠭᠣᠯᠬᠣ ᠠᠵᠢᠯᠯᠠᠭᠠᠨ ᠦᠷᠨᠢᠬᠦᠯᠵᠣ ᠂ ᠠᠵᠢᠯᠴᠢ ᠠᠷᠪᠢᠴᠢ ᠬᠡᠷ ᠡᠷᠣᠭᠡ ᠪᠠᠨ ᠲᠣᠳᠣᠮᠳᠠᠭᠰᠠᠨ ᠂ ᠠᠬᠠᠮᠠᠳ ᠨᠠᠰᠣᠳᠠᠨ ᠢᠶᠡᠨ ᠬᠦᠨᠳᠣᠯᠡᠵᠣ ᠠᠡᠭᠭ᠎ᠠ ᠨᠢᠯᠬ᠎ᠠ ᠪᠠᠨ ᠬᠠᠶᠢᠷᠠᠯᠠᠭᠰᠠᠨ ᠂ ᠪᠠᠶᠠᠵᠢᠯ ‍ᠤᠨ ᠴᠢᠳᠠᠪᠣᠷᠢᠳᠡᠨ ᠂ ᠣᠶᠢᠯᠡᠰ ᠪᠣᠰᠬᠠᠭᠰᠠᠨ ᠴᠢᠳᠠᠪᠣᠷᠢᠳᠡᠨ ᠵᠡᠷᠭᠡ 13 ᠲᠦᠷᠣᠯ ‍ᠤᠨ 144 ᠡᠷᠣᠭᠡ ᠵᠢᠱᠢᠶᠡᠴᠢ ᠶ᠋ᠢ ᠰᠣᠡᠭᠭᠣᠨ ᠰᠢᠯᠭᠠᠷᠠᠭᠣᠯᠵᠣ ᠂ ᠣᠳᠬ᠎ᠠ ᠣᠷᠠᠯᠢᠭ ‍ᠤᠨ ᠲᠣᠭᠯᠠᠯᠳᠠ ᠭᠠᠷᠭᠠᠬᠣ ᠬᠡᠯᠪᠡᠷᠢ ᠪᠡᠷ ᠢᠷᠠᠭᠣ ᠠᠯᠳᠠᠷᠳᠣ ᠬᠡᠷ ᠪᠦᠯᠢ  ᠳ᠋ᠥ ᠫᠠᠶᠢᠵᠠ ᠱᠠᠡᠭᠨᠠᠨ   ᠬᠦᠬᠢᠬᠦᠯᠵᠣ ᠂ 7 ᠨᠡᠷᠡᠰ ᠵᠢᠱᠢᠶᠡᠴᠢ ᠬᠦᠮᠣᠰ  ‍ᠤᠨ ᠲᠦᠯᠣᠭᠡᠯᠡᠭᠴᠢ ᠪᠡᠷ ᠡᠯ᠎ᠡ ᠲᠣᠰᠬᠣᠨ ᠳ᠋ᠥ ᠢᠯᠡᠳᠭᠡᠯ ᠬᠢᠯᠬᠡᠪᠡ ᠃ ᠮᠸᠡᠭ ᠹᠠᠨ ᠱᠸᠡᠭ ᠪᠣᠯ ᠪᠸᠨ ᠨᠢᠦ ᠦᠬᠡᠷ ᠲᠡᠵᠢᠬᠡᠬᠦ ᠬᠣᠷᠰᠢᠶᠠᠵᠢᠯ ‍ᠤᠨ ᠬᠠᠷᠢᠭᠣᠴᠠᠯᠭᠠᠳᠠᠨ ᠂ ᠦᠨᠣ ᠵᠢᠯ ᠲᠡᠷᠡ《  ᠬᠣᠷᠰᠢᠶᠠᠵᠢᠯ+ ᠶᠠᠳᠠᠭᠣ ᠡᠷᠣᠭᠡ》 ᠬᠡᠬᠦ ᠬᠡᠪ ᠵᠠᠭᠪᠣᠷ ᠢᠶᠠᠷ ᠵᠠᠮᠨᠠᠭᠣᠯᠵᠣ 32 ᠡᠷᠣᠭᠡ ᠣᠨᠣᠪᠴᠢᠲᠠᠢ ᠪᠡᠷ ᠶᠠᠳᠠᠭᠣ ᠶ᠋ᠢ ᠲᠡᠳᠬᠦᠬᠦ ᠡᠷᠣᠭᠡ ᠶ᠋ᠢ ᠬᠠᠪᠰᠣᠷᠴᠣ ᠨᠡᠷ᠎ᠡ ᠨᠢᠳᠡᠷ ᠳ᠋ᠡᠭᠡᠨ ᠲᠣᠬᠢᠷᠠᠭᠰᠠᠨ ᠣᠶᠢᠯᠡᠰ ᠪᠦᠳᠣᠭᠡᠬᠦ ᠶ᠋ᠢᠨ ᠬᠣᠰᠢᠭᠣᠴᠢ ᠪᠣᠯᠣᠭᠰᠠᠨ ᠪᠠᠶᠢᠨ᠎ᠠ ᠃

                                                           (ᠮᠠ  ᠪᠦᠬᠡ   ᠮᠡᠳᠡᠭᠡᠯᠡᠪᠡ  )

ᠢᠷᠡᠯᠳᠡ᠄ ᠨᠠᠶᠢᠷᠠᠭᠤᠯᠤᠭᠴᠢ᠄ ᠭᠤᠤ ᠾᠤᠢᠩ ᠮᠧᠢ

ᠬᠠᠮᠢᠶ᠎ᠡ ᠪᠦᠬᠦᠢ ᠰᠣᠨᠢᠨ