ᠰᠤᠷᠭᠠᠨ ᠬᠦᠮᠦᠵᠢᠯ ᠢ ᠬᠦᠨᠳᠦᠦᠨᠬᠡᠳᠡᠭ —— ᠮᠥᠩᠬᠡ ᠠᠶᠢᠯ

ᠣᠩᠰᠢᠭᠰᠠᠨ ᠤᠳᠠᠭ᠎ᠠ ᠄ 8794     ᠨᠡᠶᠢᠳᠡᠯᠡᠭᠰᠡᠨ ᠴᠠᠭ ᠄ 2017/11/22 15:44:45

           ᠨᠠᠢᠮᠠᠨ ᠬᠤᠰᠢᠭᠣᠨ ᠤ ᠳᠠᠴᠢᠨᠲᠠᠯ᠎ᠠ ᠪᠠᠯᠭᠠᠰᠤᠨ ᠤ ᠮᠥᠩᠬᠡ ᠠᠶᠢᠯ ᠪᠣᠯ ᠣᠤᠯ ᠡᠴᠠ ᠪᠠᠨ ᠰᠤᠷᠭᠠᠨ ᠬᠦᠮᠦᠵᠢᠯ ᠢ ᠬᠦᠨᠳᠦᠦᠨᠬᠡᠨ ᠴᠢᠬᠤᠯᠠᠴᠢᠯᠠᠳᠠᠭ ᠣᠯᠠᠮᠵᠢᠯᠠᠯᠳᠤ ᠤᠳᠤᠮᠰᠢᠯ ᠲᠠᠢ ᠰᠣᠶᠤᠯᠳᠤ ᠠᠶᠢᠯ ᠪᠠᠶᠢᠭ᠎ᠠ ᠶᠤᠮ ᠃
            ᠳᠠᠶᠢᠴᠢᠩ ᠭᠦᠷᠦᠨ ᠦ ᠰᠡᠭᠦᠯᠴᠢ ᠪᠠᠷ ᠳᠠᠷᠤᠢ ᠪᠠᠭᠰᠢ ᠵᠠᠯᠠᠨ ᠭᠡᠷ ᠦᠨ ᠰᠤᠷᠭᠠᠭᠤᠯᠢ ᠡᠷᠬᠢᠯᠡᠵᠦ ᠰᠸᠷᠡᠰᠢ ᠬᠡᠮᠡᠬᠦ ᠨᠡᠷᠡᠳᠥ ᠮᠤᠩᠭᠤᠯ ᠡᠮᠴᠢ ᠭᠠᠷᠴᠦ ᠂ ᠴᠢᠯᠦᠭᠡᠯᠡᠭᠳᠡᠬᠦ ᠡᠴᠡ ᠡᠮᠦᠨ᠎ᠡ ᠠᠪᠤᠷᠠ ᠰᠢᠶᠠᠨᠱᠧᠩ ᠭᠡᠭᠴᠢ ᠪᠠᠶᠢᠵᠤ ᠭᠡᠷ ᠲᠡᠬᠡᠨ ᠬᠡᠦᠬᠡᠳ ᠴᠤᠬᠯᠠᠭᠠᠨ ᠮᠤᠩᠭᠤᠯ ᠬᠢᠲᠠᠳ ᠪᠢᠴᠢᠭ ᠰᠤᠷᠭᠠᠵᠤ ᠪᠠᠶᠢᠬᠰᠠᠨ ᠪᠦᠭᠡᠤᠨ ᠰᠡᠭᠡᠭᠡᠷᠡᠭᠰᠡᠨ ᠪᠢᠴᠢᠭᠲᠡᠨ ᠯᠢ ᠨᠠᠤᠨᠮᠢᠤᠠᠰᠡᠷᠡᠩ ᠭᠡᠷ ᠦᠨ ᠰᠤᠷᠭᠠᠭᠤᠯᠢ ᠡᠷᠬᠢᠯᠡᠵᠦ ᠠᠶᠢᠯ ᠤᠨ ᠬᠡᠦᠬᠡᠳ ᠲᠤ ᠮᠤᠩᠭᠤᠯ ᠦᠰᠦᠭ ᠵᠢᠭᠠᠬᠰᠠᠨ ᠪᠠᠶᠢᠳᠠᠭ ᠃ ᠤᠯᠤᠰ ᠪᠠᠶᠢᠭᠤᠯᠤᠬᠳᠠᠬᠰᠠᠨ ᠤ ᠳᠠᠷᠤᠶᠢᠬᠠᠨ ᠲᠣᠮᠣᠴᠤᠤᠯ ᠤᠨ ᠦᠰᠦᠭ ᠲᠠᠨᠢᠬᠤ ᠣᠷᠣᠢ ᠶ᠋ᠢᠨ ᠰᠤᠷᠭᠠᠭᠤᠯᠢ ᠡᠷᠬᠢᠯᠡᠵᠦ ᠂ ᠴᠠᠭᠠᠨ ᠲᠣᠯᠤᠭᠠᠢ ᠮᠤᠩᠭᠤᠯ ᠦᠰᠦᠭ ᠨᠢᠳᠦᠯᠡᠨ ᠰᠤᠷᠴᠤ ᠬᠡᠳᠦᠨ ᠵᠢᠯ ᠥᠷᠬᠦᠯᠵᠢᠯᠡᠨ ᠨᠠᠰᠤᠨ ᠳ᠋ᠥ ᠬᠦᠷᠦᠭᠰᠡᠳ ᠦᠨ ᠨᠡᠯᠢᠶᠡᠳ ᠣᠯᠠᠩᠬᠢ ᠨᠢ ᠦᠰᠦᠭᠯᠡᠨ  ᠤᠩᠰᠢᠵᠤ ᠴᠢᠳᠠᠬᠤ ᠪᠤᠯᠵᠦ ᠦᠰᠦᠭ ᠦᠨ ᠪᠠᠯᠠᠢ ᠡᠴᠠ ᠠᠩᠭᠢᠵᠢᠷᠠᠬᠰᠠᠨ ᠪᠠᠶᠢᠳᠠᠭ ᠃
           1958ᠣᠨ ᠳ᠋ᠥ ᠂ ᠠᠷᠠᠳ ᠡᠴᠠ ᠡᠷᠬᠢᠯᠡᠭᠰᠡᠨ ᠰᠤᠷᠭᠠᠭᠤᠯᠢ ᠪᠠᠶᠢᠭᠤᠯᠵᠤ ᠂ ᠪᠠᠭᠰᠢ ᠶ᠋ᠢᠨ ᠬᠦᠯᠦᠰᠦ ᠰᠤᠷᠭᠠᠭᠤᠯᠢ ᠶ᠋ᠢᠨ ᠠᠯᠢᠪᠠ ᠬᠡᠷᠡᠭᠰᠡᠯ ᠢ ᠴᠦᠮ ᠪᠦᠬᠦᠨ ᠢ ᠠᠶᠢᠯ ᠡᠴᠠ ᠪᠠᠨ ᠬᠠᠷᠢᠭᠤᠴᠠᠵᠤ 20 ᠭᠠᠷᠤᠢ ᠵᠢᠯ ᠥᠷᠬᠦᠯᠵᠢᠯᠡᠪᠡ ᠃ ᠰᠤᠷᠭᠠᠭᠤᠯᠢ ᠡᠷᠬᠢᠯᠡᠭᠰᠡᠨ ᠡᠬᠢᠨ ᠦ ᠬᠡᠳᠦᠨ ᠵᠢᠯ ᠪᠣᠯ ᠤᠯᠤᠰ ᠭᠦᠷᠦᠨ ᠪᠠ ᠬᠦᠳᠡᠭᠡ ᠲᠣᠰᠬᠤᠨ ᠲᠤᠶᠢᠯ ᠤᠨ ᠭᠠᠴᠢᠬᠳᠠᠯ ᠬᠦᠴᠢᠷᠳᠡᠯ ᠲᠠᠢ ᠴᠠᠭ ᠦᠶ᠎ᠡ ᠪᠠᠶᠢᠬᠰᠠᠨ ᠶᠤᠮ ᠃ ᠲᠡᠶᠢᠮᠦᠷᠬᠦ ᠡᠷᠡᠨ ᠳ᠋ᠥ ᠰᠤᠷᠭᠠᠭᠤᠯᠢ ᠡᠷᠬᠢᠯᠡᠬᠦ ᠭᠡᠭᠴᠢ ᠲᠤᠬᠠᠢ ᠶ᠋ᠢᠨ ᠦᠶ᠎ᠡ ᠶ᠋ᠢᠨ ᠤᠳᠤᠷᠢᠳᠤᠯᠭ᠎ᠠ ᠪᠠ ᠣᠯᠠᠨ ᠲᠦᠮᠡᠨ ᠦ ᠦᠵᠡᠯ ᠤᠬᠠᠮᠰᠠᠷ ᠤᠨ ᠬᠢᠷᠢ ᠲᠥᠪᠰᠢᠨ ᠬᠡᠴᠢᠨᠡᠨ ᠥᠨᠳᠦᠷ ᠪᠣᠯᠬᠤ ᠶ᠋ᠢ ᠬᠢᠯᠪᠠᠷᠬᠠᠨ ᠰᠤᠪᠢᠵᠤ ᠮᠡᠳᠡᠵᠦ ᠪᠣᠯᠬᠤ ᠶᠤᠮ ᠃ 20 ᠭᠠᠷᠤᠢ ᠵᠢᠯ ᠦᠨ ᠲᠣᠷᠰᠢ1 —— 3 ᠪᠠᠭᠰᠢ ᠶ᠋ᠢᠨ ᠴᠠᠯᠢᠩ ᠬᠦᠯᠦᠰᠦ ᠶ᠋ᠢ ᠣᠯᠭᠤᠨ ᠂ ᠰᠤᠷᠭᠠᠭᠤᠯᠢ ᠶ᠋ᠢᠨ ᠭᠡᠷ ᠪᠠᠶᠢᠰᠢᠩ ᠢ 6 ᠤᠳᠠᠭ᠎ᠠ ᠨᠡᠭᠦᠯᠭᠡᠨ ᠰᠢᠨᠡᠦᠨᠬᠡᠵᠦ ᠂ ᠰᠤᠷᠭᠠᠭᠤᠯᠢ ᠳ᠋ᠥ 1000 ᠮᠦ ᠣᠢ ᠶ᠋ᠢᠨ ᠭᠠᠵᠠᠷ ᠶᠡᠭᠦᠯᠡᠨ ᠥᠭᠴᠡᠢ ᠃ 1994 ᠣᠨ ᠳ᠋ᠥ ᠣᠤᠯ ᠤᠨ 7 ᠲᠠᠰᠤᠯᠭ᠎ᠠ ᠲᠣᠭᠤᠰᠬᠠᠨ ᠪᠠᠶᠢᠰᠢᠩ ᠢᠶᠡᠨ ᠥᠷᠭᠡᠦᠨᠬᠡᠨ ᠠᠶᠢᠯ ᠲᠣᠰᠬᠤᠨ ᠤ ᠣᠯᠠᠨ ᠲᠦᠮᠡᠨ ᠵᠣᠭᠣᠰ ᠮᠥᠩᠭᠥ ᠂ ᠡᠳ᠋ ᠪᠤᠳᠠᠰ ᠂ ᠬᠣᠨᠢ ᠢᠮᠠᠭ᠎ᠠ ᠂ ᠨᠣᠮ ᠳᠠᠪᠳᠡᠷ ᠂ ᠬᠦᠴᠦ ᠬᠦᠳᠡᠯᠮᠦᠷᠢ ᠵᠡᠷᠭᠡ ᠣᠯᠠᠨ ᠲᠠᠯ᠎ᠠ ᠪᠠᠷ ᠢᠳᠡᠪᠬᠢᠲᠡᠢ ᠳᠡᠮᠵᠢᠵᠦ14 ᠲᠠᠰᠤᠯᠭ᠎ᠠ ᠪᠤᠯᠭᠠᠵᠤ ᠪᠦᠷᠢᠨ ᠪᠠᠭ᠎ᠠ ᠰᠤᠷᠭᠠᠭᠤᠯᠢ ᠡᠷᠬᠢᠯᠡᠨ 10 ᠭᠠᠷᠤᠢ ᠵᠢᠯ ᠥᠷᠭᠦᠯᠵᠢᠯᠡᠭᠰᠡᠨ ᠪᠠᠶᠢᠨ᠎ᠠ ᠃

           ᠡᠨᠲᠡ ᠡᠴᠡ ᠤᠷᠢᠳ ᠬᠣᠵᠢᠳ 100 ᠭᠠᠷᠤᠢ ᠤᠶᠤᠲᠠᠨ ᠴᠣᠯᠭᠤᠷᠠᠵᠤ ᠂ ᠲᠦᠮᠡᠨ ᠳ᠋ᠡᠬᠡᠨ ᠬᠦᠷᠢᠶᠡᠯᠡᠯᠲᠡᠢ ᠰᠢᠶᠠᠨ ᠤ ᠨᠣᠶᠠᠨ ᠂ ᠲᠦᠷᠦ ᠶ᠋ᠢᠨ ᠱᠠᠩᠨᠠᠯᠳᠤ ᠤᠯᠤᠰ ᠤᠨ ᠠᠯᠪᠠᠲᠠᠨ ᠂ ᠣᠨᠴᠠ ᠲᠡᠰ ᠦᠨ ᠪᠠᠭᠰᠢ ᠂ ᠡᠷᠬᠢᠯᠡᠭᠴᠢ ᠨᠠᠶᠢᠷᠠᠭᠤᠯᠤᠬᠴᠢ ᠵᠡᠷᠭᠡ ᠡᠷᠳᠡᠮᠲᠡᠨ ᠴᠢᠳᠠᠪᠤᠷᠢᠲᠠᠨ ᠭᠠᠷᠴᠤ ᠪᠤᠢ ᠃ 

                                                                          ᠯᠢ ᠪᠤᠶᠠᠨᠴᠤᠭᠯᠠ

ᠢᠷᠡᠯᠳᠡ᠄ ᠨᠠᠶᠢᠷᠠᠭᠤᠯᠤᠭᠴᠢ᠄ ᠭᠤᠤ ᠾᠤᠢᠩ ᠮᠧᠢ