《 ᠮᠥᠩᠭᠥᠨ ᠭᠣᠤᠯ ᠤᠨ ᠳᠡᠨᠵᠢᠨ ᠳ᠋ᠡᠬᠢ ᠮᠥᠩᠬᠡ ᠠᠶᠢᠯ 》 ᠬᠡᠮᠡᠬᠦ ᠨᠣᠮ ᠤᠨ ᠡᠮᠦᠨᠡᠬᠢ ᠦᠭᠡ

ᠣᠩᠰᠢᠭᠰᠠᠨ ᠤᠳᠠᠭ᠎ᠠ ᠄ 3208     ᠨᠡᠶᠢᠳᠡᠯᠡᠭᠰᠡᠨ ᠴᠠᠭ ᠄ 2017/11/21 10:41:16

             ᠪᠣᠷᠤᠬᠵᠢᠭᠤᠨ ᠲᠡᠦᠬᠡ ᠪᠠᠷ ᠢᠶᠡᠨ ᠬᠣᠷᠸ᠎ᠠ ᠳ᠋ᠥ ᠲᠠᠨᠢᠬᠳᠠᠵᠤ ᠂ ᠪᠣᠯᠪᠠᠰᠤᠨ ᠰᠣᠶᠤᠯ ᠢᠶᠠᠷ ᠢᠶᠡᠨ ᠬᠦᠮᠦᠰ  ᠲᠤ ᠭᠠᠶᠢᠬᠠᠬᠳᠠᠵᠤ ᠶᠠᠪᠤᠬᠤ ᠨᠢ ᠮᠠᠨ ᠤ ᠮᠥᠩᠬᠡ ᠠᠶᠢᠯ ᠤᠨ ᠨᠢᠭᠡ ᠤᠳᠤᠮᠰᠢᠯ ᠪᠠᠶᠢᠭ᠎ᠠ ᠶᠤᠮ ᠃
            ᠮᠥᠩᠬᠡ ᠠᠶᠢᠯ ᠤᠨ ᠤᠶᠢᠯᠠᠯᠭ᠎ᠠ ᠪᠣᠯᠤᠬᠰᠠᠨ 《 ᠮᠥᠩᠭᠥᠨ ᠭᠣᠤᠯ ᠤᠨ ᠳᠡᠨᠵᠢᠨ ᠳ᠋ᠡᠬᠢ ᠮᠥᠩᠬᠡ ᠠᠶᠢᠯ 》 ᠬᠡᠮᠡᠬᠦ ᠨᠣᠮ  ᠬᠠᠮᠢᠶ᠎ᠠ ᠪᠦᠬᠦᠢ ᠬᠦᠮᠦᠰ ᠦᠨ ᠬᠠᠯᠠᠭᠤᠨ ᠳᠡᠮᠵᠢᠯᠭᠡ ᠂ ᠰᠢᠷᠭᠠᠭᠤ ᠴᠢᠷᠮᠠᠶᠢᠯᠭ᠎ᠠ ᠂ ᠴᠦᠬᠦᠷᠡᠰᠢ ᠦᠭᠡᠢ ᠣᠷᠤᠯᠳᠤᠯᠭ᠎ᠠ ᠪᠠᠷ ᠳᠠᠮᠵᠢᠨ ᠠᠶᠢᠯ ᠤᠨ ᠬᠦᠮᠦᠰ ᠂ ᠣᠩᠰᠢᠬᠴᠢ ᠣᠯᠠᠨ ᠯᠤᠭ᠎ᠠ ᠠᠵᠠ ᠢᠪᠡᠭᠡᠨ ᠵᠣᠯᠭᠠᠬᠤ ᠪᠣᠯᠤᠯ᠎ᠠ ᠃
            ᠮᠤᠩᠭᠤᠯ ᠰᠣᠶᠣᠯ ᠤᠨ ᠪᠠᠶᠠᠨ ᠰᠠᠩ ᠳ᠋ᠥ ᠥᠪ ᠨᠡᠮᠡᠷᠢᠯᠡᠵᠦ ᠂ ᠮᠥᠩᠬᠡ ᠬᠦᠮᠦᠰ ᠦᠨ ᠮᠡᠷᠭᠡᠨ ᠬᠣᠶᠢᠴᠢᠰ  ᠲᠤ ᠬᠦᠷᠲᠡᠭᠡᠮᠵᠢ ᠪᠤᠶᠤ ᠠᠰᠢᠬᠯᠠᠮᠵᠢ ᠪᠣᠯᠭᠠᠵᠤ ᠂ ᠠᠯᠢ ᠴᠢᠳᠠᠬᠤᠶᠢᠴᠠ ᠮᠥᠩᠬᠡ ᠬᠦᠮᠦᠰ ——  ᠮᠠᠩᠬᠠᠨ  ᠨᠤᠳᠣᠭ ᠤᠨ ᠢᠶᠡᠨ ᠰᠣᠶᠣᠯ ᠵᠠᠩᠰᠢᠯ ᠤᠨ ᠠᠭᠤᠯᠬᠤᠨ ᠢ ᠢᠯᠡᠷᠡᠭᠦᠯᠵᠦ ᠂ ᠮᠥᠩᠬᠡ ᠬᠦᠮᠦᠰ —— ᠮᠤᠩᠭᠤᠯ ᠦᠨᠳᠦᠰᠦᠳᠡᠨ ᠦ ᠰᠡᠦᠨᠬᠢᠯ ᠵᠣᠷᠢᠭ ᠢ ᠲᠣᠳᠤᠷᠠᠭᠤᠯᠬᠤ ᠪᠠᠷ ᠵᠣᠷᠢᠬᠰᠠᠨ ᠪᠣᠯ ᠲᠣᠰ ᠤᠶᠢᠯᠠᠯᠭ᠎ᠠ ᠨᠣᠮ ᠢ ᠡᠮᠬᠢᠦᠨᠬᠡᠨ ᠨᠠᠶᠢᠷᠠᠭᠤᠯᠵᠤ ᠂ ᠬᠡᠪᠯᠡᠭᠦᠯᠦᠨ ᠳᠠᠷᠬᠠᠭᠠᠬᠰᠠᠨ ᠤ ᠴᠣᠷ ᠤᠨ ᠭᠠᠭᠴᠠ ᠦᠨᠡᠨ ᠰᠠᠨᠠᠭ᠎ᠠ ᠤᠭ ᠵᠣᠷᠢᠯᠲᠠ ᠪᠠᠶᠢᠭ᠎ᠠ ᠶᠤᠮ ᠃
            ᠮᠤᠩᠭᠤᠯ ᠬᠦᠮᠦᠨ ᠤᠳᠤᠮ ᠤᠬᠰᠠᠭ᠎ᠠ ᠂ ᠦᠶ᠎ᠡ ᠵᠠᠯᠭᠠᠮᠵᠢ ᠪᠠᠨ ᠠᠯᠢ ᠴᠢᠳᠠᠬᠤᠶᠢᠴᠠ ᠮᠡᠳᠡᠵᠦ ᠶᠠᠪᠤᠬᠤ ᠶ᠋ᠢ ᠮᠠᠭᠠᠳ ᠵᠣᠷᠢᠳᠠᠭ ᠮᠦᠷᠲᠡᠭᠡᠨ ᠡᠪᠦᠭᠡ ᠳᠡᠭᠡᠳᠦᠰ ᠦᠨ ᠢᠶ᠋ᠡᠨ ᠠᠣᠭ᠎ᠠ ᠵᠣᠷᠢᠭ ᠂ ᠠᠭᠣᠤ ᠤᠶᠢᠯᠡᠰ ᠢ ᠠᠮᠠᠯᠳᠠᠨ ᠵᠠᠯᠭᠠᠮᠵᠢᠯᠠᠬᠤ ᠠᠷᠢᠭᠤᠨ ᠨᠠᠨᠳᠢᠨ ᠵᠠᠩᠰᠢᠯ ᠲᠠᠢ ᠪᠠᠶᠢᠳᠠᠭ ᠃ ᠡᠶᠢᠨᠬᠦ ᠲᠣᠰ ᠨᠣᠮ ᠳ᠋ᠥ ᠠᠯᠢ ᠴᠢᠳᠠᠬᠤ ᠪᠠᠷ ᠡᠷᠲᠡ ᠡᠳᠦᠬᠡ ᠮᠥᠩᠬᠡ ᠨᠤᠳᠣᠭ ᠲᠤ ᠠᠮᠢᠳᠤᠷᠠᠵᠤ ᠪᠠᠶᠢᠬᠰᠠᠨ ᠬᠡᠨ ᠪᠦᠬᠦᠨ ᠦ ᠠᠷᠢᠭᠤᠨ ᠤᠶᠢᠯᠡᠰ ᠂ ᠠᠯᠳᠠᠷ ᠮᠦᠷ ᠢ ᠲᠡᠷᠡ ᠬᠡᠪ ᠢᠶ᠋ᠡᠷ ᠨᠢ ᠂ ᠦᠨᠡᠨ ᠮᠠᠭᠠᠳ ᠢᠶᠠᠷ ᠲᠣᠳᠤᠷᠠᠭᠤᠯᠬᠤ ᠶ᠋ᠢ ᠵᠣᠷᠢᠬᠰᠠᠨ ᠠᠨᠤ ᠨᠣᠮ ᠪᠦᠳᠦᠭᠡᠬᠦ ᠶ᠋ᠢ ᠰᠠᠨᠠᠭᠠᠴᠢᠯᠠᠨ ᠰᠡᠳᠦᠵᠦ ᠨᠠᠶᠢᠷᠠᠭᠤᠯᠤᠨ ᠬᠡᠪᠯᠡᠭᠦᠯᠦᠭᠰᠡᠨ ᠬᠦᠮᠦᠨ ᠪᠦᠬᠦᠨ ᠦ ᠦᠨᠡᠨ ᠰᠡᠦᠨᠬᠢᠯ ᠪᠠᠶᠢᠭ᠎ᠠ ᠶᠤᠮ ᠃
           ᠮᠠᠨ ᠤ ᠮᠥᠩᠬᠡ ᠠᠶᠢᠯ ᠪᠣᠯ ᠮᠥᠩᠭᠥᠨ ᠭᠣᠤᠯ ᠤᠨ ᠲᠤᠩᠭᠠᠯᠠᠭ ᠤᠷᠤᠰᠬᠠᠯ ᠲᠠᠢ ᠂ ᠮᠥᠩᠬᠡ ᠣᠪᠤᠭᠠᠨ ᠤ ᠰᠢᠳᠦᠭᠡᠨ ᠲᠠᠬᠢᠯᠭ᠎ᠠ ᠲᠠᠢ ᠂ ᠪᠣᠮᠠᠨ ᠮᠠᠯ ᠲᠠᠢ ᠪᠠᠶᠠᠨ ᠭᠠᠷᠤᠬᠰᠠᠨ ᠲᠣᠮᠤᠬᠳᠤ ᠣᠷᠤᠨ ᠂ ᠪᠣᠳᠤᠯᠭ᠎ᠠ ᠰᠠᠶᠢᠲᠠᠢ ᠰᠢᠶᠠᠨ ᠤ ᠨᠣᠶᠠᠨ ᠮᠡᠨᠳᠦᠯᠡᠭᠰᠡᠨ ᠲᠠᠷᠬᠠᠨ ᠣᠷᠤᠨ ᠪᠠᠶᠢᠭ᠎ᠠ ᠶᠤᠮ ᠃ ᠠᠳᠤᠭᠤ ᠮᠠᠯ ᠤᠨ ᠥᠨᠢᠷ ᠥᠰᠦᠯᠳᠡ ᠲᠠᠢ ᠂ ᠠᠮᠢ ᠠᠬᠤᠢ ᠶ᠋ᠢᠨ ᠰᠠᠬᠤᠯᠢᠭ ᠪᠦᠷᠬᠦᠴᠡ ᠲᠠᠢ ᠂ ᠥᠪ ᠰᠣᠶᠣᠯ ᠳ᠋ᠥ ᠪᠠᠨ ᠢᠲᠡᠭᠡᠯ ᠬᠠᠶᠢᠷ᠎ᠠ ᠲᠠᠢ ᠂ ᠥᠲᠡᠯᠦᠭᠡ ᠵᠠᠯᠠᠭᠤᠰ ᠦᠵᠡᠯ ᠰᠠᠶᠢᠲᠠᠢ ᠠᠵᠤ ᠲᠦᠷᠦᠭᠰᠡᠨ ᠵᠠᠭᠤ ᠭᠠᠷᠤᠢ ᠵᠢᠯ ᠦᠨ ᠪᠣᠯᠪᠠᠰᠤᠨ ᠲᠡᠦᠬᠡ ᠲᠠᠢ ᠠᠶᠢᠯ ᠪᠣᠯᠤᠨ᠎ᠠ ᠃ ᠭᠠᠵᠠᠷ ᠳᠣᠤᠷ᠎ᠠ ᠨᠢ ᠴᠢᠯᠠᠭᠤᠨ ᠲᠣᠰᠣᠨ ᠠᠭᠤᠷᠬᠠᠢ ᠲᠠᠢ ᠂ ᠭᠠᠳᠠᠷᠭᠤ ᠳᠡᠭᠡᠷ᠎ᠡ ᠨᠢ ᠲᠦᠷᠦᠯ ᠣᠯᠠᠨ ᠤᠷᠭᠤᠮᠠᠯ ᠲᠠᠢ ᠡᠩ ᠦᠨ ᠪᠣᠰᠤ ᠡᠯᠡᠰᠦᠨ ᠨᠤᠳᠣᠭ ᠶᠤᠮ ᠡ ᠃ ᠡᠨᠳᠡ ᠡᠴᠡ ᠤᠯᠤᠰ ᠭᠦᠷᠦᠨ ᠂ ᠣᠷᠤᠨ ᠨᠤᠳᠣᠭ ᠲᠤ ᠪᠠᠨ ᠥᠯᠡᠮᠵᠢ ᠵᠢᠦᠨᠬᠦᠯ ᠲᠠᠢ ᠨᠡᠷ᠎ᠡ ᠨᠥᠯᠦᠭᠡᠳᠦ ᠬᠦᠮᠦᠰ ᠂ ᠥᠨᠳᠥᠷ ᠰᠤᠷᠤᠯᠭ᠎ᠠ ᠶ᠋ᠢᠨ ᠨᠠᠮᠲᠠᠷ ᠲᠠᠢ ᠥᠷᠭᠡᠨ ᠳᠡᠯᠭᠡᠷ ᠮᠡᠳᠡᠯᠭᠡ ᠲᠠᠢ ᠣᠶᠤᠲᠠᠨ ᠰᠡᠭᠡᠭᠡᠲᠡᠨ ᠠᠯᠢ ᠣᠯᠠᠨ ᠴᠣᠯᠭᠤᠷᠠᠬᠰᠠᠨ ᠪᠤᠶᠤ ᠴᠣᠯᠭᠤᠷᠠᠵᠤ ᠪᠠᠶᠢᠭ᠎ᠠ ᠰᠣᠶᠤᠯᠳᠤ ᠲᠣᠰᠬᠤᠨ ᠪᠠᠶᠢᠭ᠎ᠠ ᠶᠤᠮ ᠃
           ᠲᠡᠦᠬᠡᠨ ᠲᠡᠮᠳᠡᠭᠯᠡᠯ ᠢ ᠦᠨᠳᠦᠰᠦᠯᠡᠪᠡᠯ ᠂ ᠮᠥᠩᠬᠡ ᠠᠶᠢᠯ ᠨᠢ ᠳᠠᠶᠢᠴᠢᠩ ᠭᠦᠷᠦᠨ ᠦ ᠰᠡᠭᠦᠯᠴᠢ ᠶ᠋ᠢᠨ ᠦᠶ᠎ᠡ ᠶ᠋ᠢᠨ ᠳ᠋ᠸᠽᠣᠢᠩ ᠬᠠᠭᠠᠨ ᠽᠠᠢ ᠲᠢᠶᠠᠨ ᠤ ᠪᠠᠳᠠᠷᠠᠭᠤᠯᠲᠤ ᠲᠦᠷᠦ ᠶ᠋ᠢᠨ ᠣᠨ ᠤ ᠦᠶᠡᠰ  ᠲᠤ ᠠᠶᠢᠯ ᠪᠣᠯᠣᠨ ᠪᠦᠷᠢᠯᠳᠦᠵᠦ ᠂ 《 ᠡᠮᠡᠭᠡᠨ ᠠᠶᠢᠯ 》  ᠬᠡᠮᠡᠨ ᠨᠡᠷᠡᠶᠢᠦᠨᠴᠦ ᠂ ᠵᠡᠭᠦᠨ ᠪᠠ ᠡᠮᠦᠨ᠎ᠡ ᠲᠠᠯ᠎ᠠ ᠪᠠᠷ ᠢᠶᠡᠨ ᠲᠣᠬᠣᠢ ᠲᠠᠯ᠎ᠠ ᠲᠠᠢ ᠵᠠᠯᠭᠠᠯᠳᠤᠵᠤ ᠂ ᠪᠠᠷᠠᠭᠤᠨ ᠪᠠ ᠣᠮᠠᠷ᠎ᠠ ᠲᠡᠰᠢ ᠪᠠᠨ ᠪᠡᠷᠬᠡ ᠵᠢᠯᠠᠭ᠎ᠠ ᠥᠷᠬᠦᠯᠵᠢᠯᠡᠵᠦ ᠂ ᠬᠠᠶᠢᠯᠠᠰᠤᠨ ᠰᠢᠭᠤᠢ ᠶ᠋ᠢᠨ ᠪᠠᠷᠲᠠᠭ᠎ᠠ ᠲᠠᠢ ᠂ ᠬᠠᠷᠬᠢᠯ ᠤᠨ ᠣᠢ ᠶ᠋ᠢᠨ ᠪᠡᠷᠬᠡ ᠲᠠᠢ ᠂ ᠤᠳᠠᠨ ᠲᠥᠩ ᠦᠨ ᠪᠡᠯᠴᠢᠭᠡᠷ ᠲᠠᠢ ᠂ ᠤᠯᠢᠶᠠᠰᠤ ᠪᠤᠷᠭᠠᠰᠤ ᠪᠠᠶᠠᠯᠢᠭ ᠲᠠᠢ 《 ᠭᠣᠷᠪᠠᠨ ᠰᠠᠶᠢᠬᠠᠨ ᠤ ᠪᠡᠷᠬᠡ  》ᠶ᠋ᠢᠨ ᠡᠮᠦᠨ᠎ᠡ ᠡᠩᠭᠡᠷ ᠲᠡᠬᠢ ᠬᠠᠷᠢᠶ᠎ᠠ ᠣᠷᠤᠨ ᠪᠠᠶᠢᠬᠰᠠᠨ ᠶᠤᠮ ᠃ ᠵᠡᠭᠦᠨ ᠬᠣᠶᠠᠷ ᠵᠣᠪᠬᠢᠰ  ᠲᠤ ᠲᠣᠯᠴᠢᠨ ᠂ ᠳ᠋ᠡ ᠯᠢᠦ  ᠱᠤ᠋ ᠬᠡᠮᠡᠬᠦ ᠬᠣᠶᠠᠷ ᠬᠢᠲᠠᠳ ᠠᠶᠢᠯ ᠯᠤᠭ᠎ᠠ ᠬᠢᠯᠢᠯᠡᠵᠦ ᠂ ᠪᠣᠰᠣᠤᠨ ᠵᠢᠷᠭᠤᠭᠠᠨ ᠵᠦᠭ ᠲᠣᠷ ᠮᠤᠩᠭᠤᠯ ᠠᠶᠢᠯ ᠲᠠᠢ ᠬᠦᠷᠰᠢᠯᠡᠭᠰᠡᠨ ᠲᠠᠪᠤᠨ ᠲᠦᠮᠡ ᠭᠠᠷᠤᠢ ᠮᠦ ᠲᠠᠯᠠᠪᠠᠢ ᠪᠦᠬᠦᠢ ᠡᠯᠡᠰᠦᠷᠬᠡᠭ ᠭᠠᠵᠠᠷ ᠢ ᠡᠭᠡᠨᠡᠭᠲᠡ ᠲᠠᠭᠠᠲᠠᠶᠢᠬᠠᠨ ᠡᠵᠡᠯᠡᠭᠰᠡᠨ ᠂ ᠨᠠᠢᠮᠠᠨ ᠬᠣᠰᠢᠭᠤᠨ ᠤ ᠲᠥᠪ ᠬᠦᠢᠰᠦ ᠪᠣᠯᠤᠬᠰᠠᠨ ᠳᠠᠴᠠ ᠶ᠋ᠢᠨ ᠲᠠᠯ᠎ᠠ ᠪᠠᠯᠭᠠᠰᠤᠨ ᠡᠴᠠ ᠭᠤᠴᠢᠭᠠᠳ ᠭᠠᠵᠠᠷ ᠵᠠᠶᠢᠲᠠᠢ ᠵᠢᠰᠢᠭᠦᠦ ᠵᠡᠭᠦᠨ ᠬᠣᠶᠢᠳᠦ ᠵᠦᠭ ᠲᠠᠢ ᠪᠠᠶᠢᠷᠢᠰᠢᠵᠤ ᠂ ᠪᠡᠭᠡᠵᠢᠩ ᠡᠴᠡ ᠴᠢᠴᠢᠬᠠᠷ ᠬᠦᠷᠬᠦ  ᠤᠯᠤᠰ ᠤᠨ111 ᠵᠠᠰᠠᠮᠠᠯ ᠵᠠᠮ ᠤᠨ ᠱᠣᠭᠤᠮ ᠤᠨ ᠠᠷᠤ ᠳ᠋ᠥ ᠠᠷᠪᠠᠨ ᠬᠣᠶᠠᠷ ᠭᠠᠵᠠᠷ ᠵᠠᠶᠢᠳᠠᠭᠤ ᠣᠷᠤᠰᠢᠵᠤ  ᠪᠠᠶᠢᠭ᠎ᠠ ᠴᠣᠯ  ᠮᠤᠩᠭᠤᠯ ᠠᠶᠢᠯ ᠪᠠᠶᠢᠭ᠎ᠠ ᠶᠤᠮ ᠃
           ᠮᠠᠨ ᠤ ᠡᠨᠡ ᠣᠷᠤᠨ ᠠᠯᠢ ᠡᠷᠲᠡ ᠳ᠋ᠡᠬᠡᠨ ᠵᠡᠭᠦᠨ ᠯᠢᠶᠣᠤ ᠤᠯᠤᠰ ᠤᠨ ᠬᠠᠷᠢᠶᠠᠨ ᠳ᠋ᠠᠬᠢ ᠭᠢᠳᠠᠨᠴᠣᠤᠨ ᠤᠨ ᠡᠵᠡᠮᠰᠢᠯ ᠣᠷᠤᠨ ᠪᠠᠶᠢᠵᠦ ᠂ ᠠᠶᠢᠯ ᠤᠨ ᠬᠠᠷᠢᠶ᠎ᠠ ᠬᠠᠪᠢ ᠳ᠋ᠥ ᠪᠠᠶᠢᠩ (八营) ᠂ ᠤᠯᠠᠭᠠᠨ ᠦᠬᠦᠲᠡᠯ ( ᠤᠯᠠᠭᠠᠨ ᠤᠰᠤᠲᠤ )ᠮᠡᠳᠥ ᠶ᠋ᠢᠨ ᠭᠠᠵᠠᠷ ᠤᠨ ᠨᠡᠷᠡᠶᠢᠳᠦᠯ ᠪᠠᠶᠢᠬᠤ ᠡᠴᠠ ᠠᠵᠢᠪᠠᠯ ᠂ ᠮᠢᠩᠭᠠᠨ ᠣᠨ ᠤ ᠡᠮᠦᠨ᠎ᠡ ᠡᠨᠲᠡ ᠴᠡᠷᠢᠭ ᠦᠨ ᠬᠤᠸᠠᠷᠠᠨ ᠰᠠᠭᠤᠷᠢᠰᠢᠵᠤ ᠂ ᠳᠠᠶᠢᠨ ᠤ ᠲᠠᠯᠠᠪᠤᠷ ᠪᠣᠯᠵᠤ ᠪᠠᠶᠢᠬᠰᠠᠨ ᠠᠵᠢ ᠃ ᠰᠡᠭᠦᠯ ᠦᠨ ᠦᠶ᠎ᠡ ᠳ᠋ᠥ ᠠᠲᠠᠷᠰᠢᠨ ᠪᠡᠷᠬᠡᠰᠢᠵᠦ ᠂ ᠠᠷᠢᠶᠠᠲᠠᠨ ᠠᠮᠢᠲᠠᠨ ᠤᠯᠠᠰᠢᠷᠠᠵᠤ ᠂ ᠬᠠᠷ᠎ᠠ ᠵᠢᠯᠠᠭ᠎ᠠ ᠂ ᠬᠠᠷ᠎ᠠ ᠰᠣᠭᠣ ᠂ ᠪᠠᠷᠰ ᠲᠦᠷᠦᠭᠰᠡᠨ ᠪᠤᠯᠤᠩ ᠂ ᠭᠤᠷ᠎ᠠ ᠶ᠋ᠢᠨ ᠠᠯᠭᠠᠭ ᠂ ᠰᠠᠬᠤᠯᠢᠭ ᠤᠨ ᠥᠨᠳᠦᠷ ᠂ ᠳᠢᠶᠠᠨᠴᠢ ᠶ᠋ᠢᠨ ᠨᠠᠭᠤᠷ ᠮᠡᠳᠥ ᠶ᠋ᠢᠨ ᠭᠠᠵᠠᠷ ᠤᠨ ᠨᠡᠷᠡᠶᠢᠳᠦᠯ ᠪᠤᠢ ᠪᠣᠯᠵᠤ ᠂ ᠬᠦᠮᠦᠨ ᠬᠠᠷ᠎ᠠ ᠲᠦᠷᠦᠭᠦᠳᠡᠨ ᠬᠡᠰᠡᠭ ᠦᠶ᠎ᠡ ᠬᠣᠪᠤᠷᠳᠠᠵᠤ ᠴᠦᠬᠡᠷᠡᠭᠰᠡᠨ ᠲᠦᠯᠦᠪ ᠲᠠᠢ ᠃ ᠠᠶᠢᠯ ᠤᠨ ᠬᠠᠷᠢᠶᠠᠨ ᠳ᠋ᠥ ᠬᠢᠲᠠᠳ ᠤᠨ ᠨᠤᠳᠣᠭ ᠂ ᠯᠣᠤ ᠪᠠᠨᠽᠢ ᠶ᠋ᠢᠨ ᠨᠤᠳᠣᠭ  ᠮᠡᠳᠥ ᠶ᠋ᠢᠨ ᠭᠠᠵᠠᠷ ᠤᠨ ᠨᠡᠷ᠎ᠡ ᠪᠠᠶᠢᠬᠤ ᠪᠠ ᠨᠠᠰᠤᠲᠠᠶᠢᠴᠤᠳ ᠤᠨ ᠨᠡᠷ᠎ᠡ ᠨᠢ ᠨᠡᠯᠢᠶᠡᠳ ᠣᠯᠠᠨ ᠬᠢᠲᠠᠳ ᠭᠠᠷᠤᠯ ᠲᠠᠢ ᠨᠡᠷ᠎ᠡ ᠪᠠᠶᠢᠵᠤ ᠂ ᠬᠢᠲᠠᠳ ᠠᠶᠢᠯ ᠯᠤᠭ᠎ᠠ ᠬᠣᠶᠠᠷ ᠭᠤᠷᠪᠠᠬᠠᠨ ᠭᠠᠵᠠᠷ ᠤᠨ ᠵᠠᠶᠢᠲᠠᠢ ᠨᠤᠳᠤᠬᠰᠢᠨ ᠰᠠᠭᠤᠷᠢᠰᠢᠬᠰᠠᠨ ᠵᠡᠷᠭᠡ ᠲᠠᠯ᠎ᠠ ᠲᠠᠯ᠎ᠠ ᠶ᠋ᠢᠨ ᠰᠢᠯᠲᠠᠭᠠᠨ ᠡᠴᠠ ᠪᠣᠯᠵᠤ ᠂ ᠡᠨᠲᠡᠬᠢ ᠬᠦᠮᠦᠰ ᠬᠢᠲᠠᠳ ᠣᠷᠤᠨ ᠤ ᠲᠠᠷᠢᠶᠠᠯᠠᠬᠤ ᠰᠣᠶᠣᠯ ᠤᠨ ᠨᠦᠯᠦᠭᠡ ᠶ᠋ᠢ ᠡᠷᠲᠡ ᠬᠦᠷᠲᠡᠭᠰᠡᠨ ᠪᠠᠶᠢᠳᠠᠭ ᠃ ᠡᠶᠢᠨᠬᠦ ᠶᠡᠬᠡ ᠬᠠᠮᠳᠣ ᠶ᠋ᠢᠨ ᠦᠶ᠎ᠡ ᠳ᠋ᠥ ᠲᠠᠪᠤᠨ ᠲᠠᠷᠢᠶ᠎ᠠ ᠶ᠋ᠢ ᠲᠡᠭᠰᠢ ᠪᠠᠷ ᠲᠠᠷᠢᠵᠤ ᠂ ᠪᠤᠳᠠᠭᠠᠨ ᠳᠥᠨ ᠪᠤᠰᠬᠠᠵᠤ  ᠥᠩᠭᠡᠷᠡᠭᠰᠡᠨ ᠲᠡᠦᠬᠡ ᠲᠠᠢ ᠪᠠᠶᠢᠵᠤ ᠂ ᠦᠭᠡ ᠬᠡᠯᠡ ᠬᠣᠯᠢᠮᠠᠭ ᠂ ᠬᠣᠪᠴᠠᠰᠤ ᠵᠠᠰᠠᠯ ᠶᠡᠷᠦᠮᠳᠡᠭ ᠪᠠᠶᠢᠳᠠᠭ ᠃
          ᠡᠨᠳᠡᠬᠢ ᠬᠦᠮᠦᠰ ᠦᠨ ᠦᠵᠡᠯ ᠰᠠᠨᠠᠭ᠎ᠠ ᠡᠷᠲᠡ ᠤᠬᠠᠮᠰᠠᠷᠠᠵᠤ ᠂ ᠨᠤᠳᠣᠭ ᠤᠰᠤ ᠪᠠᠨ ᠴᠣᠬᠴᠠᠯᠠᠬᠤ ᠬᠦᠳᠡᠭᠡ ᠲᠣᠰᠬᠤᠨ ᠤ ᠨᠡᠶᠢᠭᠡᠮ ᠵᠢᠷᠦᠮᠲᠦ ᠪᠦᠳᠦᠭᠡᠨ ᠪᠠᠶᠢᠭᠤᠯᠤᠯᠳᠠ ᠳ᠋ᠥ ᠢᠳᠡᠪᠬᠢᠯᠡᠨ ᠣᠷᠤᠯᠴᠠᠬᠰᠠᠨ ᠪᠠᠶᠢᠳᠠᠭ ᠃ ᠨᠠᠢᠮᠠᠨ ᠬᠤᠰᠢᠭᠣᠨ ᠳ᠋ᠥ  ᠬᠠᠮᠤᠭ ᠤᠷᠢᠳᠠᠪᠠᠷ ᠠᠩᠬᠠᠨ ᠤ ᠪᠦᠯᠥᠭ ᠬᠠᠪᠰᠤᠷᠤᠯᠴᠠᠬᠤ ᠳᠤᠭᠤᠶᠢᠯᠠᠩ ᠢ ᠪᠠᠶᠢᠭᠤᠯᠵᠤ ᠂ ᠬᠠᠮᠳᠤᠷᠠᠯ ᠬᠤᠷᠰᠢᠶᠠᠵᠢᠯ ᠢ ᠪᠡᠶᠡᠯᠡᠭᠦᠯᠵᠡᠢ ᠃ 1954 ᠣᠨ  ᠳ᠋ᠥ ᠨᠠᠢᠮᠠᠨ ᠬᠤᠰᠢᠭᠣᠨ ᠤ ᠠᠩᠬᠠᠳᠤᠭᠠᠷ ᠬᠣᠭᠤᠴᠠᠭᠠᠨ ᠤ ᠠᠷᠠᠳ ᠤᠨ ᠲᠦᠯᠦᠭᠡᠯᠡᠭᠴᠢᠦᠨ  ᠤᠨ ᠶᠡᠬᠡ ᠬᠤᠷᠠᠯ ᠳ᠋ᠥ ᠠᠷᠪᠠᠨ ᠲᠣᠯᠤᠭᠠᠬᠠᠨ ᠡᠷᠦᠬᠡ ᠲᠠᠢ ᠵᠢᠵᠢᠭᠬᠡᠨ ᠡᠯᠡᠰᠦᠨ ᠨᠤᠳᠣᠭ ᠤᠨ ᠮᠤᠩᠭᠤᠯ ᠠᠶᠢᠯ ᠡᠴᠠ ᠲᠡᠮᠦᠷᠪᠣᠯᠣᠳ ᠂ ᠵᠢᠩᠰᠢ ᠬᠣᠶᠠᠷ ᠲᠦᠯᠦᠭᠡᠯᠡᠭᠴᠢ ᠰᠤᠩᠭᠤᠬᠳᠠᠨ ᠣᠷᠤᠯᠴᠠᠵᠤ ᠂ ᠠᠶᠢᠯ ᠡᠷᠦᠭᠡ ᠶ᠋ᠢᠨ ᠢᠶ᠋ᠡᠨ ᠠᠯᠳᠠᠷ ᠨᠡᠷ᠎ᠡ ᠶ᠋ᠢ ᠮᠠᠨᠳᠤᠭᠤᠯᠵᠦ ᠶᠠᠪᠤᠬᠰᠠᠨ ᠃
          ᠰᠣᠶᠣᠯ ᠰᠤᠷᠭᠠᠨ ᠬᠦᠮᠦᠵᠢᠯ ᠢ ᠬᠦᠨᠳᠦᠦᠨᠬᠡᠨ ᠴᠢᠬᠤᠯᠠᠴᠢᠯᠠᠬᠤ ᠪᠣᠯ ᠮᠥᠩᠬᠡ ᠠᠶᠢᠯ ᠤᠨ ᠬᠡᠳᠦᠨ ᠦᠶ᠎ᠡ ᠶ᠋ᠢᠨ ᠬᠦᠮᠦᠰ ᠦᠨ ᠲᠣᠪᠤᠶᠢᠮ᠎ᠠ ᠣᠨᠴᠠᠯᠢᠭ ᠂ ᠪᠠᠷᠢᠮᠲᠠᠯᠠᠵᠤ ᠢᠷᠡᠭᠰᠡᠨ ᠨᠠᠨᠳᠢᠨ ᠤᠳᠤᠮᠰᠢᠯ ᠪᠣᠯᠤᠬᠰᠠᠨ ᠪᠠᠶᠢᠳᠠᠭ ᠃ ᠳᠣᠮᠳᠠᠳᠤ ᠢᠷᠭᠡᠨ ᠤᠯᠤᠰ ᠤᠨ ᠦᠶ᠎ᠡ ᠳ᠋ᠥ ᠭᠡᠷ ᠪᠦᠯᠢ ᠳ᠋ᠡᠬᠡᠨ ᠪᠠᠭᠰᠢ ᠵᠠᠯᠠᠬᠤ ᠪᠤᠶᠤ ᠰᠡᠭᠡᠭᠡᠷᠡᠭᠰᠡᠨ ᠪᠢᠴᠢᠭᠳᠡᠨ ᠬᠦᠮᠦᠰ ᠭᠡᠷ ᠦᠨ ᠰᠤᠷᠭᠠᠭᠤᠯᠢ ᠡᠷᠬᠢᠯᠡᠵᠦ ᠂ ᠦᠷ᠎ᠡ ᠬᠡᠦᠬᠡᠳ ᠲᠡᠬᠡᠨ ᠪᠤᠶᠤ ᠠᠶᠢᠯ ᠠᠶᠢᠮᠠᠭ ᠤᠨ ᠰᠤᠷᠬᠤ ᠲᠤᠷᠠᠲᠠᠢ ᠬᠡᠦᠬᠡᠳ ᠲᠤ ᠦᠨᠳᠦᠰᠦᠳᠡᠨ ᠦ ᠪᠠᠨ ᠦᠰᠦᠭ ᠪᠢᠴᠢᠭ ᠢ ᠠᠯᠢ ᠪᠣᠯᠬᠤ ᠪᠠᠷ ᠰᠤᠷᠭᠠᠵᠤ ᠪᠠᠶᠢᠬᠰᠠᠨ ᠤᠯᠠ ᠮᠦᠷ ᠳᠤᠷᠠᠶᠢᠨ᠎ᠠ ᠃ ᠡᠶᠢᠨᠬᠦ ᠤᠯᠤᠰ ᠪᠠᠶᠢᠭᠤᠯᠤᠬᠳᠠᠬᠤ ᠡᠴᠠ ᠡᠮᠦᠨ᠎ᠡ ᠳᠠᠷᠤᠢ ᠮᠥᠩᠬᠡ ᠠᠶᠢᠯ ᠳ᠋ᠥ 《 ᠰᠢᠶᠠᠨᠱᠧᠩ 》 ᠴᠣᠯᠠ ᠲᠠᠢ ᠪᠢᠴᠢᠭᠲᠡᠨ ᠭᠠᠷᠤᠬᠰᠠᠨ ᠪᠠᠶᠢᠳᠠᠭ ᠃ ᠳᠡᠭᠡᠷ᠎ᠡ ᠵᠠᠭᠤᠨ ᠤ ᠲᠠᠪᠢᠭᠠᠳ ᠣᠨ ᠤ ᠰᠡᠭᠦᠯᠴᠢ ᠪᠠᠷ ᠠᠷᠠᠳ ᠡᠴᠠ ᠡᠷᠬᠢᠯᠡᠭᠰᠡᠨ ᠰᠤᠷᠭᠠᠭᠤᠯᠢ ᠪᠠᠶᠢᠭᠤᠯᠵᠤ ᠠᠯᠢᠪᠠ ᠵᠠᠷᠤᠳᠠᠯ ᠰᠦᠢᠦᠨᠬᠡᠯ ᠢ ᠠᠶᠢᠯ ᠡᠴᠠ ᠪᠠᠨ ᠬᠠᠷᠢᠭᠤᠴᠠᠨ ᠂ ᠬᠡᠰᠡᠭ ᠦᠶ᠎ᠡ ᠠᠷᠠᠳ ᠡᠴᠠ ᠡᠷᠬᠢᠯᠡᠭᠰᠡᠨ 2 ——3 ᠪᠠᠭᠰᠢ ᠶ᠋ᠢ ᠲᠣᠬᠢᠷᠠᠭᠤᠯᠤᠨ ᠴᠠᠯᠢᠩ ᠬᠦᠯᠦᠰᠦ ᠣᠯᠭᠤᠨ ᠦᠷ᠎ᠡ ᠬᠡᠦᠬᠡᠳ ᠲᠡᠬᠡᠨ ᠪᠢᠴᠢᠭ ᠨᠣᠮ ᠰᠤᠷᠭᠠᠬᠤ ᠶ᠋ᠢ ᠵᠣᠷᠢᠭᠤᠳᠠ ᠵᠣᠷᠢᠵᠤ ᠪᠠᠶᠢᠬᠰᠠᠨ ᠶᠤᠮ ᠃ ᠡᠨᠡ ᠨᠢ ᠬᠡᠳᠦᠶᠢᠪᠡᠷ ᠬᠡᠪ ᠦᠨ ᠦᠵᠡᠭᠳᠡᠯ ᠰᠢᠭ ᠬᠦᠮᠦᠰ  ᠲᠤ ᠰᠠᠨᠠᠬᠳᠠᠬᠤ ᠪᠣᠯᠪᠠᠴᠤ ᠰᠡᠦᠨᠬᠢᠯᠴᠢᠯᠡᠨ ᠰᠠᠶᠢᠬᠠᠨ ᠪᠣᠳᠤᠬᠤᠶ᠎ᠠ ᠶᠡᠷᠦ ᠪᠣᠰᠤ ᠶ᠋ᠢᠨ ᠶᠠᠪᠤᠳᠠᠯ ᠪᠠᠶᠢᠵᠤ ᠂ ᠣᠷᠣᠨ ᠨᠤᠳᠣᠭ ᠤᠨ ᠢᠷᠡᠭᠡᠳᠦᠢ ᠳ᠋ᠥ ᠬᠠᠷᠢᠭᠤᠴᠠᠬᠰᠠᠨ ᠂ ᠦᠷ᠎ᠡ ᠬᠡᠦᠬᠡᠳ ᠲᠡᠬᠡᠨ ᠬᠠᠷᠢᠭᠤᠴᠠᠬᠰᠠᠨ ᠂ ᠮᠤᠩᠭᠤᠯ ᠰᠣᠶᠣᠯ ᠳ᠋ᠥ ᠪᠠᠨ ᠬᠠᠷᠢᠭᠤᠴᠠᠬᠰᠠᠨ ᠶᠡᠬᠡ ᠤᠴᠢᠷ ᠪᠣᠯᠵᠤ ᠲᠠᠭᠠᠷᠠᠨ᠎ᠠ ᠃ ᠡᠶᠢᠨᠬᠦ ᠲᠤᠬᠠᠢ ᠶ᠋ᠢᠨ ᠦᠶ᠎ᠡ ᠶ᠋ᠢᠨ ᠤᠳᠤᠷᠢᠳᠤᠯᠭ᠎ᠠ ᠨᠠᠷ ᠤᠨ ᠥᠨᠳᠦᠷ ᠤᠬᠠᠮᠰᠠᠷ ᠪᠠ ᠣᠯᠠᠨ ᠲᠦᠮᠡᠨ ᠦ ᠠᠭᠣᠤ ᠤᠬᠠᠭᠠᠨ ᠢ ᠦᠨᠡᠬᠡᠷ ᠦᠨᠡᠯᠡᠭᠦᠰᠢᠲᠡᠢ ᠶᠤᠮ ᠂ ᠪᠢᠰᠢᠷᠡᠭᠦᠰᠢᠲᠡᠢ ᠶᠤᠮ ᠂ ᠮᠠᠬᠲᠠᠭᠤᠰᠢᠲᠠᠢ ᠶᠤᠮ ᠂ ᠲᠡᠮᠳᠡᠭᠯᠡᠭᠦᠰᠢᠲᠡᠢ ᠶᠤᠮ  ᠡ ᠃
          ᠡᠨᠡ ᠬᠦ 《 ᠮᠦᠩᠭᠦᠨ ᠭᠣᠤᠯ ᠤᠨ ᠲᠡᠨᠵᠢᠨ ᠳ᠋ᠡᠬᠢ ᠮᠥᠩᠬᠡ ᠠᠶᠢᠯ 》 ᠬᠡᠮᠡᠬᠦ ᠤᠶᠢᠯᠠᠯᠭ᠎ᠠ ᠨᠣᠮ ᠪᠣᠯ ᠲᠣᠰ ᠠᠶᠢᠯ ᠤᠨ ᠰᠣᠶᠣᠯ ᠲᠡᠦᠬᠡ ᠶ᠋ᠢᠨ ᠲᠡᠮᠳᠡᠭᠯᠡᠯ ᠦᠨ ᠪᠦᠷᠢᠨ ᠲᠥᠭᠦᠷ ᠪᠣᠰᠤ ᠴᠦ ᠪᠣᠲᠠᠲᠠᠢ ᠶ᠋ᠢ ᠬᠠᠷᠠᠭᠤᠯᠬᠤ ᠪᠠᠷ ᠵᠣᠷᠢᠬᠰᠠᠨ ᠠᠩᠬᠠᠨ ᠤ ᠡᠮᠬᠢᠦᠨᠬᠡᠯ ᠪᠣᠯᠬᠤ ᠶᠤᠮ ᠃ ᠠᠶᠢᠯ ᠲᠣᠰᠬᠤᠨ ᠤ ᠦᠷ᠎ᠡ ᠬᠣᠶᠢᠴᠢᠰ ᠮᠠᠨᠢ ᠂ ᠡᠨᠳᠡ ᠡᠴᠡ ᠶᠠᠭᠤ ᠨᠢᠭᠡ ᠶ᠋ᠢ ᠮᠡᠳᠡᠨ ᠠᠪᠴᠤ ᠂ ᠡᠴᠢᠭᠡ ᠳᠡᠭᠡᠳᠦᠰ ᠲᠡᠬᠡᠨ ᠡᠨᠡᠷᠢᠯ ᠭᠦᠢᠴᠡᠦᠨᠬᠡᠵᠦ ᠂ ᠦᠷ᠎ᠡ ᠬᠣᠶᠢᠴᠢᠰ  ᠲᠤ ᠪᠠᠨ ᠬᠠᠷᠢᠭᠤᠴᠠᠯᠭ᠎ᠠ ᠡᠭᠦᠷᠭᠡᠯᠡᠨ ᠂ ᠬᠥᠲᠡᠭᠡ ᠠᠶᠢᠯ ᠤᠨ ᠢᠶᠡᠨ ᠬᠦᠭᠵᠢᠯ ᠪᠠᠳᠠᠷᠠᠯ ᠳ᠋ᠥ ᠬᠦᠴᠦᠨ ᠴᠢᠳᠠᠯ ᠂ ᠣᠶᠣᠨ ᠤᠬᠠᠭᠠᠨ ᠢᠶᠡᠨ ᠡᠷᠭᠦᠵᠦ ᠶᠠᠪᠤᠭᠠᠷᠠᠢ  ᠃
          ᠠᠵᠢᠯ ᠤᠶᠢᠯᠡᠰ ᠲᠤ ᠪᠠᠨ ᠰᠢᠮᠳᠠᠨ ᠂ ᠠᠮᠢᠳᠤᠷᠠᠯ ᠠᠬᠤᠢ ᠪᠠᠨ ᠬᠠᠶᠢᠷᠠᠯᠠᠵᠤ ᠂ ᠡᠵᠡᠨ ᠬᠦᠮᠦᠨ ᠦ ᠣᠪᠤᠷ ᠢᠶᠠᠷ ᠡᠬᠡ ᠨᠤᠳᠣᠭ ᠢᠶᠡᠨ ᠬᠦᠭᠵᠢᠭᠦᠯᠵᠦ ᠂ ᠦᠨᠳᠦᠰᠦᠳᠡᠨ ᠤᠬᠰᠠᠭᠠᠲᠠᠨ ᠤ ᠪᠠᠨ ᠢᠷᠡᠭᠡᠳᠦᠢ ᠶ᠋ᠢᠨ ᠲᠦᠯᠦᠭᠡ ᠡᠷᠡᠯᠬᠡᠭᠯᠡᠨ ᠲᠡᠮᠡᠴᠡᠵᠦ ᠂ ᠦᠶ᠎ᠡ ᠤᠯᠠᠮᠵᠢᠯᠠᠨ ᠪᠠᠶᠠᠷ ᠵᠢᠷᠭᠠᠯᠳᠤ ᠪᠠᠶᠠᠨ ᠲᠠᠩᠰᠤᠭ ᠠᠮᠢᠳᠤᠷᠠᠯ ᠢ ᠡᠳ᠋ᠯᠡᠵᠦ ᠤᠷᠳᠤ ᠨᠠᠰᠤᠯᠠᠵᠤ ᠤᠳᠠᠭᠠᠨ ᠵᠢᠷᠭᠠᠬᠤ ᠪᠣᠯᠳᠤᠭᠠᠢ ᠃
         ᠦᠶ᠎ᠡ ᠦᠶ᠎ᠡ ᠶ᠋ᠢᠨ ᠦᠷᠡᠰ ᠮᠠᠨᠢ  ᠂ ᠲᠦᠷᠦᠵᠦ ᠥᠰᠦᠭᠰᠡᠨ ᠥᠯᠦᠭᠡᠢ ᠨᠤᠳᠣᠭ ᠂ ᠲᠦᠷᠦᠯ ᠰᠠᠳᠤᠨ ᠤᠬᠰᠠᠭ᠎ᠠ ᠠᠶᠢᠮᠠᠭ ᠂ ᠦᠭᠡ ᠬᠡᠯᠠ ᠦᠰᠦᠭ ᠪᠢᠴᠢᠭ ᠂ ᠥᠪ ᠰᠣᠶᠣᠯ ᠦᠦᠭᠡ ᠲᠡᠦᠬᠡ ᠪᠠᠨ ᠬᠡᠵᠢᠶ᠎ᠡ ᠶᠠᠭᠠᠬᠢᠬᠰᠠᠨ ᠴᠦ ᠮᠠᠷᠲᠠᠵᠤ ᠶᠠᠭ ᠪᠣᠯᠬᠤ ᠦᠭᠡᠢ ᠶᠤᠮ ᠃ ᠲᠡᠭᠦᠨ ᠢᠶ᠋ᠡᠨ ᠮᠡᠲᠡᠵᠦ ᠂ ᠬᠠᠮᠠᠭᠠᠯᠠᠵᠤ ᠂  ᠵᠠᠯᠭᠠᠮᠵᠢᠯᠠᠵᠤ ᠂ ᠣᠯᠠᠮᠵᠢᠯᠠᠵᠤ ᠂ ᠳᠠᠮᠵᠢᠭᠤᠯᠵᠤ ᠂ ᠬᠦᠭᠵᠢᠭᠦᠯᠵᠦ ᠂ ᠮᠠᠨᠳᠤᠭᠤᠯᠵᠦ ᠶᠠᠪᠤᠬᠤ ᠬᠡᠷᠡᠭᠲᠡᠢ ᠃
         ᠤᠩᠰᠢᠬᠴᠢ ᠪᠦᠬᠦᠨ ᠦ ᠬᠡᠰᠢᠭ ᠪᠤᠶᠠᠨ ᠨᠢ ᠲᠡᠯᠭᠡᠷᠡᠵᠦ ᠬᠡᠢ ᠮᠣᠷᠢ ᠴᠢᠨᠢ ᠮᠠᠨᠳᠤᠬᠤ ᠪᠤᠯᠳᠤᠭᠠᠢ ᠃

         ᠲᠠ ᠪᠦᠬᠦᠨ ᠳ᠋ᠥ ᠨᠣᠮ ᠤᠨ ᠴᠠᠭᠠᠨ ᠪᠤᠶᠠᠨ ᠣᠷᠤᠰᠢᠬᠤ ᠪᠣᠯᠳᠤᠭᠠᠢ ᠃


                                                                              ᠯᠢ ᠪᠤᠶᠠᠨᠴᠤᠭᠯᠠ



ᠢᠷᠡᠯᠳᠡ᠄ ᠨᠠᠶᠢᠷᠠᠭᠤᠯᠤᠭᠴᠢ᠄ ᠭᠤᠤ ᠾᠥᠩ ᠮᠸᠢ